ᠸ᠊ · ᠰᠠᠶᠢᠨᠴᠤᠭᠳᠤ — ᠤᠤᠭᠠᠯ ᠰᠤᠶᠤᠯ ᠤᠨ ᠬᠦᠮᠤᠨ ᠵᠦᠢ ᠶᠢᠨ ᠡᠷᠳᠡᠮ ᠰᠢᠨᠵᠢᠯᠡᠭᠡ ᠶᠢ ᠡᠭᠦᠰᠭᠡᠨ ᠭᠡᠶᠢᠭᠦᠯᠤᠭ᠍ᠴᠢ
ᠨᠡᠶᠢᠲᠡᠯᠡᠭᠰᠡᠨ ᠴᠠᠭ᠄
2017-02-08
ᠤᠤᠭᠠᠨ        ᠸ᠊ · ᠰᠠᠶᠢᠨᠴᠤᠭᠳᠤ ᠪᠤᠯ ᠡᠷᠬᠡ ᠶᠢᠨ ᠦᠵᠡᠯ ᠤᠬᠠᠮᠰᠡᠷ ᠤᠨ ᠰᠣᠷᠳᠡᠯᠴᠢᠯᠠᠯ ᠬᠢᠭᠡᠳ ᠨᠡᠶᠢᠬᠡᠮ ᠤᠨ ᠲᠡᠯᠬᠡᠷᠡᠮᠡᠯ ᠤᠶᠢᠯᠠᠭᠠᠭᠳᠠᠬᠤᠨ ᠤ ᠨᠦᠯᠤᠬᠡᠯᠡᠯ ︵ᠬᠠᠯᠳᠠᠪᠤᠷᠢᠯᠠᠯ︶ ᠠᠴᠠ ᠦᠪᠡᠷ ᠢ ᠪᠠᠨ ᠲᠤᠳᠤᠷᠬᠠᠢ ᠴᠢᠯᠦᠬᠡᠯᠡᠭᠰᠠᠨ ᠮᠦᠷᠳᠡᠬᠡᠨ ᠦᠪᠡᠷ ᠤᠨ ᠦᠵᠡᠯ ᠰᠠᠨᠠᠭᠠᠨ ᠤ ᠶᠢᠷᠳᠢᠨᠴᠤ ᠪᠠᠨ ᠰᠢᠰᠲ᠋ᠧᠮ ᠲᠠᠢ ᠴᠤᠭᠴᠠᠯᠠᠭᠰᠠᠨ ᠤᠷᠠᠨ ᠵᠤᠬᠢᠶᠠᠯᠴᠢ᠂ ᠰᠡᠳᠬᠦᠯᠴᠢ᠂ ᠰᠢᠬᠦᠮᠵᠢᠯᠡᠭᠴᠢ᠂ ᠰᠤᠶᠤᠯ ᠵᠦᠢᠴᠢ ᠮᠦᠷᠲᠡᠭᠡᠨ ᠰᠡᠳᠬᠢᠭᠴᠢ ᠪᠠᠶᠢᠭ᠎ᠠ ᠶᠤᠮ᠃ ᠮᠠᠨ ᠤ ᠦᠶ᠎ᠡ ᠶᠢᠨ  ᠬᠢᠨ ᠤ ᠠᠪᠢᠶᠠᠰ ᠪᠢᠯᠢᠭᠳᠡᠨ᠂ ᠮᠠᠨ ᠤ ᠦᠨᠳᠣᠰᠣᠳᠠᠨ ᠤ  ᠤᠮᠤᠭᠰᠢᠯ ᠪᠠᠭ᠋ᠠᠷᠬᠠᠯ ᠶᠤᠮ᠃ ᠲᠡᠬᠦᠨ ᠤ ᠤᠳᠤ ᠪᠤᠯᠳᠠᠯ᠎ᠠ ᠬᠡᠪᠯᠡᠭᠳᠡᠭᠡᠳ ᠪᠠᠶᠢᠭ᠎ᠠ ᠬᠤᠷᠢᠭᠠᠳ ᠲᠦᠷᠤᠯ ᠤᠨ ᠨᠤᠮ ᠵᠤᠬᠢᠶᠠᠯ ᠠᠴᠠ ᠦᠵᠡᠪᠡᠯ᠂ ᠲᠡᠷᠡ ᠪᠢᠴᠢᠭ ᠤᠨ ᠤᠷᠠᠨ ᠵᠤᠬᠢᠶᠠᠯ᠂ ᠠᠮᠠᠨ ᠤᠷᠠᠨ ᠵᠤᠬᠢᠶᠠᠯ᠂ ᠵᠠᠩ ᠦᠢᠯᠠ᠂ ᠱᠠᠰᠢᠨ ᠰᠢᠳᠣᠯᠬᠡ᠂ ᠬᠡᠬᠡᠷ᠎ᠡ ᠶᠢᠨ ᠰᠢᠨᠵᠢᠯᠡᠭᠡ ᠶᠢ ᠪᠠᠭᠳᠠᠭᠠᠭᠰᠠᠨ ᠨᠡᠶᠢᠬᠡᠮ ᠤᠨ ᠪᠠ ᠰᠤᠶᠤᠯ ᠢᠷᠭᠡᠨᠰᠢᠯ ᠤᠨ ᠬᠦᠷᠢᠶᠠᠨ ᠳᠤ ᠤᠯᠠᠨ ᠲᠠᠯ᠎ᠠ ᠶᠢᠨ ᠦᠷᠬᠡᠨ ᠬᠦᠨᠵᠡᠬᠡᠢ ᠰᠣᠳᠣᠯᠭᠠᠨ ᠬᠢᠵᠠᠢ᠃ ᠲᠡᠬᠦᠨ ᠤ ᠵᠤᠬᠢᠶᠠᠯ᠂ ᠬᠡᠯᠡ ᠨᠠᠶᠢᠷᠠᠭᠤᠯᠭ᠎ᠠ ᠶᠢᠨ ᠤᠷᠠᠨ ᠤᠨᠤᠪᠴᠢᠳᠠᠢ᠂ ᠯᠤᠬᠢᠭ ᠰᠡᠳᠬᠢᠬᠦᠢ ᠶᠢᠨ ᠬᠤᠷᠴᠡ ᠲᠤᠳᠤᠷᠬᠠᠢ᠂ ᠮᠤᠬᠤᠭᠠᠨ ᠪᠤᠳᠤᠬᠤᠢ ᠶᠢᠨ ᠨᠡᠪᠳᠡ ᠬᠦᠨᠵᠡᠬᠡᠢ ᠪᠠᠷ ᠢᠶᠠᠨ ᠬᠦᠮᠤᠰ ᠢ ᠦᠪᠡᠷ ᠤᠨ ᠡᠷᠬᠡ ᠦᠬᠡᠢ ᠭᠠᠶᠢᠬᠠᠰᠢ ᠠᠯᠳᠠᠭᠤᠯᠤᠨ᠎ᠠ᠃ ᠲᠡᠷᠡ ᠪᠠᠷ ᠤᠷᠠᠨ ᠵᠤᠬᠢᠶᠠᠯ᠂ ᠡᠷᠳᠡᠮ ᠰᠢᠨᠵᠢᠯᠡᠬᠡᠨ ᠤ ᠪᠦᠳᠣᠭᠡᠯ ᠬᠢᠭᠡᠳ ᠨᠡᠶᠢᠬᠡᠮ ᠤᠨ ᠰᠢᠬᠦᠮᠵᠢᠯᠡᠯ ᠤᠨ ᠬᠡᠯᠪᠡᠷᠢ ᠪᠠᠷ ᠡᠨᠡᠬᠦ ᠴᠠᠭ ᠦᠶ᠎ᠡ ᠶᠢᠨ ᠦᠪᠤᠷ ᠮᠤᠩᠭᠤᠯᠴᠤᠳ ᠤᠨ ᠤᠷᠤᠰᠢᠬᠤᠢ ᠶᠢᠨ ᠪᠠᠶᠢᠳᠠᠯ ᠢ ᠰᠣᠳᠣ ᠮᠡᠷᠬᠡᠨ ᠤᠨᠤᠭᠠᠨ ᠲᠦᠷᠰᠣᠯᠡᠵᠤ᠂ ᠬᠤᠷᠴᠡ ᠬᠦᠨᠵᠡᠬᠡᠢ ᠰᠣᠪᠢᠨ ᠰᠡᠳᠬᠢᠵᠤ᠂ ᠡᠷᠳᠡᠮ ᠰᠢᠨᠵᠢᠯᠡᠬᠡᠨ ᠤ ᠦᠵᠡᠯ ᠰᠠᠨᠠᠭ᠎ᠠ ᠬᠢᠭᠡᠳ ᠤᠳᠬ᠎ᠠ ᠤᠶᠠᠩᠭ᠎ᠠ ᠶᠢᠨ ᠠᠪᠢᠶᠠᠰ ᠪᠢᠯᠢᠭ ᠤᠨ ᠣᠶᠠᠯᠳᠣᠯ ᠤᠨ ᠦᠯᠢᠬᠡᠷ ᠵᠢᠱᠢᠶ᠎ᠡ᠂ ᠬᠡᠪ ᠲᠠᠭᠤᠷᠢᠶᠠᠯ ᠪᠤᠯᠵᠤ ᠪᠠᠶᠢᠭ᠎ᠠ ᠶᠤᠮ᠃ ᠲᠡᠭᠦᠨ ᠢ ︽ᠬᠠᠮᠤᠭ ᠤᠨ ᠬᠦᠨᠵᠡᠬᠡᠢ ᠦᠵᠡᠯ ᠰᠠᠨᠠᠭ᠎ᠠ᠂ ᠬᠠᠮᠤᠭ ᠤᠨ ᠵᠤᠪᠠᠭᠤᠷᠢᠳᠡᠢ ᠤᠶᠤᠨ ᠰᠦᠨᠡᠰᠣ︾ ᠬᠡᠮᠡᠨ ᠦᠨᠡᠯᠡᠬᠦ ᠳᠤ ᠢᠯᠡᠬᠦᠳᠡᠬᠦ ᠦᠬᠡᠢ᠃        ᠨᠢᠬᠡ᠂ ᠢᠷᠠᠭᠤ ᠨᠠᠶᠢᠷᠠᠭ᠄ ︽ᠴᠦᠯᠡᠭᠳᠡᠭᠰᠠᠨ ᠵᠦᠩᠨᠡᠭᠴᠢ︾ ᠶᠢᠨ ᠤᠶᠤᠨ ᠰᠦᠨᠡᠰᠣᠨ ᠤ ᠲᠡᠮᠳᠡᠭᠯᠡᠯ        ᠸ᠊ · ᠰᠠᠶᠢᠨᠴᠤᠭᠳᠤ ᠶᠢᠨ ᠰᠢᠯᠦᠭ ᠤᠨ ᠤᠳᠬ᠎ᠠ ᠰᠡᠳᠣᠪᠯᠡᠬᠦᠨ ᠨᠢ ᠰᠣᠶᠣᠯ ᠤᠨ ᠤᠯᠠᠮᠵᠢᠯᠠᠯ ᠤᠨ ᠬᠢ᠂ ᠦᠵᠡᠯ ᠰᠠᠨᠠᠭ᠎ᠠ ᠨᠢ ᠤᠳᠤᠬᠢᠴᠢ ᠬᠦᠨ ᠤᠬᠠᠭᠠᠨ ᠤ ᠬᠢ ᠪᠠᠶᠢᠳᠠᠭ᠃ ᠠᠮᠠᠨ ᠵᠤᠬᠢᠶᠠᠯ ᠤᠨ ᠡᠬᠡ ᠰᠡᠳᠣᠪ ︵ᠲᠤᠮᠤᠭ ᠤᠨ ᠯᠤᠷᠵᠤᠤ︶ ᠢ᠂ ᠰᠣᠶᠣᠯ ᠤᠨ ᠤᠯᠠᠮᠵᠢᠯᠠᠯ ᠤᠨ ᠤᠳᠤᠬᠢᠴᠢ ᠤᠴᠠᠷᠠᠯ ᠢ᠂ ᠤᠳᠤᠬᠢᠴᠢ ᠤᠬᠠᠮᠰᠡᠷ ᠢᠶᠠᠷ ᠠᠮᠢᠯᠠᠭᠤᠯᠵᠤ ᠦᠨᠳᠣᠰᠣᠳᠠᠨ ᠤ ᠵᠢᠩᠬᠢᠨᠢ ᠣᠳᠣᠬᠢᠴᠢ ᠰᠢᠯᠦᠭ ᠢ ᠲᠤᠭᠤᠷᠪᠢᠵᠠᠢ᠃ ᠡᠵᠡᠬᠦᠢ ᠤᠬᠠᠮᠰᠡᠷ ᠤᠨ ᠰᠡᠳᠬᠢᠯ ᠮᠡᠳᠡᠷᠡᠯ ᠤᠨ ᠡᠴᠢᠨ᠎ᠡ ᠨᠢᠭᠤᠴᠠ ᠠᠶᠤᠮᠰᠢᠭᠳᠠᠢ ᠦᠨᠡᠨ ᠢ ᠢᠷᠡᠨ ᠦᠵᠡᠬᠦᠯᠦᠭᠰᠠᠨ ᠲᠡᠳᠣᠢ ᠦᠬᠡᠢ᠂ ᠣᠭᠰᠠᠭᠠᠳᠠᠨ ᠤ ᠤᠷᠤᠰᠢᠬᠤᠢ ᠶᠢᠨ ᠲᠡᠯᠳᠡ ᠶᠢᠨ ᠬᠢᠮᠤᠷᠠᠯ ᠢ ᠰᠡᠷᠡᠵᠤ᠂ ᠬᠦᠮᠤᠨ ᠲᠦᠷᠤᠯᠬᠢᠳᠡᠨ ᠤ ᠲᠦᠬᠡᠮᠡᠯ ᠤᠳᠬ᠎ᠠ ᠠᠭᠤᠯᠭ᠎ᠠ ᠶᠢ ᠬᠦᠨᠳᠡᠵᠠᠢ᠃ ᠡᠬᠦᠨ ᠢ ᠪᠠᠨ ᠤᠳᠤᠬᠢᠴᠢ ᠦᠵᠡᠯ ᠤᠨ ᠠᠷᠭ᠎ᠠ ᠪᠠᠷᠢᠯ ᠢᠶᠠᠷ ᠵᠢᠭᠡᠭᠦᠨ ᠬᠦᠢᠳᠡᠮᠰᠦᠭ᠂ ᠬᠠᠴᠢᠨ ᠬᠠᠭᠤᠮᠠᠭᠠᠢ᠂ ᠬᠦᠨ ᠨᠢᠭᠤᠴᠠᠭᠠᠢ ᠪᠡᠯᠭᠡᠳᠡᠯ ᠤᠨ ᠶᠢᠷᠲᠢᠨᠴᠤ ᠪᠤᠯᠭᠠᠨ ᠴᠤᠭᠴᠠᠯᠠᠵᠠᠢ᠃ ᠭᠠᠵᠢ ᠪᠤᠷᠤᠭᠤ ᠲᠠᠢ ᠬᠠᠷᠢᠭᠤᠴᠠᠨ ᠲᠤᠯᠤᠯᠳᠤᠵᠤ ᠪᠠᠶᠢᠭ᠎ᠠ ᠬᠤᠪᠢ ᠴᠤᠭᠴᠠ ᠶᠢᠨ ᠡᠰᠡᠷᠬᠦᠴᠡᠯ ᠲᠡᠮᠡᠴᠡᠯ᠂ ᠭᠠᠭᠴᠠᠭᠠᠷᠳᠡᠯ᠂ ᠡᠴᠢᠨ᠎ᠡ ᠴᠦᠬᠦᠷᠠᠯ᠂ ᠬᠦᠨ ᠭᠤᠨᠢᠭ᠂ ᠠᠵᠠ ᠪᠤᠰᠤ ᠠᠷᠭ᠎ᠠ ᠦᠬᠡᠶᠢᠳᠡᠯ ᠬᠢᠭᠡᠳ ᠦᠬᠦᠯ ᠮᠦᠬᠦᠯ ᠤᠨ ᠠᠶᠤᠮᠰᠢᠭᠳᠣ ᠬᠤᠭᠤᠰᠣᠷᠠᠯ ᠤᠨ ᠵᠢᠬᠡᠬᠦᠨ ᠦᠢᠳᠬᠠᠷ᠂ ᠪᠠᠷᠠᠭᠠᠨ ᠰᠡᠷᠡᠭᠳᠡᠯ ᠢ ᠳᠦᠷᠰᠦᠯᠡᠭᠰᠡᠨ ᠵᠢᠷᠤᠬᠡ ᠰᠡᠳᠬᠢᠯ ᠢ ᠲᠠᠭᠵᠢᠭᠤᠯᠬᠤ ᠬᠦᠴᠤᠨ ᠲᠠᠢ ᠢᠷᠠᠭᠤ ᠨᠠᠶᠢᠷᠠᠭ ᠲᠤᠭᠤᠷᠪᠢᠵᠠᠢ᠃ ᠲᠡᠬᠦᠨ ᠤ ᠰᠢᠯᠦᠭ ᠪᠤᠯ ᠤᠯᠠᠮᠵᠢᠯᠠᠯ ᠬᠢᠭᠡᠳ ᠤᠳᠤᠬᠢᠴᠢᠯᠡᠯ ᠤᠨ ᠤᠶᠠᠯᠳᠣᠯ ᠢ ᠬᠠᠮᠤᠭ ᠤᠨ ᠠᠮᠵᠢᠯᠳᠠᠳᠠᠢ ᠪᠡᠶᠡᠯᠡᠬᠦᠯᠦᠭᠰᠠᠨ ᠤᠳᠤᠬᠢᠴᠢ ᠰᠢᠯᠦᠭ ᠪᠤᠯᠤᠨ᠎ᠠ᠃ ᠲᠡᠷᠡ ᠠᠮᠢ ᠨᠠᠰᠣᠨ ᠤ ᠪᠤᠳᠤᠯᠢᠶᠠᠨᠳᠠᠢ ᠲᠤᠷᠰᠢᠯᠭ᠎ᠠ ᠶᠢ ᠦᠬᠡ ᠬᠡᠯᠡᠨ ᠤ ᠭᠠᠶᠢᠬᠠᠮᠰᠢᠭᠳᠣ ᠨᠡᠶᠢᠯᠡᠯᠴᠡᠭᠡ ᠪᠠᠷ ᠲᠤᠪᠴᠢ ᠠᠪᠰᠡᠷ᠂ ᠬᠤᠷᠢᠶᠡᠩᠭᠤᠢ ᠪᠠᠭᠳᠠᠭᠠᠮᠵᠢᠳᠠᠢ ᠢᠯᠡᠳᠬᠡᠵᠤ᠂ ᠠᠮᠢ ᠨᠠᠰᠣᠨ ᠤ ᠤᠬᠠᠭᠠᠷᠠᠯ᠂ ᠤᠶᠤᠨ ᠰᠦᠨᠡᠰᠣᠨ ᠤ ᠭᠠᠭᠴᠠᠭᠠᠷᠳᠠᠯ ᠬᠢᠭᠡᠳ ᠤᠤᠭᠠᠯ ᠰᠤᠶᠤᠯ ᠤᠨ ᠴᠡᠬᠡᠵᠢᠯᠡᠯ ᠢ ᠲᠠᠯᠳᠠ ᠵᠦᠢᠷᠯᠡᠯ ᠤᠨ ᠰᠡᠳᠬᠢᠬᠦᠢ ᠪᠠᠷ᠂ ᠬᠠᠴᠢᠨ ᠭᠠᠶᠢᠬᠠᠯᠳᠠᠢ ᠲᠦᠰᠣᠬᠡᠯᠡᠯ ᠢᠶᠠᠷ ᠰᠡᠳᠬᠢᠮᠵᠢᠯᠡᠨ ᠵᠤᠬᠢᠶᠠᠮᠵᠢᠯᠠᠵᠤ᠂ ᠲᠦᠷᠰᠣ ᠬᠤᠪᠢᠷᠭᠠᠯ ᠤᠨ ᠤᠷ᠎ᠡ ᠮᠡᠷᠬᠡᠰᠢᠯ ᠢ ᠴᠢᠳᠠᠮᠠᠭᠠᠢ ᠡᠵᠡᠮᠳᠡᠵᠤ᠂ ︽ᠰᠡᠬᠦᠳᠡᠷ ᠪᠤᠢ ᠪᠦᠭᠡᠳ ᠲᠦᠷᠰᠣ ᠦᠬᠡᠢ︾ ᠤᠳᠬ᠎ᠠ ᠤᠶᠠᠩᠭ᠎ᠠ ᠶᠢᠨ ᠤᠷᠠᠨ ᠭᠠᠶᠢᠬᠠᠮᠰᠢᠭᠲᠠᠢ ᠦᠷ᠎ᠡ ᠨᠦᠯᠦᠭᠡ ᠪᠦᠬᠦᠢ ᠰᠢᠯᠦᠭ ᠲᠤᠭᠤᠷᠪᠢᠪᠡ᠃ ᠨᠢᠬᠡ ᠯᠡ ᠦᠬᠡ ᠪᠠᠷ ᠬᠡᠯᠡᠪᠡᠯ᠂ ᠢᠷᠠᠭᠤ ᠨᠠᠶᠢᠷᠠᠭ ᠨᠢ ᠲᠡᠬᠦᠨ ᠤ ᠤᠶᠤᠨ ᠰᠦᠨᠡᠰᠣᠨ ᠤ ᠬᠡᠯᠪᠡᠷᠢ ᠪᠠᠶᠢᠭᠰᠠᠨ ᠶᠤᠮ᠃ ᠲᠡᠷᠡ ᠪᠠᠷ ︽ᠮᠢᠨᠤ ᠰᠢᠯᠦᠭ ᠤᠨ ᠦᠵᠡᠯ ᠰᠠᠨᠠᠭ᠎ᠠ ᠪᠤᠯ ᠬᠦᠮᠤᠡᠯᠢᠭ ᠰᠡᠳᠬᠢᠯᠬᠡ ᠬᠢᠭᠡᠳ ᠬᠠᠶᠢᠷ᠎ᠡ ᠶᠢᠨ ᠰᠣᠷᠳᠠᠯᠴᠢᠯᠠᠭ᠎ᠠ ᠮᠦᠨ ᠬᠡᠵᠤ ᠪᠢ ᠪᠤᠳᠤᠨ᠎ᠠ︾ [1] ︵p36︶ ᠬᠡᠵᠠᠢ᠃ ᠬᠦᠮᠦᠡᠯᠢᠭ ᠬᠠᠯᠠᠮᠵᠢᠯᠠᠯ ᠨᠢ ᠲᠡᠭᠦᠨ ᠤ ᠤᠷᠠᠨ ᠵᠤᠬᠢᠶᠠᠯ ᠤᠨ ᠪᠦᠲᠦᠭᠡᠯ ᠪᠠ ᠡᠷᠳᠡᠮ ᠰᠢᠨᠵᠢᠯᠡᠭᠡᠨ ᠤ ᠪᠦᠲᠦᠭᠡᠯ ᠢ ᠨᠢ ᠬᠤᠯᠪᠤᠨ ᠨᠡᠪᠲᠡᠷᠡᠭᠦᠯᠵᠦ ᠪᠠᠶᠢᠭ᠎ᠠ ᠨᠡᠶᠢᠲᠡᠯᠢᠭ ᠤᠨᠴᠠᠯᠢᠭ ᠶᠤᠮ᠃                          ᠬᠤᠶᠠᠷ᠂ ᠨᠡᠶᠢᠬᠡᠮ ᠤ ᠰᠢᠬᠦᠮᠵᠢ᠄ ᠦᠨᠳᠣᠰᠣᠳᠠᠨ ᠤ ᠨᠡᠶᠢᠳᠡᠯᠢᠭ ᠰᠡᠳᠬᠢᠯᠬᠡ ᠶᠢᠨ ᠲᠠᠬᠢᠨ ᠴᠤᠭᠴᠠᠯᠠᠯ        ᠨᠡᠶᠢᠬᠡᠮ ᠤᠨ ᠰᠢᠬᠦᠮᠵᠢ ᠨᠢ ᠮᠠᠷᠭᠤᠭᠠᠨ ᠤ ᠵᠤᠬᠢᠶᠠᠯ ᠬᠢᠭᠡᠳ ᠴᠢᠯᠦᠬᠡᠳᠣ ᠪᠢᠴᠢᠯᠭᠡ ᠪᠠᠷ ᠭᠤᠤᠯᠯᠠᠨ᠎ᠠ᠃ ᠸ᠊ · ᠰᠠᠶᠢᠨᠴᠤᠭᠲᠤ ᠨᠡᠶᠢᠬᠡᠮ ᠤᠨ ᠰᠢᠬᠦᠮᠵᠢ ᠶᠢᠨ ᠠᠷᠭ᠎ᠠ ᠪᠠᠷ ᠦᠪᠤᠷ ᠮᠤᠩᠭᠤᠯᠴᠤᠳ ᠤᠨ ︽ᠢᠳᠡᠬᠡᠯ ᠪᠢᠰᠢᠷᠠᠯ ᠬᠢᠭᠡᠳ ᠶᠤᠰᠤ ᠮᠤᠷᠠᠯ︾ [2] ︵p61︶᠂ ︽ᠦᠨᠳᠣᠰᠣᠳᠠᠨ ᠤ ᠨᠡᠶᠢᠳᠡᠯᠢᠭ ᠰᠡᠳᠬᠢᠯᠬᠡ ᠶᠢ ᠲᠠᠬᠢᠨ ᠴᠤᠭᠴᠠᠯᠠᠬᠤ︾ [3] ︵p305︶ ᠱᠠᠭᠠᠷᠳᠡᠯᠭ᠎ᠠ ᠲᠠᠢ ᠬᠡᠵᠤ ᠦᠵᠡᠬᠡᠳ ᠲᠡᠬᠦᠨᠴᠢᠯᠡᠨ ︽ᠬᠠᠷᠠᠩᠭᠤᠢ ᠶᠢᠨ ᠡᠵᠡᠨ︾᠂ ︽ᠴᠠᠭᠠᠨ ᠨᠤᠮ ︾ ᠬᠡᠬᠦ ᠬᠤᠶᠠᠷ ᠨᠤᠮ ᠬᠡᠪᠯᠡᠬᠦᠯᠦᠭᠰᠠᠨ ᠪᠠᠶᠢᠵᠠᠢ᠃ ᠲᠡᠬᠦᠨ ᠤ ᠬᠡᠯᠡᠵᠤ ᠪᠠᠶᠢᠭ᠎ᠠ ︽ᠨᠡᠶᠢᠬᠡᠮ ᠤᠨ ᠰᠢᠬᠦᠮᠵᠢ︾ ᠨᠢ ︽ᠨᠡᠶᠢᠬᠡᠮ ᠤ ᠳ᠋ᠢᠰᠺᠣᠣᠰ ᠤᠨ ᠲᠤᠳᠤᠷᠠᠬᠢ ᠡᠷᠬᠡ ᠶᠢᠨ ᠬᠡᠯᠡᠯᠬᠡ ᠶᠢ ᠢᠯᠭᠠᠨ ᠰᠢᠬᠦᠮᠵᠢᠯᠡᠭᠰᠠᠨ ᠵᠤᠬᠢᠶᠠᠯ ᠪᠤᠯᠤᠨ᠎ᠠ︾ [3] ︵p192︶᠃ ᠡᠬᠦᠨ ᠳᠤ ᠡᠷᠬᠡ ᠬᠦᠴᠤᠨ ᠤ ᠰᠤᠷᠲᠠᠯᠴᠢᠯᠠᠭ᠎ᠠ᠂ ᠵᠠᠭᠤᠴᠢ ᠮᠢᠳᠢᠶᠠ ᠶᠢᠨ ᠨᠡᠪᠳᠡᠷᠡᠬᠦᠯᠬᠡ ᠬᠢᠭᠡᠳ ᠨᠡᠶᠢᠭᠡᠮ ᠤᠨ ᠡᠯᠰᠡᠬᠦ ᠰᠡᠳᠬᠢᠯᠬᠡ ᠵᠡᠷᠬᠡ ᠮᠤᠩᠭᠤᠯᠴᠤᠳ ᠤᠨ ᠨᠡᠶᠢᠳᠡᠯᠢᠭ ᠰᠡᠳᠬᠢᠯᠭᠡ ︵identity︶ ᠶᠢ ᠬᠤᠪᠢᠷᠠᠭᠤᠯᠤᠨ ᠵᠠᠳᠠᠷᠠᠭᠤᠯᠵᠤ ᠪᠤᠢ ᠨᠠᠷᠢᠨ ᠨᠢᠭᠤᠴᠠ ᠮᠦᠷᠲᠡᠭᠡᠨ ᠬᠦᠴᠦᠷᠬᠡᠭ ᠶᠡᠭᠡ ᠬᠡᠯᠡᠬᠦᠢ ᠶᠢ ᠵᠠᠳᠠᠯᠤᠨ ᠰᠢᠬᠦᠮᠵᠢᠯᠡᠵᠤ ᠴᠤᠴᠠᠯᠠᠨ ᠱᠤᠭᠤᠭᠰᠠᠨ ᠪᠠᠶᠢᠳᠠᠭ᠃ ᠡᠳᠡᠭᠡᠷ ᠬᠡᠯᠡᠬᠦᠢ ᠨᠢ ᠬᠦᠴᠦᠷᠬᠡᠭ ᠶᠡᠭᠡ ᠠᠷᠤ ᠲᠠᠯ᠎ᠠ ᠲᠠᠢ ᠮᠦᠷᠲᠡᠭᠡᠨ ᠤᠯᠠᠨ ᠠᠷᠪᠢᠨ ᠵᠠᠮ ᠱᠤᠭᠤᠮ ᠠᠷᠭ᠎ᠠ ᠬᠡᠯᠪᠡᠷᠢ ᠪᠠᠷ ᠢᠯᠡ ᠪᠠᠷ ᠳᠠᠭᠠᠷᠢᠬᠤ ᠮᠦᠷᠲᠡᠭᠡᠨ ᠨᠢᠭᠤᠴᠠ ᠪᠠᠷ ᠨᠡᠪᠲᠡᠷᠡᠵᠦ ᠦᠪᠦᠷ ᠮᠤᠩᠭᠤᠯ ᠤᠨ ᠪᠢᠴᠢᠭᠲᠡᠳ ᠤᠨ ᠬᠡᠯᠡᠯᠭᠡ ᠶᠢ ᠭᠦᠨ ᠲᠡᠭᠲᠡᠷᠯᠢᠭ ᠠᠴᠠ ᠡᠵᠡᠮᠳᠡᠨ ᠡᠷᠬᠡᠰᠢᠶᠡᠭᠰᠡᠨ ᠪᠠᠶᠢᠳᠠᠭ᠃ ᠲᠡᠶᠢᠮᠦ ᠠᠴᠠ ᠸ᠊ · ᠰᠠᠶᠢᠨᠴᠤᠭᠲᠤ ᠶᠢᠨ ᠨᠡᠶᠢᠭᠡᠮ ᠤᠨ ᠰᠢᠭᠦᠮᠵᠢ ᠳᠤ ᠨᠢ ᠮᠠᠷᠭᠤᠭᠠᠨ ᠤ ᠠᠭᠤᠯᠭ᠎ᠠ ᠡᠯᠪᠡᠭ ᠪᠠᠶᠢᠳᠠᠭ ᠪᠢᠯᠡ᠃              ᠸ᠊ · ᠰᠠᠶᠢᠨᠴᠤᠭᠲᠤ ︽ᠬᠠᠷᠢᠭᠤᠴᠠᠯᠭ᠎ᠠ ᠶᠢᠨ ᠬᠤᠪᠢ ᠳᠤ ᠪᠢᠳᠡ ᠡᠬᠡ ᠤᠷᠤᠨ ᠲᠠᠢ ᠪᠠᠨ ᠲᠡᠩᠴᠡᠬᠦᠤ᠂ ᠡᠷᠬᠡ ᠶᠢᠨ ᠬᠤᠪᠢ ᠳᠤ ᠪᠢᠳᠠ ᠵᠦᠪᠬᠡᠨ ᠡᠬᠡ ᠤᠷᠤᠨ ᠤ ᠪᠠᠨ ᠨᠢᠭᠡᠨ ᠬᠡᠰᠢᠬᠦᠨ︾ [4] ︵p154︶ ᠬᠡᠵᠤ ᠰᠣᠳᠣ ᠮᠡᠷᠬᠡᠨ ᠦᠬᠦᠯᠡᠵᠤ ᠡᠷᠳᠡᠮ ᠰᠢᠨᠵᠢᠯᠡᠭᠡᠨ ᠤ ᠠᠵᠢᠯᠲᠠᠨ ᠨᠢ ᠨᠡᠶᠢᠭᠡᠮ ᠤᠨ ᠨᠢᠭᠡ ᠭᠡᠰᠢᠭᠦᠨ ᠪᠤᠯᠤᠭᠰᠠᠨ ᠤ ᠬᠤᠪᠢ ᠳᠤ ᠨᠡᠶᠢᠭᠡᠮ ᠤᠨ ᠷᠤᠯᠯᠧ ᠪᠠ ᠨᠡᠶᠢᠭᠡᠮ ᠤᠨ ᠬᠠᠷᠢᠭᠤᠴᠠᠯᠭ᠎ᠠ ᠪᠠᠨ ᠤᠬᠠᠮᠰᠠᠷ ᠲᠠᠢ ᠪᠠᠷ ᠡᠭᠦᠷᠭᠡᠯᠡᠵᠦ᠂ ᠴᠠᠭ ᠦᠶ᠎ᠡ ᠪᠠ ᠦᠨᠳᠦᠰᠦᠲᠡᠨ ᠤ ᠪᠠᠨ ᠬᠤᠪᠢ ᠵᠠᠶᠠᠭᠠᠨ ᠤ ᠳᠤᠯᠭᠢᠶᠠᠨ ᠳᠠᠪᠠᠯᠭᠠᠨ ᠢ ᠬᠠᠮᠲᠤ ᠪᠠᠷ ᠲᠤᠭᠤᠯᠬᠤ ᠬᠡᠷᠡᠭᠲᠡᠢ ᠭᠡᠳᠡᠭ ᠢ ᠬᠦᠮᠦᠰ ᠲᠤ ᠤᠬᠠᠭᠠᠷᠠᠭᠤᠯᠤᠭᠰᠠᠨ ᠶᠤᠮ᠃        ᠲᠡᠷᠡ ᠪᠠᠰᠠ ᠵᠠᠯᠠᠭᠤ ᠦᠶ᠎ᠡ ᠶᠢᠨ ᠬᠢᠨ ᠢ ︽ᠰᠠᠶᠢᠨ ᠳᠤᠷ ᠤᠳᠤᠷᠢᠳᠬᠤ︾ ᠪᠠᠷ ᠰᠡᠭᠡᠭᠡᠳᠡᠨ ᠤ ᠨᠡᠶᠢᠬᠡᠮ ᠤᠨ ᠬᠠᠷᠢᠭᠤᠴᠠᠯᠭ᠎ᠠ᠂ ᠲᠡᠷᠡᠴᠢᠯᠡᠨ ︽ᠵᠢᠷᠤᠮ ᠤᠨ ᠡᠬᠦᠷᠬᠡ︾ ᠪᠤᠯᠭᠠᠭᠰᠠᠨ ᠪᠠᠶᠢᠪᠠ᠃ ᠲᠡᠷᠡ ᠦᠨᠡᠨ ᠶᠤᠰᠤᠨ ᠤ ᠢᠳᠡᠬᠡᠯ ᠪᠢᠰᠢᠷᠠᠯ ᠪᠤᠯᠤᠨ ᠬᠦᠮᠤᠡᠯᠢᠭ ᠢᠶᠠᠷ ᠬᠠᠯᠠᠮᠵᠢᠯᠠᠬᠤ ᠵᠠᠷᠴᠢᠮ ᠢ ᠪᠠᠷᠢᠮᠳᠠᠯᠠᠵᠤ᠂ ᠡᠷᠳᠡᠮ ᠮᠡᠳᠡᠯᠬᠡ ᠪᠤᠯᠤᠨ ᠶᠤᠰᠤ ᠮᠤᠷᠠᠯ ᠤᠨ ᠬᠤᠶᠠᠷ ᠲᠠᠯ᠎ᠠ ᠶᠢᠨ ᠰᠡᠩᠬᠡᠷᠡᠭᠦᠯᠦᠯ ᠢ ᠵᠤᠷᠢᠵᠦ ᠵᠠᠯᠠᠭᠤ ᠦᠶ᠎ᠡ ᠶᠢᠨ ᠬᠢᠨ ᠤ ᠦᠵᠡᠯ ᠰᠡᠳᠬᠢᠯᠬᠡ ᠶᠢ ︽ᠦᠨᠡᠨ᠂ ᠰᠢᠳᠣᠷᠭᠤ᠂ ᠬᠦᠮᠦᠡᠯᠢᠭ︾ [4] ︵p61︶ ᠦᠷᠳᠡᠭ ᠴᠢᠨᠡᠷ ᠤᠨ ᠮᠠᠭᠠᠳᠯᠠᠯ ᠵᠦᠭ ᠬᠦᠳᠣᠯᠵᠠᠢ᠃                        ᠠᠷᠠᠪ ᠭᠠᠷᠤᠯᠳᠠᠢ ᠠᠮᠧᠷᠢᠺᠠ ᠡᠷᠳᠡᠮᠳᠡᠨ ᠡ᠊ · ᠸ᠊ · ᠰᠠᠶᠢᠳ᠋ ᠰᠡᠭᠡᠭᠡᠳᠡᠨ ᠢ ᠭᠤᠤᠯᠳᠠᠭᠤ ︽ᠪᠠᠶᠢᠭᠤᠯᠤᠮᠵᠢ ᠠᠴᠠ ᠤᠨᠳᠤᠤ ᠵᠤᠭᠰᠣᠯᠳᠠ ᠲᠠᠢ᠂ ᠨᠡᠶᠢᠭᠡᠮ ᠤᠨ ᠬᠠᠷᠢᠭᠤᠴᠠᠯᠭᠠᠳᠣ ᠤᠬᠠᠮᠰᠡᠷ ᠲᠠᠢ᠂ ᠰᠡᠵᠢᠭᠯᠡᠬᠦ ᠵᠤᠷᠢᠭ ᠰᠠᠨᠠᠭ᠎ᠠ᠂ ᠰᠢᠬᠦᠮᠵᠢᠯᠡᠬᠦ ᠵᠤᠷᠢᠭ ᠵᠢᠷᠤᠬᠡ᠂ ᠲᠤᠰᠠᠭᠠᠷ ᠬᠦᠮᠤᠨ ᠮᠦᠰᠣ ᠪᠠ ᠦᠵᠡᠯ ᠰᠠᠨᠠᠭ᠎ᠠ ᠲᠠᠢ᠂ ᠰᠢᠳᠤᠷᠭᠤ ᠪᠤᠰᠤ ᠵᠠᠰᠠᠭ ᠢ ᠡᠰᠡᠷᠭᠦᠴᠡᠵᠤ᠂ ᠬᠦᠮᠤᠨ ᠲᠦᠷᠤᠯᠬᠢᠳᠡᠨ ᠤ ᠡᠷᠬᠡ ᠴᠢᠯᠦᠭᠡᠨ ᠤ ᠲᠦᠯᠦᠭᠡ ᠠᠯᠪᠠᠳᠠᠯᠭ᠎ᠠ ᠶᠢᠨ ᠪᠤᠰᠤ ᠮᠡᠳᠡᠯᠭᠡ ᠮᠡᠳᠡᠴᠡ ᠶᠢ ᠲᠠᠷᠬᠠᠭᠠᠳᠠᠭ ᠬᠦᠮᠤᠰ︾ [5] ︵p207︶ ᠭᠡᠵᠤ ᠦᠵᠡᠳᠡᠭ᠃ ᠪᠠᠶᠢᠭᠤᠯᠤᠮᠵᠢ ᠶᠢᠨ ᠰᠢᠭᠦᠮᠵᠢᠯᠡᠯ ᠪᠤᠯ ᠰᠠᠶᠢᠳ᠋ ᠤᠨ ᠰᠡᠭᠡᠭᠡᠳᠡᠨ ᠤ ᠲᠤᠬᠠᠢ ᠦᠵᠡᠯᠳᠡ ᠦᠢᠯᠠᠭᠠᠯᠳᠠ ᠶᠢᠨ ᠬᠢᠨᠢ ᠴᠦᠮ᠎ᠡ ᠪᠤᠯᠤᠨ᠎ᠠ᠃ ᠪᠢᠳᠡ ᠯᠦᠶ᠋ᠢᠰ᠂ ᠺᠷᠡᠮᠰᠠᠢ᠂ ᠰᠠᠶᠢᠳ᠋ ᠵᠡᠷᠭᠡ ᠡᠷᠳᠡᠮᠳᠡᠳ ᠤᠨ ᠦᠵᠡᠯᠳᠡ ᠶᠢ ᠨᠢᠭ᠌ᠳᠡᠯᠡᠨ ᠰᠢᠨᠵᠢᠯᠡᠭᠰᠠᠨ ᠤ ᠰᠠᠭᠤᠷᠢᠨ ᠲᠡᠭᠡᠷ᠎ᠡ᠂ ᠰᠡᠭᠡᠭᠡᠳᠡᠨ ᠢ ᠮᠡᠳᠡᠯᠭᠡ ᠶᠢᠨ ᠬᠦᠴᠤᠨ ᠴᠢᠳᠠᠯ ᠳᠤ ᠲᠦᠰᠢᠭᠯᠡᠨ᠂ ᠡᠷᠬᠡᠳᠤ ᠬᠡᠯᠡᠬᠦᠢ ᠶᠢᠨ ︵ᠦᠵᠠᠯ ᠤᠬᠠᠮᠰᠡᠷ ᠤᠨ ᠬᠡᠯᠪᠡᠷᠢᠯ ᠤᠨ︶ ᠵᠦᠢ ᠪᠤᠰᠤ ᠴᠢᠨᠡᠷ ᠢ ᠰᠡᠵᠢᠭᠯᠡᠨ ᠱᠦᠭᠦᠵᠦ᠂ ᠨᠡᠶᠢᠭᠡᠮ ᠨᠡᠶᠢᠳᠡ ᠶᠢ ᠬᠠᠯᠠᠮᠵᠢᠯᠡᠵᠤ ᠵᠦᠢ ᠵᠤᠬᠢᠰᠳᠠᠢ ᠣᠷᠣᠰᠢᠬᠤᠢ ᠶᠢᠨ ᠬᠡᠯᠪᠡᠷᠢ ᠶᠢ ᠲᠠᠨᠢᠨ ᠮᠡᠳᠡᠬᠦᠯᠬᠦ ᠬᠠᠷᠢᠭᠤᠴᠠᠯᠭᠠᠳᠣ ᠤᠬᠠᠮᠰᠡᠷ ᠪᠦᠬᠦᠢ ᠬᠦᠮᠤᠰ ᠬᠡᠮᠡᠨ ᠦᠢᠯᠡᠭᠠᠵᠤ ᠪᠤᠯᠤᠨ᠎ᠠ᠃ ᠭᠡᠬᠦ ᠳᠡᠭᠡᠨ ᠰᠡᠭᠡᠭᠡᠳᠡᠨ ᠨᠢ ᠰᠢᠬᠦᠮᠵᠢᠯᠡᠯ ᠬᠢᠭᠡᠳ ᠰᠡᠩᠬᠡᠷᠡᠬᠦᠯᠤᠯ ᠤᠨ ᠦᠨᠳᠣᠰᠣᠨ ᠬᠤᠶᠠᠷ ᠤᠨᠴᠠᠯᠢᠭ ᠢ ᠵᠠᠪᠠᠯ ᠪᠦᠷᠢᠯᠳᠣᠬᠦᠯᠣᠭ᠍ᠰᠠᠨ ᠪᠠᠶᠢᠬᠤ ᠶᠤᠰᠤᠳᠠᠢ᠃ ᠬᠡᠷᠪᠡ ᠰᠢᠬᠦᠮᠵᠢᠯᠡᠯ ᠨᠢ ᠰᠡᠭᠡᠭᠡᠳᠡᠨ ᠤ ᠨᠡᠶᠢᠭᠡᠮ ᠤᠨ ᠬᠠᠷᠢᠭᠤᠴᠠᠯᠭ᠎ᠠ ᠭᠡᠬᠦ ᠳᠤ ᠬᠦᠷᠪᠡᠯ᠂ ᠰᠡᠩᠬᠡᠷᠡᠭᠦᠯᠦᠯ ᠨᠢ ᠰᠡᠭᠡᠭᠡᠳᠡᠨ ᠤ ᠦᠷᠳᠡᠭ ᠤᠨ ᠬᠠᠨᠳᠣᠯᠭ᠎ᠠ ᠬᠡᠮᠡᠯᠳᠡᠢ᠃ ᠸ᠊ · ᠰᠠᠶᠢᠨᠴᠤᠭᠳᠤ ᠪᠤᠯ ᠰᠠᠶᠢᠳ᠋ ᠤᠨ ᠤᠳᠬ᠎ᠠ ᠲᠡᠬᠡᠷᠡᠬᠢ ᠵᠢᠩᠬᠢᠨᠢ ᠰᠡᠬᠡᠬᠡᠳᠡᠨ ᠶᠤᠮ᠃ ᠲᠡᠷᠡ ︽ᠰᠡᠬᠡᠬᠡᠳᠡᠨ ᠨᠢ ᠵᠠᠰᠠᠭ ᠤᠨ ᠲᠤᠭᠳᠠᠯᠴᠠᠭᠠᠨ ᠤ ᠭᠠᠳᠠᠨ᠎ᠠ ᠪᠠᠶᠢᠳᠠᠭ ᠪᠦᠭᠡᠳ ᠪᠡᠶ᠎ᠡ ᠪᠠᠨ ᠲᠠᠭᠠᠭᠠᠵᠤ ᠰᠢᠬᠦᠮᠵᠢᠯᠡᠳᠡᠭ︾ [3] ︵p111︶ ᠬᠡᠵᠤ ᠰᠡᠭᠡᠭᠡᠳᠡᠨ ᠤ ᠲᠤᠬᠠᠢ ᠬᠦᠨᠵᠡᠬᠡᠢ ᠦᠢᠯᠠᠭᠠᠵᠤ ᠪᠠᠶᠢᠭᠰᠠᠨ ᠲᠡᠳᠣᠢ ᠦᠬᠡᠢ ᠦᠪᠡᠷ ᠢ ᠪᠠᠨ ᠠᠯᠪᠠᠨ ᠤ ᠪᠢᠴᠢᠭᠲᠡᠳ ᠠᠴᠠ ᠲᠤᠳᠤᠷᠬᠠᠢ  ᠢᠯᠭᠠᠵᠤ ᠪᠠᠶᠢᠪᠠ᠃ ᠡᠶᠢᠨ ᠬᠦ ᠲᠡᠷᠡ ᠢᠷᠠᠭᠤ ᠠᠯᠳᠠᠷ ᠤᠨ ᠰᠤᠷᠳᠡᠯᠴᠢᠯᠡᠯ ᠢᠶᠠᠷ ᠦᠵᠡᠯ ᠰᠠᠨᠠᠭ᠎ᠠ ᠶᠢ ᠨᠢ ᠪᠤᠬᠢᠷᠳᠠᠭᠤᠯᠬᠤ ᠶᠢ ᠡᠰᠡᠷᠬᠦᠴᠡᠵᠤ᠂ ᠪᠠᠶᠢᠭᠤᠯᠤᠮᠵᠢ ᠶᠢᠨ ᠭᠠᠳᠠᠨ᠎ᠠ ᠤᠷᠤᠰᠢᠬᠤᠢ ᠶᠢᠨ ᠤᠷᠤᠨ ᠵᠠᠢ ᠶᠢ ᠡᠷᠢᠯᠬᠢᠯᠡᠪᠡ᠃ ᠡᠶᠢᠨ ᠬᠦ ᠲᠡᠷᠡ ᠦᠪᠡᠷ ᠤᠨ ᠠᠮᠢᠳᠣᠷᠠᠯ ᠢᠶᠠᠨ ︽ᠢᠳᠡᠭᠡᠯ ᠪᠢᠰᠢᠷᠡᠯ ᠤᠨ ᠲᠠᠬᠢᠯᠭ᠎ᠠ︾᠂ ︽ᠡᠬᠡᠯ ᠶᠡᠷᠤᠮᠳᠡᠭ ᠤᠨ ᠡᠴᠢᠨ᠎ᠡ ᠲᠠᠯᠳᠠ ᠳᠠᠬᠢ ᠡᠪᠯᠡᠷᠡᠰᠢ ᠦᠬᠡᠢ ᠬᠠᠳᠠᠭᠤ ᠪᠠᠶᠢᠯᠳᠣᠭᠠᠨ︾ [2] ︵p71︶ ᠬᠡᠵᠠᠢ᠃ ᠬᠡᠷᠪᠡ ᠦᠬᠡᠷ᠎ᠡ ᠪᠤᠰᠤᠳ ᠰᠣᠳᠣᠯᠣᠭᠴᠢᠳ ᠢ ᠪᠠᠶᠢᠭᠤᠯᠤᠮᠵᠢ ᠶᠢᠨ ᠲᠤᠳᠤᠷᠠᠬᠢ ᠮᠡᠷᠭᠡᠵᠢᠯᠳᠡᠨ ᠬᠡᠪᠡᠯ᠂ ᠸ᠊ · ᠰᠠᠶᠢᠨᠴᠤᠭᠳᠤ ᠬᠠᠷᠢᠨ ᠪᠠᠶᠢᠭᠤᠯᠤᠮᠵᠢ ᠶᠢᠨ ᠭᠠᠳᠠᠨᠠᠬᠢ ᠡᠷᠳᠡᠮᠳᠡᠨ ᠪᠠᠶᠢᠭ᠎ᠠ ᠶᠤᠮ᠃ ᠲᠡᠷᠡ ᠪᠠᠶᠢᠭᠤᠯᠤᠮᠵᠢ ᠶᠢᠨ ᠭᠠᠳᠡᠨ᠎ᠡ ᠮᠤᠩᠭᠤᠯ ᠤᠳᠬ᠎ᠠ ᠰᠣᠶᠣᠯ ᠤᠨ ᠤᠷᠤᠰᠢᠬᠤᠢ ᠶᠢᠨ ᠠᠷᠭ᠎ᠠ ᠵᠠᠮ ᠢ ᠡᠷᠢᠯᠬᠢᠯᠡᠵᠤ᠂ ᠠᠮᠢᠳᠣᠷᠠᠬᠤᠢ ᠶᠢᠨ ᠤᠷᠤᠨ ᠵᠠᠢ ᠶᠢ ᠨᠠᠭᠡᠭᠡᠵᠠᠢ᠃ ᠸ᠊ · ᠰᠠᠶᠢᠨᠴᠤᠭᠲᠤ ᠬᠤᠪᠢ ᠶᠢᠨ ᠰᠦᠢᠳᠬᠡᠯ ᠢᠶᠠᠷ ᠤᠯᠠᠨ ᠨᠤᠮ ᠬᠡᠪᠯᠡᠬᠦᠯᠦᠭᠰᠠᠨ ᠲᠡᠳᠣᠢ ᠦᠬᠡᠢ᠂ ᠬᠤᠪᠢ ᠶᠢᠨ ᠰᠡᠳᠬᠦᠯ ᠢ ᠬᠡᠳᠣᠨ ᠬᠤᠭᠤᠴᠠᠭ᠎ᠠ ᠡᠷᠬᠢᠯᠡᠨ ᠬᠡᠪᠯᠡᠬᠦᠯᠵᠠᠢ᠃ ︽ᠤᠤᠭᠠᠯ ᠰᠤᠶᠤᠯ︾ ᠰᠡᠳᠬᠦᠯ ᠪᠤᠯ ᠲᠡᠬᠦᠨ ᠤ ᠡᠷᠬᠢᠯᠡᠨ ᠨᠠᠶᠢᠷᠠᠭᠤᠯᠤᠭᠰᠠᠨ ᠴᠣᠯᠣ ᠴᠡᠪᠡᠷ ᠢᠷᠭᠡᠨ ᠤ ᠰᠢᠨᠵᠢᠳᠠᠢ ᠡᠷᠳᠡᠮ ᠰᠢᠨᠵᠢᠯᠡᠭᠡᠨ ᠤ ᠰᠡᠳᠬᠦᠯ ᠪᠤᠯᠤᠨ᠎ᠠ᠃ ᠰᠡᠳᠬᠦᠯ ᠤᠨ ᠡᠷᠬᠢᠯᠡᠭᠰᠠᠨ ᠵᠤᠷᠢᠯᠳᠡ ᠭᠡᠰᠠᠨ ᠦᠬᠡᠢ᠂ ᠡᠬᠡ ᠪᠢᠴᠢᠭ ᠤᠨ ᠢᠷᠡᠯᠳᠡ ᠭᠡᠰᠡᠨ ᠦᠬᠡᠢ ᠪᠦᠷ ᠴᠣᠯᠣ ᠴᠡᠪᠡᠷ ᠢᠷᠭᠡᠨ ᠤ ᠰᠢᠨᠵᠢᠳᠠᠢ ᠡᠷᠳᠡᠮ ᠰᠢᠨᠵᠢᠯᠡᠭᠡᠨ ᠤ ᠰᠡᠳᠬᠦᠯ ᠪᠤᠯᠤᠭᠰᠠᠨ ᠢ ᠭᠡᠷᠡᠴᠢᠯᠡᠨ᠎ᠡ᠃        ᠭᠤᠷᠪᠠ᠂ ᠡᠷᠳᠡᠮ ᠰᠢᠨᠵᠢᠯᠡᠭᠡ᠄ ᠤᠤᠭᠠᠯ ᠰᠣᠶᠣᠯ ᠤᠨ ᠬᠦᠮᠤᠨ ᠵᠦᠢ ᠶᠢᠨ ᠤᠨᠤᠯ ᠤᠨ ᠴᠤᠭᠴᠠᠯᠠᠯ        ᠮᠢᠨᠤ ᠦᠵᠡᠬᠦ ᠪᠠᠷ᠂ ᠸ᠊ · ᠰᠠᠶᠢᠨᠴᠤᠭᠳᠤ ᠶᠢᠨ ᠡᠷᠳᠡᠮ ᠰᠢᠨᠵᠢᠯᠡᠭᠡ ᠶᠢ ᠤᠳᠤᠬᠠᠨ᠎ᠠ ᠬᠤᠶᠡᠷ ᠱᠠᠳᠤ ᠬᠤᠪᠢᠶᠠᠵᠤ ᠪᠤᠯᠤᠨ᠎ᠠ᠄                      ᠨᠢᠬᠡᠳᠡᠬᠢ ᠱᠠᠳᠣ ᠨᠢ᠄ ᠰᠣᠶᠣᠯ ᠤᠨ ᠤᠯᠠᠮᠵᠢᠯᠠᠯ ᠤᠨ ᠠᠷᠢᠭᠤᠳᠬᠠᠯ ︵1988 ᠤᠨ ᠠᠴᠠ 2002 ᠤᠨ ᠬᠦᠷᠳᠡᠯᠡᠬᠢ ᠬᠤᠭᠤᠴᠠᠭ᠎ᠠ︶᠃ ᠨᠢᠭᠡᠳᠡᠬᠢ ᠱᠠᠳᠣᠨ ᠳᠤ ︽ᠲᠤᠮᠤᠭ ᠦᠯᠢᠭᠡᠷ ᠤᠨ ᠰᠣᠳᠣᠯᠣᠯ︾ ︵1998︶᠂ ︽ᠠᠮᠢ ᠶᠢᠨ ᠰᠢᠳᠣᠯᠭᠡ︾ ︵1998︶᠂ ︽ᠮᠤᠩᠭᠤᠯᠴᠤᠳ ᠤᠨ ᠲᠤᠮ︾ ︵1999︶᠂ ︽ᠲᠡᠮᠳᠡᠭ ᠤᠨ ᠰᠣᠶᠣᠯ︾ ︵2000︶ ᠵᠡᠷᠬᠡ ᠪᠦᠳᠣᠬᠡᠯ ᠪᠠᠭᠳᠠᠨ᠎ᠠ᠃        ᠬᠤᠶᠡᠳᠡᠬᠢ ᠱᠠᠳᠣ ᠨᠢ᠄ ᠤᠨᠤᠯ ᠤᠨ ᠲᠤᠭᠳᠠᠯᠴᠠᠭᠠᠨ ᠤ ᠴᠤᠭᠴᠠᠯᠠᠯ ︵2003 ᠤᠨ ᠠᠴᠠ ᠬᠤᠶᠢᠰᠢᠬᠢ ᠬᠤᠭᠤᠴᠠᠭ᠎ᠠ︶᠃ ᠬᠤᠶᠠᠳᠡᠬᠢ ᠱᠠᠳᠣᠨ ᠳᠤ ︽ᠤᠤᠭᠠᠯ ᠰᠣᠶᠣᠯ ᠤᠨ ᠬᠦᠮᠤᠨ ᠵᠦᠢ︾ ︵2003︶᠂ ︽ᠡᠯ ᠪᠠᠶᠢᠴᠠ ᠳᠤ ᠰᠠᠭᠤᠬᠤ ᠶᠢᠨ ᠶᠤᠰᠤᠨ︾ ︵2004︶᠂ ᠤᠤᠭᠠᠯ ᠰᠣᠶᠣᠯ ᠤᠨ ᠴᠤᠪᠤᠷᠠᠯ ᠪᠢᠴᠢᠭ — ︽ᠰᠣᠶᠣᠯ ᠤᠨ ᠰᠢᠬᠦᠮᠵᠢᠯᠡᠯ︾ ︵2006︶᠂ ︽ᠤᠤᠭᠠᠯ ᠰᠣᠶᠣᠯ ᠤᠨ ᠬᠦᠮᠤᠨ ᠵᠦᠢ ᠶᠢᠨ ᠬᠠᠷᠠᠴᠠ︾ ︵2006︶᠂ ︽︿ᠮᠤᠩᠭᠤᠯ ᠤᠨ ᠨᠢᠭᠤᠴᠠ ᠲᠤᠪᠴᠢᠶᠠᠨ﹀ ᠤ ᠰᠣᠶᠣᠯ ᠤᠨ ᠲᠠᠶᠢᠯᠤᠯᠭ᠎ᠠ︾ ︵2006︶᠂ ︽ᠰᠦᠨᠤᠭ᠍ᠰᠠᠨ ᠲᠠᠶᠢᠭ᠎ᠠ︾ ︵2007︶᠂ ︽ᠠᠵᠠᠢ ᠮᠦᠮᠤ ᠶᠢᠨ ᠬᠡᠯᠡᠭᠰᠠᠨ ᠦᠯᠢᠭᠡᠷ︾ ︵2008︶᠂ ︽ᠮᠤᠩᠭᠤᠯ ᠤᠨ ᠨᠡᠪᠳᠡᠷᠬᠡᠢ ᠲᠡᠤᠬᠡ ᠪᠠ ︿ᠮᠤᠩᠭᠤᠯ ᠤᠨ ᠨᠢᠭᠤᠴᠠ ᠲᠤᠪᠴᠢᠶᠠᠨ﹀︾ ︵2011︶ ᠬᠢᠭᠡᠳ 2006 ᠤᠨ ᠠᠴᠠ ᠸ᠊ · ᠰᠠᠶᠢᠨᠴᠤᠭᠳᠤ ᠡᠷᠬᠢᠯᠡᠨ ᠨᠠᠶᠢᠷᠠᠭᠤᠯᠤᠭᠰᠠᠨ ︽ᠤᠤᠭᠠᠯ ᠰᠤᠶᠤᠯ︾ ᠡᠷᠳᠡᠮ ᠰᠢᠨᠵᠢᠯᠡᠬᠡᠨ ᠤ ᠰᠡᠳᠬᠦᠯ ︵ᠨᠠᠶᠢᠳᠠ ᠲᠦᠷᠪᠡᠨ ᠬᠤᠭᠤᠴᠠᠭ᠎ᠠ ᠬᠡᠪᠯᠡᠭᠳᠡᠪᠡ︶ ᠵᠡᠷᠬᠡ ᠪᠤᠢ᠃                  ︽ᠪᠢ ᠬᠤᠪᠢ ᠳᠠᠭᠠᠨ ᠦᠪᠤᠷ ᠮᠤᠩᠭᠤᠯ ᠤᠨ ᠬᠡᠬᠡᠷᠡᠯ ᠤᠨ ᠡᠷᠡᠮᠡᠯᠵᠡᠯ ᠡᠷᠳᠡᠮ ᠰᠢᠨᠵᠢᠯᠡᠬᠡᠨ ᠤ ᠬᠢᠨ ᠳᠤ ᠪᠤᠢ ᠬᠡᠵᠤ ᠪᠤᠳᠦᠳᠠᠭ︾ [4] (p143)᠃ ︽ᠡᠷᠳᠡᠮ ᠰᠢᠨᠵᠢᠯᠡᠭᠡ ᠬᠡᠳᠡᠭ ᠪᠤᠯ ᠦᠨᠡᠨ ᠢ ᠤᠯᠬᠤ ᠵᠤᠷᠢᠯᠭ᠎ᠠ ᠲᠠᠢ ᠠᠵᠢᠯ ᠮᠦᠨ ᠲᠤᠯᠠᠳᠡ ᠮᠡᠳᠡᠯᠬᠡ ᠶᠢᠨ ᠲᠡᠬᠡᠳᠤ ᠬᠡᠮᠵᠢᠶ᠎ᠡ ᠶᠢ ᠲᠦᠯᠦᠬᠡᠯᠡᠳᠡᠭ ᠪᠦᠭᠡᠳ ᠶᠤᠰᠤ ᠮᠤᠷᠠᠯ ᠤᠨ ᠦᠨᠳᠣᠰᠣᠨ ᠪᠠᠷᠢᠮᠵᠢᠶ᠎ᠠ ᠶᠢ ᠠᠶᠠᠨᠳᠠᠭᠠᠨ ᠢᠯᠡᠷᠬᠡᠶᠢᠯᠡᠳᠡᠭ᠃︾ [4] (p144)᠂ ︽ᠡᠷᠳᠡᠮ ᠰᠢᠨᠵᠢᠯᠡᠭᠡ ᠬᠡᠳᠡᠭ ᠪᠤᠯ ᠠᠮᠢ ᠵᠢᠭᠤᠬᠤ ᠠᠷᠭ᠎ᠠ ᠬᠡᠯᠪᠡᠷᠢ ᠲᠡᠳᠣᠢ ᠪᠢᠰᠢ᠂ ᠨᠡᠩ ᠴᠢᠬᠤᠯᠠ ᠨᠢ ᠮᠡᠳᠡᠯᠭᠡ ᠶᠢᠨ ᠬᠦᠨᠵᠡᠬᠡᠶᠢᠷᠡᠯ ᠠᠴᠠ ᠶᠤᠰᠤ ᠮᠤᠷᠠᠯ ᠤᠨ ᠲᠡᠬᠦᠯᠳᠡᠷᠵᠢᠯ ᠳᠤ ᠬᠦᠷᠬᠦ ᠶᠠᠪᠤᠳᠠᠯ ᠶᠤᠮ᠃︾ [6] (p34)᠃ ᠡᠶᠢᠨ ᠬᠦ ᠡᠷᠳᠡᠮ ᠰᠢᠨᠵᠢᠯᠡᠬᠡᠨ ᠤ ᠠᠵᠢᠯ ᠨᠢ ᠦᠨᠡᠨ ᠢ ᠪᠠᠷᠢᠮᠳᠠᠯᠠᠬᠤ ᠠᠴᠠ ᠪᠢᠰᠢ ᠡᠷᠬᠡ ᠳᠤ ᠠᠶᠠᠯᠳᠠᠨ ᠳᠠᠭᠠᠵᠤ ᠪᠤᠯᠬᠤ ᠦᠬᠡᠢ᠂ ᠡᠷᠳᠡᠮ ᠰᠢᠨᠵᠢᠯᠡᠭᠡᠨ  ᠤ ᠶᠤᠰᠤ ᠮᠤᠷᠠᠯ ᠤᠨ ᠵᠠᠷᠴᠢᠮ ᠨᠢ ᠦᠨᠡᠨ ᠢ ᠤᠯᠬᠤ ᠵᠤᠷᠢᠯᠲᠠ ᠳᠤ ᠦᠨᠳᠣᠰᠣᠯᠡᠭᠰᠡᠨ ᠪᠠᠶᠢᠬᠤ ᠶᠤᠰᠤᠳᠠᠢ ᠬᠡᠵᠤ ᠦᠵᠡᠳᠡᠭ᠃        ᠲᠡᠷᠡ ᠦᠪᠤᠷ ᠮᠤᠩᠭᠤᠯ ᠤᠨ ᠬᠠᠳᠠᠭᠤ ᠪᠡᠷᠬᠡ ᠨᠡᠶᠢᠬᠡᠮ ᠤᠨ ᠤᠷᠴᠢᠨ ᠨᠦᠬᠦᠴᠡᠯ ᠳᠤ ᠬᠤᠷᠢᠭᠠᠳ ᠵᠢᠯ ᠬᠠᠯᠠᠰᠢᠷᠠᠯ ᠦᠬᠡᠢ ᠵᠢᠳᠬᠦᠨ ᠴᠢᠷᠮᠠᠶᠢᠵᠤ᠂ ᠤᠤᠭᠠᠯ ᠰᠤᠶᠤᠯ ᠤᠨ ᠬᠦᠮᠤᠨ ᠵᠦᠢ ᠶᠢᠨ ᠡᠷᠳᠡᠮ ᠰᠢᠨᠵᠢᠯᠡᠭᠡ ᠶᠢ ᠡᠭᠦᠰᠭᠡᠨ ᠪᠠᠶᠢᠭᠤᠯᠪᠠ᠃ ᠵᠢᠱᠢᠶᠡᠯᠡᠪᠡᠯ᠂ ᠤᠷᠠᠨ ᠵᠤᠬᠢᠶᠠᠯ ᠤᠨ ᠬᠦᠮᠤᠨ ᠵᠦᠢ᠂ ᠠᠮᠢ ᠠᠬᠤᠢ ᠶᠢᠨ ᠬᠦᠮᠤᠨ ᠵᠦᠢ᠂ ᠲᠡᠤᠬᠡᠨ ᠬᠦᠮᠤᠨ ᠵᠦᠢ᠂ ᠱᠠᠰᠢᠨ ᠤ ᠬᠦᠮᠤᠨ ᠵᠦᠢ᠂ ᠰᠤᠶᠤᠯ ᠤᠨ ᠬᠦᠮᠤᠨ ᠵᠦᠢ ᠬᠡᠬᠦ ᠮᠡᠳᠣ᠃ ᠡᠶᠢᠨ ᠬᠦ ᠲᠡᠬᠦᠨ ᠤ ᠦᠪᠤᠷ ᠮᠤᠩᠭᠤᠯ ᠤᠨ ᠡᠷᠳᠡᠮ ᠰᠢᠨᠵᠢᠯᠡᠬᠡᠨ ᠤ ᠬᠦᠷᠢᠶᠡᠨ ᠳᠤ ᠬᠢᠭᠰᠡᠨ ᠰᠢᠨᠡᠴᠢᠯᠡᠯ ᠨᠢ ᠤᠷᠢᠳ ᠡᠮᠤᠨ᠎ᠡ ᠪᠠᠶᠢᠭ᠎ᠠ ᠦᠬᠡᠢ ᠬᠤᠪᠢᠰᠬᠠᠯ ᠤᠨ ᠴᠢᠨᠡᠷᠳᠠᠢ ᠶᠤᠮ᠃ ᠡᠬᠦᠨ ᠢ ᠲᠡᠬᠦᠨ ᠤ ᠦᠪᠡᠷ ᠤᠨ ᠬᠢᠨᠢ ᠦᠬᠡ ᠪᠠᠷ ᠬᠡᠯᠡᠪᠡᠯ᠂ ︽ᠦᠪᠤᠷ ᠮᠤᠩᠭᠤᠯ ᠳᠤ ᠰᠢᠨ᠎ᠡ ᠡᠷᠳᠡᠮ ᠰᠢᠨᠵᠢᠯᠡᠬᠡᠨ ᠤ ᠬᠦᠳᠡᠯᠬᠡᠬᠡᠨ ᠢ ᠰᠡᠳᠣᠵᠤ ᠰᠠᠨᠠᠭᠠᠴᠢᠯᠡᠭᠰᠠᠨ︾ [2] (p18) ᠪᠠᠶᠢᠭ᠎ᠠ ᠶᠤᠮ᠃        ᠦᠨᠤᠳᠤᠷ ᠤᠨ ᠦᠪᠤᠷ ᠮᠤᠩᠭᠤᠯ ᠪᠢᠴᠢᠭᠳᠡᠨ ᠤ ᠲᠤᠳᠤᠷ᠎ᠡ ᠠᠴᠠ ᠬᠠᠷᠢᠴᠠᠭᠤᠯᠵᠤ ᠦᠵᠡᠪᠡᠯ ᠸ᠊ · ᠰᠠᠶᠢᠨᠴᠤᠭᠳᠤ ᠶᠢᠨ ᠡᠷᠳᠡᠮ ᠰᠢᠨᠵᠢᠯᠡᠬᠡᠨ ᠤ ᠪᠤᠯᠪᠠᠰᠣᠷᠠᠯ ᠪᠦᠬᠦ ᠲᠠᠯ᠎ᠠ ᠶᠢᠨ ᠬᠢ ᠪᠠᠶᠢᠳᠠᠭ᠃ ᠬᠡᠷᠪᠡ ᠪᠠᠶᠢᠭᠤᠯᠤᠮᠵᠢ ᠶᠢᠨ ᠲᠤᠳᠤᠷᠠᠬᠢ ᠮᠡᠷᠭᠡᠵᠢᠯᠳᠡᠨ ᠢ ᠮᠡᠷᠭᠡᠵᠢᠯ ᠤᠨ ᠪᠠᠷᠢᠮᠵᠢᠶᠠᠳᠣ ᠪᠦᠳᠣᠭᠡᠭᠳᠡᠬᠦᠨ ᠬᠡᠬᠦ ᠳᠤ ᠬᠦᠷᠪᠡᠯ᠂ ᠸ᠊ · ᠰᠠᠶᠢᠨᠴᠤᠭᠳᠤ ᠬᠠᠷᠢᠨ ᠮᠡᠷᠬᠡᠵᠢᠯ ᠰᠣᠨᠳᠠᠯᠠᠭᠰᠠᠨ ᠦᠪᠡᠷᠮᠢᠴᠡ ᠤᠷᠤᠰᠢᠬᠤᠢ ᠶᠤᠮ᠃ ᠡᠨᠡ ᠨᠢ ᠲᠡᠬᠦᠨ ᠤ ᠰᠣᠶᠣᠯ ᠬᠦᠮᠤᠨ ᠵᠦᠢ ᠶᠢᠨ ᠰᠣᠳᠣᠯᠭᠠᠨ ᠤ ᠪᠠᠭᠳᠠᠭᠠᠮᠵᠢᠳᠣ ᠴᠢᠨᠡᠷ ᠠᠴᠠ ᠲᠤᠭᠳᠠᠭᠠᠭᠳᠠᠭᠰᠠᠨ ᠪᠤᠯ᠂  ᠤᠯᠠᠨ ᠬᠦᠷᠢᠶᠡᠨ ᠤ ᠤᠨᠤᠯ ᠰᠣᠳᠣᠯᠭᠠᠨ ᠤ ᠰᠢᠨ᠎ᠡ ᠨᠡᠭᠡᠭᠡᠯᠳᠡ ᠪᠠᠷ ᠢᠶᠠᠨ ᠲᠡᠷᠡ ᠪᠦᠷᠢᠨ ᠴᠢᠳᠡᠪᠤᠷᠢ ᠪᠠᠨ ᠢᠯᠡᠷᠡᠬᠦᠯᠪᠠ᠃ ᠲᠡᠬᠦᠨ ᠤ ᠡᠬᠦᠰᠬᠡᠨ ᠪᠠᠶᠢᠭᠤᠯᠤᠭᠰᠠᠨ ︽ᠤᠤᠭᠠᠯ ᠰᠣᠶᠣᠯ ᠤᠨ ᠬᠦᠮᠤᠨ ᠵᠦᠢ ᠶᠢᠨ ᠤᠨᠤᠯ ᠤᠨ ᠲᠤᠭᠳᠠᠯᠴᠠᠭ᠎ᠠ︾  ᠨᠢ ᠬᠠᠮᠤᠭ ᠨᠠᠭᠠᠲᠤ ᠵᠠᠬ᠎ᠠ ᠳᠠᠭᠠᠨ ︽ᠲᠡᠮᠳᠡᠭ ᠤᠨ ᠬᠦᠮᠤᠨ ᠵᠦᠢ᠂ ᠠᠮᠢ ᠶᠢᠨ ᠬᠦᠮᠤᠨ ᠵᠦᠢ᠂ ᠵᠢᠴᠢ ᠲᠤᠮᠤᠭ ᠵᠦᠢ᠂ ᠲᠡᠤᠬᠡᠨ ᠬᠦᠮᠤᠨ ᠵᠦᠢ᠂ ᠠᠮᠢ ᠠᠬᠤᠢ ᠶᠢᠨ ᠬᠦᠮᠤᠨ ᠵᠦᠢ᠂ ᠱᠠᠰᠢᠨ ᠤ ᠬᠦᠮᠤᠨ ᠵᠦᠢ᠂ ᠤᠷᠴᠢᠨ ᠦᠶ᠎ᠡ ᠶᠢᠨ ᠡᠲᠨᠤᠭ᠍ᠷᠡᠹᠢ ︵ᠬᠦᠮᠤᠨ ᠵᠦᠢ ᠶᠢᠨ ᠪᠢᠴᠢᠮᠡᠯ ᠬᠡᠷᠡᠭᠯᠡᠭᠳᠡᠬᠦᠨ — ᠡᠰᠢᠯᠡᠭᠴᠢ︶︾ [6] (p191) ᠵᠡᠷᠬᠡ ᠠᠭᠤᠯᠭ᠎ᠠ ᠪᠦᠷᠢᠯᠳᠣᠬᠦᠨ ᠲᠠᠢ᠃ ᠲᠡᠷᠡ ᠰᠢᠳᠣᠯᠬᠡ ᠮᠦᠷᠬᠦᠯ ᠤᠨ ᠵᠠᠩ ᠦᠢᠯᠡ᠂ ᠠᠮᠠᠨ ᠵᠤᠬᠢᠶᠠᠯ ᠤᠨ ᠡᠬᠡ ᠰᠡᠳᠣᠪ ᠵᠡᠷᠬᠡ ᠰᠣᠶᠣᠯ ᠤᠨ ᠤᠯᠠᠮᠵᠢᠯᠠᠯ ᠢ ᠭᠦᠨᠵᠡᠭᠡᠢ ᠠᠭᠤᠳᠠᠯᠠᠵᠤ᠂ ︽ᠲᠡᠮᠳᠡᠭ ᠤᠨ ᠦᠨᠳᠣᠰᠣᠨ ᠡᠬᠦᠷᠭᠡᠴᠢᠯᠡᠯ ᠪᠤᠯ ᠰᠣᠶᠣᠯ ᠤᠨ ᠣᠷᠣᠰᠢᠬᠤᠢ ᠶᠢ ᠬᠠᠮᠠᠭᠠᠯᠠᠬᠤ᠂ ᠤᠯᠠᠮᠵᠢᠯᠠᠯ ᠢ ᠦᠷᠬᠦᠯᠵᠢᠯᠡᠬᠦᠯᠬᠦ ᠶᠠᠪᠤᠳᠠᠯ ᠮᠦᠨ︾ [6] (p152) ᠬᠡᠪᠡ᠃ ᠲᠡᠷᠡ ᠪᠠᠷ ᠤᠤᠭᠠᠯ ᠰᠣᠶᠣᠯ ᠤᠨ ᠵᠤᠭᠰᠤᠯᠳᠠ ᠪᠠᠨ ︽ᠪᠢᠳᠡᠨ ᠤ ᠤᠤᠭᠠᠯ ᠰᠣᠶᠣᠯ ᠤᠨ ᠵᠤᠭᠰᠤᠯᠳᠠ ᠪᠤᠯ᠂ ᠪᠡᠶ᠎ᠡ ᠪᠠᠨ ᠲᠠᠭᠠᠭᠠᠭᠰᠠᠨ ᠤᠯᠠᠮᠵᠢᠯᠠᠯ ᠢᠶᠠᠨ ᠲᠠᠬᠢᠨ ᠲᠤᠩᠬᠠᠭᠯᠠᠬᠤ ᠶᠠᠪᠤᠳᠠᠯ ᠪᠤᠯᠤᠨ᠎ᠠ︾ [3](p213)᠃ ︽ᠤᠤᠭᠠᠯ ᠰᠣᠶᠣᠯ ᠤᠨ ᠬᠦᠮᠤᠨ ᠵᠦᠢ ᠶᠢᠨ ᠦᠨᠳᠣᠰᠣᠨ ᠵᠤᠭᠰᠣᠯᠳᠠ ᠭᠡᠪᠡᠯ᠂ ᠬᠠᠷᠢ ᠬᠡᠯᠡᠳᠣ ᠡᠷᠳᠡᠮ ᠰᠢᠨᠵᠢᠯᠡᠬᠡᠨ ᠤ ᠨᠦᠯᠦᠭᠡᠨ ᠠᠴᠠ ᠮᠤᠯᠳᠤᠷᠠᠵᠤ ᠵᠢᠩᠬᠢᠨᠢ ᠮᠤᠩᠭᠤᠯ ᠦᠨᠳᠣᠰᠣᠳᠠᠨ ᠤ ᠨᠠᠲ᠋ᠢᠸᠢᠰᠲ᠋ᠢᠭ ︵ᠤᠤᠭᠠᠯ ᠰᠣᠶᠣᠯ ᠬᠡᠳᠡᠭ ᠠᠩᠯᠢ ᠦᠬᠡ — ᠡᠰᠢᠯᠡᠭᠴᠢ︶ ᠬᠦᠮᠤᠨ ᠵᠦᠢ ᠶᠢ ᠴᠤᠭᠴᠠᠯᠠᠨ ᠪᠠᠶᠢᠭᠤᠯᠬᠤ ᠶᠠᠪᠤᠳᠠᠯ ᠮᠦᠨ᠃︾ [6] (p192) ᠬᠡᠵᠤ ᠲᠤᠳᠤᠷᠬᠠᠶᠢᠯᠠᠭᠰᠠᠨ ᠪᠠᠶᠢᠪᠠ᠃ ᠡᠶᠢᠨ ᠬᠦ ᠲᠡᠷᠡ ᠤᠷᠴᠢᠨ ᠦᠶ᠎ᠡ ᠶᠢᠨ ᠦᠪᠤᠷ ᠮᠤᠩᠭᠤᠯ ᠤᠨ ᠨᠡᠶᠢᠭᠡᠮ ᠰᠣᠶᠣᠯ ᠤᠨ ᠬᠤᠪᠢᠷᠠᠯᠳᠠ ᠶᠢ ᠤᠨᠣᠪᠴᠢᠳᠠᠢ᠂ ᠦᠢᠯᠠᠭᠠᠮᠵᠢᠳᠠᠢ ᠪᠦᠬᠡᠳ ᠨᠡᠪᠳᠡᠷᠬᠡᠢ ᠲᠦᠷᠰᠣᠯᠡᠬᠦ ᠪᠠᠷ ᠦᠪᠡᠷ ᠤᠨ ᠡᠷᠳᠡᠮ ᠰᠢᠨᠵᠢᠯᠡᠬᠡᠨ ᠤ ᠬᠦᠬᠡᠬᠡᠴᠡᠯᠳᠣᠯ ᠪᠠᠨ ᠪᠤᠯᠭᠠᠭᠰᠠᠨ ᠪᠠᠶᠢᠪᠠ᠃          ᠲᠡᠷᠡ ᠤᠤᠭᠠᠯ ᠰᠣᠶᠣᠯ ᠤᠨ ᠬᠦᠮᠤᠨ ᠵᠦᠢᠴᠢ ᠦᠪᠡᠷ ᠤᠨ ᠰᠣᠶᠣᠯ ᠢᠶᠠᠨ ᠰᠣᠳᠣᠯᠵᠣ ︽ᠰᠣᠶᠣᠯ ᠤᠨ ᠬᠦᠨ ᠪᠦᠳᠣᠴᠠ ᠶᠢ ᠤᠨᠤᠭᠠᠭᠰᠠᠨ ᠬᠦᠴᠤᠨ ᠲᠡᠬᠦᠯᠳᠡᠷ ᠲᠠᠶᠢᠯᠪᠤᠷᠢᠯᠡᠯ ᠤᠨ ᠦᠯᠢᠬᠡᠷ ᠬᠡᠪ ᠢ ᠪᠦᠳᠣᠭᠡᠬᠦ ᠪᠤᠯᠤᠮᠵᠢᠳᠠᠢ ︾ [6] (p131) ᠬᠡᠵᠤ ᠦᠵᠡᠪᠡ᠃ ᠲᠡᠷᠡ ︽ᠲᠤᠮᠤᠭ︾᠂ ︽ᠲᠤᠮᠤᠭ ᠦᠯᠢᠬᠡᠷ︾᠂ ︽ᠠᠮᠢ︾᠂ ︽ᠠᠮᠢᠯᠠᠭ᠎ᠠ︾᠂ ︽ᠰᠢᠨᠵᠢ︾᠂ ︽ᠲᠡᠮᠳᠡᠭ︾᠂ ︽ᠪᠢᠴᠢᠭᠳᠡᠨ︾᠂ ︽ᠰᠡᠭᠡᠭᠡᠳᠡᠨ︾᠂ ︽ᠤᠤᠭᠠᠯ ᠰᠤᠶᠤᠯ︾ ᠪᠠ ︽ᠬᠠᠷᠢ ᠰᠤᠶᠤᠯ︾ ︽ᠠᠯᠪᠠᠨ ᠤ ᠡᠷᠳᠡᠮ ᠰᠢᠨᠵᠢᠯᠡᠭᠡ︾ ᠪᠠ ︽ᠢᠷᠬᠡᠨ ᠤ ᠡᠷᠳᠡᠮ ᠰᠢᠨᠵᠢᠯᠡᠭᠡ︾ ᠵᠡᠷᠬᠡ ᠮᠠᠰᠢ ᠤᠯᠠᠨ ᠠᠢ ᠤᠬᠠᠭᠳᠠᠬᠤᠨ ᠢ ᠲᠤᠷᠠᠤᠴᠤ᠂ ᠦᠪᠡᠷ ᠤᠨ ᠤᠨᠤᠯ ᠤᠨ ᠬᠡᠯᠡ ᠪᠠᠷ ᠤᠤᠭᠠᠯ ᠰᠣᠶᠣᠯ ᠤᠨ ᠮᠦᠨ ᠴᠢᠨᠡᠷ ᠢ ᠤᠨᠤᠭᠠᠨ ᠲᠦᠷᠰᠣᠯᠡᠵᠤ᠂ ᠦᠵᠡᠯ ᠰᠠᠨᠠᠭᠠᠨ ᠤ ᠦᠪᠡᠷᠮᠢᠴᠡ ᠤᠯᠠᠮᠵᠢᠯᠠᠯ ᠢ ᠵᠢᠷᠤᠮᠵᠢᠭᠤᠯᠤᠨ ᠲᠤᠳᠤᠷᠠᠭᠤᠯᠵᠤ᠂ ᠰᠢᠨ᠎ᠡ ᠳ᠋ᠦᠩᠨᠡᠯᠳᠡ ᠰᠢᠨ᠎ᠡ ᠦᠵᠡᠯᠳᠡ ᠶᠢ ᠲᠡᠪᠰᠢᠬᠦᠯᠦᠭᠰᠠᠨ ᠲᠡᠳᠣᠢ ᠦᠬᠡᠢ᠂ ᠦᠪᠡᠷᠮᠢᠴᠡ ᠲᠠᠶᠢᠯᠪᠤᠷᠢᠯᠡᠯ ᠤᠨ ᠬᠦᠴᠤᠨ ᠴᠢᠳᠠᠯ ᠪᠦᠬᠦᠢ ᠦᠪᠡᠷ ᠤᠨ ᠤᠨᠤᠯ ᠤᠨ ᠲᠤᠭᠳᠠᠯᠴᠠᠭ᠎ᠠ ᠪᠠᠨ ᠴᠤᠭᠴᠠᠯᠠᠨ ᠪᠠᠶᠢᠭᠤᠯᠵᠠᠢ ᠃              ᠲᠡᠭᠡᠷᠡᠬᠢ ᠦᠬᠦᠯᠡᠯᠳᠡ ᠶᠢ ᠬᠤᠷᠢᠶᠠᠩᠭᠤᠶᠢᠯᠠᠪᠡᠯ᠂ ᠲᠡᠬᠦᠨ ᠤ ᠲᠤᠷᠠᠳᠤᠭᠰᠠᠨ ᠠᠢ ᠤᠬᠠᠭᠳᠠᠬᠤᠨ ᠬᠢᠭᠡᠳ ᠤᠨᠤᠯ ᠤᠨ ᠬᠡᠯᠡᠬᠦᠢ ᠨᠢ ᠤᠵᠠᠭᠤᠷ ᠪᠦᠳᠤᠬᠡᠯᠴᠢ ᠰᠢᠨᠵᠢᠳᠠᠢ᠂ ᠦᠪᠡᠷᠮᠢᠴᠡ ᠲᠠᠶᠢᠯᠪᠤᠷᠢᠯᠡᠯ ᠤᠨ ᠰᠢᠨᠵᠢᠳᠠᠢ᠂ ᠪᠠᠶᠠᠯᠢᠭ ᠪᠤᠳᠤᠯᠢᠶᠠᠨᠳᠣ ᠰᠢᠨᠵᠢᠳᠠᠢ ᠮᠦᠷᠳᠡᠬᠡᠨ ᠰᠢᠰᠲ᠋ᠧᠮ ᠲᠤᠭᠳᠠᠯᠴᠠᠭᠠᠳᠣ ᠰᠢᠨᠵᠢᠳᠠᠢ᠃ ᠸ᠊ · ᠰᠠᠶᠢᠨᠴᠤᠭᠳᠤ ᠪᠤᠯ ᠮᠤᠩᠭᠤᠯ ᠦᠨᠳᠣᠰᠣᠳᠠᠨ ᠤ ᠤᠷᠴᠢᠨ ᠤᠳᠤ ᠦᠶ᠎ᠡ ᠶᠢᠨ ᠲᠡᠤᠬᠡᠨ ᠲᠡᠬᠡᠷᠡᠬᠢ ᠴᠤᠷ ᠤᠨ ᠭᠠᠭᠴᠠ ᠬᠦᠮᠤᠨ ᠵᠦᠢ ᠶᠢᠨ ᠤᠨᠤᠯ ᠤᠨ ᠲᠤᠭᠳᠠᠯᠴᠠᠭ᠎ᠠ ᠲᠠᠢ ᠰᠣᠶᠣᠯ ᠵᠦᠢᠴᠢ ᠪᠤᠯᠤᠨ᠎ᠠ᠃ ᠨᠡᠩ ᠤᠨᠤᠪᠴᠢᠳᠠᠢ ᠬᠡᠯᠡᠪᠡᠯ᠂ ᠬᠦᠮᠤᠨ ᠵᠦᠢ ᠶᠢᠨ ᠮᠡᠷᠬᠡᠵᠢᠯ ᠦᠪᠤᠷ ᠮᠤᠩᠭᠤᠯ ᠳᠤ ᠨᠡᠪᠳᠡᠷᠡᠭᠰᠠᠨ ᠠᠴᠠ ᠰᠡᠬᠦᠯᠡᠷ᠂ ᠬᠠᠮᠤᠭ ᠲᠡᠷᠢᠬᠦᠨ ᠳᠤ ᠦᠪᠡᠷ ᠤᠨ ᠤᠨᠤᠯ ᠤᠨ ᠲᠤᠭᠳᠠᠯᠴᠠᠭ᠎ᠠ ᠪᠠᠨ ᠪᠠᠶᠢᠭᠤᠯᠤᠭᠰᠠᠨ ᠡᠷᠳᠡᠮᠳᠡᠨ ᠪᠤᠯᠤᠨ᠎ᠠ᠃ ᠸ᠊ · ᠰᠠᠶᠢᠨᠴᠤᠭᠳᠤ ᠶᠢᠨ ᠰᠣᠳᠣᠯᠭᠠᠨ ᠤ ᠠᠵᠢᠯ ᠤᠨ ᠤᠳᠬ᠎ᠠ ᠠᠭᠤᠯᠭ᠎ᠠ ᠬᠢᠭᠡᠳ ᠬᠤᠪᠢ ᠨᠡᠮᠡᠬᠦᠷᠢ ᠨᠢ ᠴᠤ ᠡᠬᠦᠨ ᠳᠤ ᠪᠤᠢ᠃ ᠵᠠᠷᠢᠮ ᠡᠷᠳᠡᠮᠳᠡᠳ ᠦᠪᠡᠷᠮᠢᠴᠡ ᠦᠵᠡᠯᠲᠡ ᠲᠠᠢ ᠪᠤᠯᠪᠠᠴᠤ᠂ ᠦᠪᠡᠷ ᠤᠨ ᠤᠨᠤᠯ ᠤᠨ ᠲᠤᠭᠳᠠᠯᠴᠠᠭ᠎ᠠ ᠪᠠᠨ ᠪᠦᠷᠢᠯᠳᠣᠬᠦᠯᠵᠤ ᠴᠢᠳᠠᠭ᠎ᠠ ᠦᠬᠡᠢ ᠪᠠᠶᠢᠳᠠᠭ᠃ ᠨᠡᠩ ᠦᠪᠡᠷᠮᠢᠴᠡ ᠠᠢ ᠤᠬᠠᠭᠳᠠᠬᠤᠨ ᠢ ᠴᠤ ᠲᠤᠷᠠᠳᠤᠭ᠎ᠠ ᠦᠬᠡᠢ ᠬᠢᠴᠢᠶᠠᠯ ᠤᠨ ᠪᠢᠴᠢᠭ ᠤᠨ ᠬᠢᠷᠢ ᠬᠡᠮᠵᠢᠶ᠎ᠡ ᠲᠠᠢ ᠵᠤᠬᠢᠶᠠᠯ ᠢ ᠬᠡᠷᠬᠢᠨ ᠸ᠊ · ᠰᠠᠶᠢᠨᠴᠤᠭᠳᠤ ᠶᠢᠨ ᠰᠣᠶᠣᠯ ᠤᠨ ᠬᠦᠨᠴᠠ ᠪᠠ ᠣᠨᠣᠯ ᠤᠨ ᠦᠨᠳᠣᠷᠴᠡ ᠪᠦᠬᠦᠢ ᠡᠷᠳᠡᠮ ᠰᠢᠨᠵᠢᠯᠡᠬᠡᠨ ᠤ ᠪᠦᠳᠣᠭᠡᠯ ᠲᠠᠢ ᠵᠡᠷᠬᠡᠴᠡᠬᠦᠯᠤᠨ ᠬᠡᠯᠡᠯᠴᠠᠵᠤ ᠪᠤᠯᠬᠤ ᠠᠵᠢ᠃                ᠵᠡᠬᠦᠯᠳᠡ᠄        [1] ᠪᠤ · ᠰᠢᠭᠤᠢ ᠡᠮᠬᠢᠳᠬᠡᠨ ᠨᠠᠶᠢᠷᠠᠭᠤᠯᠤᠭᠰᠠᠨ ︽ᠸ᠊ · ᠰᠠᠶᠢᠨᠴᠤᠭᠳᠤ᠄ ᠡᠷᠳᠡᠮ ᠰᠢᠨᠵᠢᠯᠡᠬᠡᠨ ᠤ ᠦᠬᠦᠯᠡᠯ ᠢ ᠶᠠᠭᠠᠬᠢᠵᠤ ᠪᠢᠴᠢᠬᠦ ᠪᠤᠢ︖︾᠂ ᠬᠦᠬᠡᠬᠤᠳᠠ᠂ 2009 ᠤᠨ᠃        [2] ᠤᠨᠠᠭ᠎ᠠ ᠰᠣᠷᠪᠤᠯᠵᠢᠯᠠᠭᠰᠠᠨ ︽ᠸ᠊ · ᠰᠠᠶᠢᠨᠴᠤᠭᠳᠤ᠄ ᠦᠪᠤᠷ ᠮᠤᠩᠭᠤᠯ ᠤᠨ ᠰᠦᠨᠡᠰᠣ ᠶᠢ ᠪᠢ ᠲᠠᠬᠢᠵᠤ ᠲᠦᠷᠤᠬᠦᠯᠦᠭᠰᠠᠨ︾᠂ ᠬᠦᠬᠡᠬᠤᠳᠠ᠂ 2008 ᠤᠨ᠃        [3] ᠸ᠊ · ᠰᠠᠶᠢᠨᠴᠤᠭᠳᠤ᠄ ︽ᠴᠠᠭᠠᠨ ᠨᠤᠮ︾᠂ ᠬᠦᠬᠡᠬᠤᠳᠠ᠂ 2007 ᠤᠨ᠃            [4] ᠸ᠊ · ᠰᠠᠶᠢᠨᠴᠤᠭᠳᠤ᠄ ︽ᠬᠠᠷᠠᠩᠭᠤᠢ ᠶᠢᠨ ᠡᠵᠡᠨ︾᠂ ᠬᠦᠬᠡᠬᠤᠳᠠ᠂ 2004 ᠤᠨ᠃        [5] ᠬᠠᠶᠢᠷᠬᠠᠨ᠄ ︽ᠤᠳᠤ ᠦᠶ᠎ᠡ ᠶᠢᠨ ᠮᠤᠩᠭᠤᠯ ᠰᠢᠯᠦᠭ ᠤᠨ ᠶᠡᠷᠤᠩᠬᠡᠶᠢᠯᠡᠭᠰᠠᠨ ᠰᠣᠳᠣᠯᠣᠯ︾᠂ ᠦᠪᠤᠷ ᠮᠤᠩᠭᠤᠯ ᠤᠨ ᠰᠣᠷᠭᠠᠨ ᠬᠦᠮᠤᠵᠢᠯ ᠤᠨ ᠬᠡᠪᠯᠠᠯ ᠤᠨ ᠬᠤᠷᠢᠶ᠎ᠡ᠂ 2010 ᠤᠨ᠃        [6] ᠸ᠊ · ᠰᠠᠶᠢᠨᠴᠤᠭᠳᠤ᠄ ︽ᠤᠤᠭᠠᠯ ᠰᠣᠶᠣᠯ ᠤᠨ ᠬᠦᠮᠤᠨ ᠵᠦᠢ︾᠂ ᠦᠨᠳᠣᠰᠣᠳᠠᠨ ᠤ ᠬᠡᠪᠯᠡᠯ ᠤᠨ ᠬᠤᠷᠢᠶ᠎ᠡ᠂ 2003 ᠤᠨ᠃              ︵ᠵᠤᠬᠢᠶᠠᠭᠴᠢ ᠪᠤᠯ ᠦᠪᠤᠷ ᠮᠤᠩᠭᠤᠯ ᠤᠨ ᠶᠡᠭᠡ ᠰᠣᠷᠭᠠᠭᠤᠯᠢ ᠶᠢᠨ ᠮᠤᠩᠭᠤᠯ ᠰᠣᠳᠣᠯᠣᠯ ᠤᠨ ᠲᠡᠬᠡᠳᠣ ᠰᠣᠷᠭᠠᠭᠤᠯᠢ ᠶᠢᠨ ᠮᠤᠩᠭᠤᠯ ᠤᠷᠠᠨ ᠵᠤᠬᠢᠶᠠᠯ ᠤᠨ ᠣᠨᠣᠯ ᠤᠨ ᠳ᠋ᠤᠺᠲ᠋ᠤᠷᠠᠨᠲ᠂ ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠮᠤᠩᠭᠤᠯ ᠰᠣᠳᠣᠯᠣᠯ ᠤᠨ ᠲᠡᠬᠡᠳᠣ ᠰᠣᠷᠭᠠᠭᠤᠯᠢ ᠶᠢᠨ ᠪᠠᠭᠰᠢ︶
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号