ᠴᠢᠯᠠᠭᠤ ᠪᠠᠷ ᠴᠣᠭᠴᠠᠯᠠᠭᠰᠡᠨ ᠲᠡᠦᠬᠡ ᠶᠢᠨ ᠰᠣᠳᠣᠷ — ᠠᠰᠬᠠᠲᠤ
ᠨᠡᠶᠢᠲᠡᠯᠡᠭᠰᠡᠨ ᠴᠠᠭ᠄
2017-02-08
       ︽ᠠᠰᠬᠠᠳᠣ︾ — ᠠᠰᠬ᠎ᠠ ᠬᠠᠳᠠ ᠭᠡᠰᠡᠨ ᠮᠣᠩᠭᠤᠯ ᠦᠭᠡ᠃ ᠨᠣᠳᠤᠭ ᠤᠨ ᠮᠣᠩᠭᠤᠯᠴᠣᠳ ᠬᠡᠰᠢᠭᠳᠡᠨ ᠵᠡᠭᠦᠨ ᠬᠠᠶᠢᠷᠠᠬᠠᠨ ᠤ ᠪᠠᠷᠠᠭᠤᠨ ᠮᠦᠷᠦ ᠲᠡᠭᠡᠷᠡᠬᠢ ᠠᠰᠬ᠎ᠠ ᠬᠠᠳᠠ ᠲᠠᠢ ᠠᠭᠤᠯᠠ ᠶᠢ ᠠᠰᠬᠠᠳᠣ ᠠᠭᠤᠯᠠ ᠭᠡᠳᠡᠭ᠃ ᠠᠰᠬᠠᠳᠣ ᠶᠢᠨ ᠴᠢᠯᠠᠭᠤᠨ ᠰᠢᠭᠤᠢ ᠨᠢ ᠶᠡᠭᠡ ᠬᠢᠩᠭᠠᠨ ᠲᠠᠪᠠᠭᠠᠨ ᠤ ᠬᠠᠮᠤᠭ ᠦᠨᠳᠦᠷ ᠣᠷᠭᠢᠯ ᠪᠣᠯᠬᠤ ᠬᠤᠩᠭᠤ ᠶᠢᠨ ᠲᠠᠪᠠᠭ᠎ᠠ ᠠᠴᠠ ᠣᠮᠠᠷᠠᠰᠢ 40 ᠺᠢᠯᠦᠮᠧᠲᠷ ᠤᠨ ᠦᠵᠦᠭᠦᠷ ᠳᠠᠬᠢ ᠲᠠᠯᠠᠢ ᠶᠢᠨ ᠲᠦᠪᠰᠢᠨ ᠠᠴᠠ 1700 ᠮᠧᠲᠷ ᠡᠷᠭᠦᠭᠳᠡᠭᠰᠡᠨ ᠠᠰᠬᠠᠳᠣ ᠶᠢᠨ ᠠᠭᠤᠯᠠᠨ ᠲᠡᠭᠡᠷ᠎ᠡ ᠪᠠᠶᠢᠵᠣ᠂ ᠴᠢᠯᠠᠭᠤᠨ ᠰᠢᠭᠤᠢ ᠨᠢ ᠠᠭᠤᠯᠠᠨ ᠬᠢᠷ᠎ᠡ ᠶᠢ ᠲᠠᠭᠠᠵᠣ ᠵᠡᠭᠦᠨ ᠬᠤᠶᠢᠰᠢ ᠡᠩᠨᠡᠷᠡᠨ᠂ ᠲᠠᠷᠬᠠᠯᠳᠠ ᠶᠢᠨ ᠲᠠᠯᠠᠪᠠᠢ ᠨᠢ ᠪᠠᠷᠤᠭ 5 ᠬᠠᠪᠳᠠᠭᠠᠢ ᠲᠦᠷᠪᠡᠯᠵᠢᠨ ᠮᠧᠲᠷ ᠪᠠᠶᠢᠳᠠᠭ᠃ ᠠᠰᠬᠠᠳᠣ ᠶᠢᠨ ᠴᠢᠯᠠᠭᠤᠨ ᠰᠢᠭᠤᠢ ᠨᠢ ᠬᠡᠯᠪᠡᠷᠢ ᠲᠦᠷᠰᠦ ᠪᠠᠷ ᠢᠶᠠᠨ ᠶᠦᠨᠨᠠᠨ ᠤ ᠯᠦᠨᠠᠨ ᠤ ᠴᠣᠬᠤᠢ ᠶᠢᠨ ᠴᠢᠯᠠᠭᠤᠯᠢᠭ ᠤᠨ ᠴᠢᠯᠠᠭᠤᠨ ᠰᠢᠭᠤᠢ᠂ ᠶᠣᠸᠠᠨ ᠮᠸᠣ ᠶᠢᠨ ᠡᠷᠬᠢ ᠶᠢᠨ ᠰᠢᠭᠤᠢ᠂ ᠰᠢᠨᠵᠢᠶᠠᠩ ᠤᠨ ᠶᠠ ᠳ᠋ᠠᠨ ᠤ ᠭᠠᠵᠠᠷ ᠤᠨ ᠭᠠᠳᠠᠷᠭᠤ ᠬᠢᠭᠡᠳ ᠣᠷᠴᠢᠨ ᠦᠶ᠎ᠡ ᠶᠢᠨ ᠮᠦᠰᠦᠳᠦᠯᠭᠡ ᠶᠢᠨ ᠮᠦᠰᠦᠨ ᠰᠢᠭᠤᠢ ᠲᠠᠢ ᠠᠳᠠᠯᠢᠪᠳᠣᠷ ᠲᠠᠯ᠎ᠠ ᠲᠠᠢ ᠪᠠᠶᠢᠳᠠᠭ᠃ ᠣᠯᠠᠨ ᠲᠣᠰᠬᠠᠢ ᠮᠡᠷᠭᠡᠵᠢᠯᠳᠡᠳ ᠤᠨ ᠪᠠᠶᠢᠴᠠᠭᠠᠯᠳᠠ ᠭᠡᠷᠡᠴᠢᠯᠡᠭᠰᠡᠨ ᠨᠢ᠂ ᠠᠰᠬᠠᠳᠣ ᠶᠢᠨ ᠴᠢᠯᠠᠭᠤᠨ ᠰᠢᠭᠤᠢ ᠨᠢ ᠪᠣᠷᠵᠢᠨ ᠴᠢᠯᠠᠭᠤᠯᠢᠭ ᠤᠨ ᠭᠠᠵᠠᠷ ᠤᠨ ᠭᠠᠳᠠᠷᠭᠤ ᠪᠠ ᠴᠢᠯᠠᠭᠤᠨ ᠰᠢᠭᠤᠢ ᠶᠢᠨ ᠭᠠᠵᠠᠷ ᠤᠨ ᠭᠠᠳᠠᠷᠭᠤ ᠬᠠᠷᠢᠯᠴᠠᠨ ᠣᠶᠠᠯᠳᠣᠭᠰᠠᠨ ᠰᠢᠨ᠎ᠡ ᠲᠦᠷᠦᠯ ᠪᠠᠶᠢᠵᠣ᠂ ᠪᠣᠷᠵᠢᠨ ᠴᠢᠯᠠᠭᠤᠯᠢᠭ ᠤᠨ ᠴᠢᠯᠠᠭᠤᠨ ᠰᠢᠭᠤᠢ ᠳᠤ ᠬᠠᠷᠢᠶᠠᠯᠠᠭᠳᠠᠵᠣ᠂ ᠣᠳᠣᠬᠠᠨ ᠳᠤ ᠲᠡᠯᠡᠬᠡᠢ ᠲᠡᠭᠡᠷ᠎ᠡ ᠣᠨᠴᠠᠭᠠᠢ ᠪᠠᠶᠢᠳᠠᠭ ᠨᠢᠭᠡ ᠵᠦᠢᠯ ᠤᠨ ᠬᠠᠴᠢᠨ ᠭᠠᠶᠢᠬᠠᠮᠰᠢᠭᠳᠣ ᠭᠠᠵᠠᠷ ᠤᠨ ᠭᠠᠳᠠᠷᠭᠤ ᠪᠣᠯᠣᠨ᠎ᠠ᠃ ᠲᠣᠰᠬᠠᠢ ᠮᠡᠷᠭᠡᠵᠢᠯᠳᠡᠳ ᠤᠨ ᠦᠵᠡᠬᠦ ᠪᠠᠷ᠂ ᠲᠦᠷᠪᠡᠳᠡᠭᠴᠢ ᠭᠠᠯᠪᠠ ᠶᠢᠨ ᠮᠦᠰᠦᠳᠦᠯᠭᠡ ᠶᠢᠨ ᠬᠤᠭᠤᠴᠠᠭᠠᠨ ᠠᠴᠠ ᠨᠠᠰᠢ᠂ ᠶᠡᠭᠡ ᠬᠢᠩᠭᠠᠨ ᠲᠠᠪᠠᠭᠠᠨ ᠤ ᠠᠭᠤᠯᠠ ᠨᠢᠷᠣᠭᠤ ᠶᠢᠨ ᠣᠷᠣᠨ ᠳᠤ ᠣᠯᠠᠨ ᠣᠳᠠᠭᠠᠨ ᠤ ᠮᠦᠰᠦᠳᠦᠯᠭᠡ ᠶᠢᠨ ᠠᠵᠢᠯᠯᠠᠭ᠎ᠠ ᠶᠠᠪᠣᠭᠳᠠᠭᠰᠠᠨ ᠪᠠᠶᠢᠨ᠎ᠠ᠃ ᠡᠶᠢᠮᠦᠷᠬᠦ ᠮᠦᠰᠦᠳᠦᠯᠭᠡ ᠶᠢᠨ ᠠᠵᠢᠯᠯᠠᠭ᠎ᠠ ᠪᠠᠷ ᠲᠠᠮᠵᠢᠨ ᠠᠰᠬᠠᠳᠣ ᠠᠭᠤᠯᠠ ᠮᠦᠰᠦᠨ ᠭᠤᠣᠯ ᠳᠤ ᠢᠳᠡᠭᠳᠡᠨ ᠡᠯᠡᠭᠳᠡᠵᠣ᠂ ᠡᠭ᠍ᠴᠡ ᠬᠢᠷ᠎ᠡ ᠪᠡ ᠱᠣᠪᠬᠤ ᠣᠷᠬᠢᠯ ᠪᠦᠳᠦᠵᠣ᠂ ᠡᠩᠨᠡᠷᠡᠨ ᠵᠢᠭᠰᠠᠭᠰᠠᠨ ᠬᠡᠯᠪᠡᠷᠢ ᠪᠣᠶᠣ ᠲᠠᠩ ᠭᠠᠭᠴᠠ ᠪᠠᠷ ᠠᠭᠤᠯᠠᠨ ᠬᠢᠷ᠎ᠡ ᠲᠠᠭᠠᠨ ᠰᠡᠬᠦ᠋ᠢᠯᠴᠡᠨ᠂ ᠲᠠᠬᠢᠨ ᠮᠦᠰᠦᠨ ᠭᠤᠣᠯ ᠤᠨ ᠢᠳᠡᠭᠳᠡᠭᠦᠯᠦᠯ᠂ ᠲᠣᠯᠠᠭᠠᠨ ᠤ ᠬᠡᠮᠵᠢᠶ᠎ᠡ ᠶᠢᠨ ᠬᠤᠪᠢᠷᠠᠯᠳᠠ᠂ ᠰᠠᠯᠬᠢ ᠪᠠ ᠣᠰᠣᠨ ᠤ ᠡᠯᠡᠭᠳᠡᠭᠦᠯᠦᠯ ᠢᠶᠠᠷ ᠲᠠᠮᠵᠢᠨ ᠣᠳᠣ ᠶᠢᠨ ᠭᠠᠵᠠᠷ ᠤᠨ ᠭᠠᠳᠠᠷᠭᠤ ᠶᠢ ᠪᠣᠢ ᠪᠣᠯᠭᠠᠵᠠᠢ᠃ ᠡᠨᠡ ᠨᠢ ᠲᠡᠯᠡᠬᠡᠢ ᠶᠢᠨ ᠬᠡᠪᠴᠢᠶᠡᠨ ᠳᠤ ᠠᠪᠴᠣ ᠬᠡᠯᠡᠭᠰᠡᠨ ᠴᠣ᠋ ᠪᠣᠷᠵᠢᠨ ᠴᠢᠯᠠᠭᠤᠯᠢᠭ ᠤᠨ ᠬᠠᠮᠤᠭ ᠤᠨ ᠨᠡᠶᠢᠳᠡᠯᠢᠭ ᠪᠦᠭᠡᠳ ᠬᠤᠪᠣᠷᠬᠠᠨ ᠲᠣᠬᠢᠶᠠᠯᠳᠣᠬᠤ ᠭᠠᠵᠠᠷ ᠤᠨ ᠭᠠᠳᠠᠷᠭᠤ ᠪᠣᠯᠣᠭᠰᠠᠨ ᠪᠠᠶᠢᠨ᠎ᠠ᠃
       ᠠᠯᠣᠰ ᠠᠴᠠ ᠬᠠᠷᠠᠬᠤ ᠳᠤ ᠠᠰᠬᠠᠳᠣ ᠶᠢᠨ ᠴᠢᠯᠠᠭᠤᠨ ᠰᠢᠭᠤᠢ ᠡᠷᠳᠡᠨ ᠤ ᠲᠣᠮᠤᠭ ᠤᠨ ᠪᠠᠭᠠᠳᠣᠷ ᠤᠨ ᠬᠤᠳᠠ ᠪᠠᠯᠭᠠᠳ ᠰᠢᠭ᠋ ᠰᠡᠬᠦ᠋ᠢᠵᠣ᠂ ᠲᠡᠭᠰᠢ ᠭᠠᠵᠠᠷ ᠠᠴᠠ ᠰᠣᠭᠤᠷᠠᠨ ᠪᠣᠰᠴᠣ᠂ ᠶᠡᠭᠡ ᠪᠠᠶᠢᠭᠠᠯᠢ ᠶᠢᠨ ᠬᠢᠯᠢᠩᠨᠡᠨ ᠲᠣᠭᠰᠢᠷᠠᠭᠰᠠᠨ ᠣᠮᠣᠭᠳᠣ ᠲᠦᠷᠢ ᠶᠢ ᠭᠠᠶᠢᠬᠠᠭᠤᠯᠣᠨ᠎ᠠ᠃ ᠣᠶᠢᠷᠠᠳᠣᠨ ᠬᠦᠷᠪᠡᠯ᠂ ᠰᠣᠣᠳᠣ ᠪᠠᠶᠢᠭᠠᠯᠢ ᠶᠢᠨ ᠣᠷᠠᠯᠠᠨ ᠲᠠᠷᠬᠠᠯᠠᠭᠰᠠᠨ ᠰᠣᠳᠣᠨ ᠪᠦᠳᠦᠭᠡᠯ ᠨᠡᠩ ᠲᠣᠳᠣᠬᠠᠨ ᠲᠡᠯᠭᠡᠭᠳᠡᠵᠣ᠂ ᠮᠣᠷᠢᠨ ᠣᠶᠠᠭ᠎ᠠ ᠬᠡᠮᠡᠷ᠂ ᠮᠣᠩᠭᠤᠯ ᠡᠵᠢ ᠶᠢᠨ ᠬᠢᠭᠰᠡᠨ ᠬᠡᠰᠢᠭᠳᠡᠨ ᠬᠤᠷᠣᠳ ᠬᠡᠮᠡᠷ᠂ ᠱᠣᠭᠤᠵᠣ ᠲᠠᠯᠪᠢᠭᠰᠠᠨ ᠣᠷᠠᠨ ᠪᠠᠷᠢᠯᠭ᠎ᠠ ᠴᠣ᠋ ᠬᠡᠮᠡᠷᠬᠡᠨ ᠪᠠᠶᠢᠭᠠᠯᠢ ᠲᠠᠷᠬᠠᠨ ᠤ ᠭᠠᠯᠪᠠ ᠦᠨᠵᠢᠭᠡᠨ ᠴᠠᠪᠴᠢᠵᠣ ᠭᠠᠷᠭᠠᠭᠰᠠᠨ ᠪᠠᠭ᠋ᠠᠷᠣᠮ᠎ᠠ ᠰᠠᠶᠢᠬᠠᠨ ᠠᠰᠬ᠎ᠠ ᠬᠠᠳᠠᠳ ᠴᠡᠭᠡᠵᠢ ᠲᠡᠨᠢᠭᠡᠷ ᠮᠣᠩᠭᠤᠯ ᠡᠷ᠎ᠡ ᠰᠢᠭ ᠰᠡᠬᠦ᠋ᠢᠵᠣ ᠬᠠᠷᠠᠭᠳᠠᠨ᠎ᠠ᠃ ᠶᠠᠭ ᠡᠶᠢᠮᠣ ᠪᠠᠷ ᠠᠰᠬᠠᠳᠣ ᠶᠢᠨ ᠴᠢᠯᠠᠭᠤᠨ ᠰᠢᠭᠤᠢ ᠳᠤ ᠴᠢᠩᠬᠢᠰ ᠬᠠᠭᠠᠨ ᠤ ᠮᠣᠷᠢ ᠪᠠᠨ ᠣᠶᠠᠭᠰᠠᠨ ︽ᠴᠢᠩᠬᠢᠰ ᠤᠨ ᠮᠣᠷᠢᠨ ᠣᠶᠠᠭ᠎ᠠ︾᠂ ᠶᠡᠭᠡ ᠪᠣᠭᠳᠠ ᠶᠢᠨ ᠲᠣᠭᠰᠢᠨ ᠰᠣᠮᠣᠨ ᠳᠤ ᠴᠣᠭᠤ ᠬᠠᠷᠪᠣᠭᠳᠠᠭᠰᠠᠨ ︽ᠰᠡᠨᠵᠢᠳᠣ ᠬᠠᠳᠠ︾ ᠮᠡᠳᠣ ᠶᠢᠨ ᠲᠣᠮᠣᠭᠳᠣ ᠬᠠᠳᠠᠳ ᠣᠩᠭᠤᠨ ᠲᠠᠷᠬᠠᠨ ᠪᠠᠶᠢᠭᠰᠠᠨ ᠮᠣᠩᠭᠤᠯ ᠨᠣᠳᠤᠭ ᠤᠨ ᠲᠡᠣᠬᠡ ᠶᠢ ᠭᠦᠥᠷᠨᠢᠨ᠂ ᠠᠯᠣᠰ ᠢ ᠪᠠᠷᠠᠯᠠᠵᠣ ᠬᠠᠨᠠᠶᠢᠨ ᠵᠣᠭᠰᠣᠨ᠎ᠠ᠃
       ᠲᠠ ᠬᠡᠷᠪᠡ ᠠᠰᠬᠠᠳᠣ ᠶᠢᠨ ᠠᠭᠤᠯᠠᠨ ᠲᠡᠭᠡᠷ᠎ᠡ ᠠᠴᠠ ᠣᠮᠠᠷᠠᠰᠢ ᠪᠠᠷᠠᠯᠠᠪᠠᠯ᠂ ᠢᠭᠴᠣ ᠰᠠᠬᠤᠯᠢᠭ ᠪᠠᠶᠢᠭᠠᠯᠢ ᠶᠢᠨ ᠬᠤᠰᠣᠨ ᠣᠢ ᠬᠠᠷᠠᠭᠠᠨ ᠳᠤ ᠴᠢᠨᠢ ᠲᠣᠳᠣᠷᠠᠨ᠂ ᠨᠠᠮᠠᠭ᠎ᠠ ᠪᠠᠷ ᠢᠶᠠᠨ ᠨᠡᠶᠢᠯᠡᠯᠳᠦᠨ᠂ ᠰᠠᠯᠠᠭ᠎ᠠ ᠪᠠᠷ ᠢᠶᠠᠨ ᠰᠢᠬᠠᠯᠴᠠᠭᠰᠠᠨ ᠬᠤᠰᠣᠨ ᠣᠢ ᠶᠢᠨ ᠪᠠᠷᠠᠭᠤᠨ ᠰᠣᠭᠤ ᠶᠢᠨ ᠨᠠᠮᠬᠠᠨ ᠬᠦᠨᠳᠡᠢ ᠪᠠᠷ ᠴᠡᠴᠡᠭ ᠤᠨ ᠲᠣᠭᠤᠰᠣ ᠲᠠᠢ ᠵᠦᠭᠡᠯᠡᠨ ᠰᠠᠯᠬᠢ ᠬᠠᠶᠠ ᠬᠠᠶᠠ ᠰᠡᠩᠬᠢᠨᠡᠨ ᠢᠷᠡᠨ᠎ᠡ᠂ ᠲᠡᠬᠢᠨ ᠪᠠᠷᠠᠭᠤᠨ ᠬᠤᠶᠢᠰᠢ ᠪᠠᠷᠠᠯᠠᠪᠠᠯ᠂ ᠴᠡᠩᠬᠡᠷ ᠣᠨᠢᠶᠠᠷ ᠤᠨ ᠴᠠᠭᠠᠨ᠎ᠠ᠂ ᠪᠠᠶ᠋ᠬᠠᠠᠭᠤᠯᠠ ᠶᠢᠨ ᠵᠣᠰᠠᠯᠠᠩ ᠤᠨ ᠦᠨᠳᠡᠭᠡᠨ ᠴᠠᠭᠠᠨ ᠭᠡᠷ ᠤᠳ ᠴᠠᠶᠢᠯᠵᠠᠵᠣ᠂ ᠡᠬᠡ ᠪᠠᠶᠢᠭᠠᠯᠢ ᠲᠠᠢ ᠡᠶᠡᠯᠳᠣᠨ ᠵᠣᠬᠢᠴᠠᠭᠰᠠᠨ ᠨᠡᠭᠦᠳᠡᠯ ᠮᠠᠯᠵᠢᠯ ᠤᠨ ᠠᠮᠢ ᠠᠬᠤᠢ ᠳᠤ ᠦᠵᠡᠭᠦᠯᠬᠦ ᠡᠴᠢᠨ᠎ᠡ ᠲᠠᠯᠳᠠ ᠨᠦᠯᠦᠭᠡ ᠶᠢ ᠰᠠᠨᠠᠭᠳᠠᠭᠤᠯᠣᠨ᠎ᠠ᠃
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号