| ᠠᠮᠧᠷᠢᠺᠡ ᠶᠢᠨ ᠬᠠᠷᠸᠠᠷᠳ᠋ ᠶᠡᠭᠡ ᠰᠤᠷᠭᠠᠭᠤᠯᠢ ᠶᠢᠨ ᠰᠡᠳᠬᠢᠴᠡ ᠵᠦᠢ ᠶᠢᠨ ᠤᠬᠠᠭᠠᠨ ᠤ ᠡᠷᠳᠡᠮᠲᠡᠨ | ᠰᠢᠢᠸ᠋ᠯᠢ᠂ ᠺᠠᠱᠧᠨ ᠬᠠᠮᠤᠭ ᠰᠢᠨ᠎ᠡ ᠰᠤᠳᠤᠯᠭᠠᠨ ᠳᠠᠭᠠᠨ ᠢᠯᠡᠷᠡᠭᠦᠯᠦᠭᠰᠡᠨ ᠢᠶᠠᠷ᠂ ᠠᠳᠠᠯᠢ ᠪᠤᠰᠤ ᠴᠠᠭ ᠲᠤ ᠪᠡᠶ᠎ᠡ ᠪᠠᠨ | ᠤᠭᠢᠶᠠᠬᠤ ᠨᠢ ᠠᠳᠠᠯᠢ ᠪᠤᠰᠤ ᠦᠷ᠎ᠡ ᠳ᠋ᠦᠩ ᠢ ᠪᠤᠢ ᠪᠤᠯᠭᠠᠳᠠᠭ᠃ ᠬᠡᠷᠪᠡ ᠳᠠᠷᠤᠭᠠᠰᠤ ᠪᠠᠨ ᠬᠦᠩᠭᠡᠯᠡᠬᠦ ᠪᠤᠶᠤ ᠨᠢᠭᠡ | ᠡᠳᠦᠷ ᠤᠨ ᠠᠵᠢᠯ ᠢᠶᠠᠨ ᠠᠮᠵᠢᠯᠲᠠ ᠳᠦᠭᠦᠷᠡᠩ ᠪᠤᠯᠭᠠᠶ᠎ᠠ ᠭᠡᠪᠡᠯ ᠦᠷᠯᠦᠭᠡ ᠡᠷᠲᠡ ᠪᠡᠶ᠎ᠡ ᠪᠠᠨ ᠤᠭᠢᠶᠠᠬᠤ ᠶᠢ | ᠰᠤᠩᠭᠤᠵᠤ ᠪᠤᠯᠤᠨ᠎ᠠ᠃ ᠰᠤᠳᠤᠯᠭᠠᠲᠠᠳ ᠨᠢᠭᠡ ᠪᠦᠯᠦᠭ ᠰᠠᠶᠢᠨ ᠳᠤᠷᠠᠴᠤᠳ ᠢ ᠴᠤᠭᠯᠠᠭᠤᠯᠵᠤ᠂ ᠲᠡᠳᠡᠨ ᠤ ᠡᠳᠦᠷ | ᠪᠤᠯᠭᠠᠨ ᠤ ᠪᠡᠶ᠎ᠡ ᠪᠠᠨ ᠤᠭᠢᠶᠠᠬᠤ ᠴᠠᠭ ᠢᠶᠠᠷ ᠨᠢ ᠠᠳᠠᠯᠢ ᠪᠤᠰᠤ ᠳᠤᠭᠤᠶᠢᠯᠠᠩ ᠬᠤᠪᠢᠶᠠᠭᠰᠠᠨ ᠤ ᠬᠠᠮᠲᠤ᠂ | ᠠᠰᠠᠭᠤᠯᠲᠠ ᠶᠢᠨ ᠬᠠᠭᠤᠳᠠᠰᠤ ᠶᠢᠨ ᠪᠠᠶᠢᠴᠠᠭᠠᠯᠲᠠ ᠪᠠᠷ ᠳᠠᠮᠵᠢᠭᠤᠯᠤᠨ ᠲᠡᠳᠡᠨ ᠤ ᠠᠵᠢᠯ ᠤᠨ ᠪᠠᠶᠢᠳᠠᠯ ᠢ ᠨᠢ | ᠤᠶᠢᠯᠠᠭᠠᠭᠰᠠᠨ ᠤ ᠳ᠋ᠦᠩ ᠳᠤ ᠦᠷᠯᠦᠭᠡ ᠪᠡᠶ᠎ᠡ ᠪᠠᠨ ᠤᠭᠢᠶᠠᠳᠠᠭ ᠬᠦᠮᠦᠰ ᠤᠨ ᠠᠵᠢᠯ ᠤᠨ ᠪᠦᠲᠦᠭᠡᠯᠴᠢ ᠴᠢᠳᠠᠪᠤᠷᠢ | ᠨᠢ ᠨᠡᠩ ᠢᠯᠡᠭᠦᠦ ᠪᠠᠶᠢᠵᠤ᠂ ᠤᠶᠤᠨ ᠴᠢᠳᠠᠯ ᠨᠢ ᠴᠦ ᠨᠡᠩ ᠢᠯᠡᠭᠦᠦ ᠲᠡᠭᠦᠯᠳᠡᠷ ᠪᠠᠶᠢᠳᠠᠭ ᠢ ᠢᠯᠡᠷᠡᠭᠦᠯᠵᠡᠢ᠃ | ᠰᠤᠳᠤᠯᠭᠠᠲᠠᠨ ᠺᠠᠱᠧᠨ ᠤ ᠢᠯᠡᠷᠬᠡᠶᠢᠯᠡᠭᠰᠡᠨ ᠢᠶᠠᠷ᠂ ᠡᠭᠦᠨ ᠤ ᠤᠴᠢᠷ ᠭᠡᠪᠡᠯ ᠦᠷᠯᠦᠭᠡ ᠪᠡᠶ᠎ᠡ ᠪᠠᠨ ᠤᠭᠢᠶᠠᠬᠤ ᠨᠢ | ᠬᠦᠮᠦᠨ ᠤ ᠰᠡᠳᠬᠢᠯ ᠰᠠᠨᠠᠭ᠎ᠠ ᠶᠢ ᠰᠡᠷᠭᠦᠭᠡᠵᠦ᠂ ᠪᠦᠲᠦᠭᠡᠯᠴᠢ ᠴᠢᠳᠠᠪᠤᠷᠢ ᠶᠢ ᠬᠦᠭᠵᠢᠭᠡᠬᠦ ᠳᠤ ᠲᠤᠰᠠᠲᠠᠢ᠃ ᠬᠡᠷᠪᠡ | ᠠᠵᠢᠯ ᠤᠨ ᠳᠤᠮᠳᠠ ᠪᠠᠨ ᠶᠠᠮᠠᠷ ᠨᠢᠭᠡᠨ ᠬᠦᠴᠢᠷᠲᠡᠢ ᠠᠰᠠᠭᠤᠳᠠᠯ ᠳᠤ ᠲᠤᠯᠭᠠᠷᠠᠭᠠᠳ ᠶᠠᠷᠦᠨᠢ ᠰᠢᠢᠳᠪᠦᠷᠢᠯᠡᠬᠦ ᠠᠷᠭ᠎ᠠ | ᠤᠯᠳᠠᠬᠤ ᠦᠭᠡᠢ ᠪᠤᠯ ᠡᠨᠡᠬᠦ ᠠᠰᠠᠭᠤᠳᠠᠯ ᠢᠶᠠᠨ ᠲᠦᠷ ᠲᠠᠯᠪᠢᠨ᠂ ᠤᠷᠢᠳᠠᠪᠠᠷ ᠪᠡᠶ᠎ᠡ ᠪᠠᠨ ᠤᠭᠢᠶᠠᠵᠤ ᠦᠵᠡᠵᠦ | ᠪᠤᠯᠤᠨ᠎ᠠ᠂ ᠢᠩᠭᠢᠪᠡᠯ ᠲᠠᠨᠢᠨ ᠮᠡᠳᠡᠬᠦᠢ ᠶᠢᠨ ᠶᠠᠪᠤᠴᠠ ᠲᠠᠯᠪᠢᠭᠳᠠᠨ ᠰᠢᠨᠡᠳᠴᠦ᠂ ᠤᠩᠭᠤᠨ ᠤᠳᠤ ᠨᠢ ᠪᠠᠭᠤᠵᠤ᠂ | ᠠᠰᠠᠭᠤᠳᠠᠯ ᠰᠢᠢᠳᠪᠦᠷᠢᠯᠡᠬᠦ ᠠᠷᠭ᠎ᠠ ᠨᠢ ᠵᠠᠷᠢᠮ ᠦᠶ᠎ᠡ ᠳᠤ ᠠᠶᠠᠨᠳᠠᠭᠠᠨ ᠪᠤᠢ ᠪᠤᠯᠵᠤ ᠮᠡᠳᠡᠨ᠎ᠡ ᠭᠡᠪᠡ᠃ | ᠰᠤᠳᠤᠯᠭᠠᠲᠠᠳ ᠤᠨ ᠬᠡᠯᠡᠬᠦ ᠪᠠᠷ᠂ ᠬᠡᠷᠪᠡ ᠲᠠᠭᠠᠲᠠᠢ ᠰᠠᠶᠢᠬᠠᠨ ᠤᠨᠲᠠᠶ᠎ᠠ ᠭᠡᠪᠡᠯ ᠦᠳᠡᠰᠢ ᠪᠡᠶ᠎ᠡ ᠪᠠᠨ ᠤᠭᠢᠶᠠᠪᠠᠯ | ᠰᠠᠶᠢᠨ᠂ ᠤᠴᠢᠷ ᠨᠢ ᠦᠳᠡᠰᠢ ᠪᠡᠶ᠎ᠡ ᠪᠠᠨ ᠤᠭᠢᠶᠠᠪᠠᠯ ᠪᠡᠶ᠎ᠡ ᠶᠢᠨ ᠳᠤᠯᠠᠭᠠᠨ ᠢ ᠲᠤᠬᠢᠷᠠᠭᠤᠯᠵᠤ᠂ ᠬᠦᠮᠦᠨ ᠢ | ᠲᠠᠶᠢᠪᠤᠰᠢᠷᠠᠭᠤᠯᠳᠠᠭ᠃ ᠪᠡᠶ᠎ᠡ ᠤᠭᠢᠶᠠᠬᠤ ᠴᠠᠭ ᠢᠶᠠᠨ ᠦᠬᠦᠮᠡᠯ ᠪᠠᠷᠢᠮᠲᠠᠯᠠᠭᠰᠠᠨ ᠤ ᠬᠡᠷᠡᠭ ᠦᠭᠡᠢ᠂ ᠬᠠᠷᠢᠨ | ᠪᠡᠶ᠎ᠡ ᠶᠢᠨ ᠪᠠᠶᠢᠳᠠᠯ ᠢᠶᠠᠨ ᠦᠨᠳᠦᠰᠦᠯᠡᠨ ᠠᠮᠢᠳᠤᠯᠢᠭ ᠢᠶᠠᠷ ᠡᠵᠡᠮᠰᠢᠬᠦ ᠬᠡᠷᠡᠭᠲᠡᠢ ᠭᠡᠵᠦ ᠰᠤᠳᠤᠯᠭᠠᠲᠠᠳ ᠰᠠᠨᠠᠭᠤᠯᠵᠤ | ᠪᠠᠶᠢᠯ᠎ᠠ᠃ |