ᠡᠯᠢᠭᠡᠨ ᠬᠠᠶᠢᠷᠠᠲᠤ ᠦᠪᠦᠷ ᠮᠤᠩᠭᠤᠯ — ᠠᠷᠪᠠᠨ ᠬᠤᠶᠠᠷ ᠠᠶᠢᠮᠠᠭ ᠬᠤᠲᠠ — ᠲᠦᠩᠯᠢᠶᠤᠤ ᠬᠤᠲᠠ
ᠨᠡᠶᠢᠲᠡᠯᠡᠭᠰᠡᠨ ᠴᠠᠭ᠄
2017/10/11
        ᠲᠦᠩᠯᠢᠶᠤᠤ ᠬᠤᠲᠠ᠂ ᠤᠤᠯ ᠤᠨ ᠵᠢᠷᠢᠮ ᠠᠶᠢᠮᠠᠭ᠃ ᠬᠤᠷᠴᠢᠨ᠂ ᠵᠠᠯᠠᠶᠢᠳ᠂ ᠳᠦᠷᠪᠡᠳ᠂ ᠭᠤᠷᠯᠤᠰ ᠵᠡᠷᠭᠡ ᠳᠦᠷᠪᠡᠨ ᠠᠶᠢᠮᠠᠭ ᠤᠨ ᠠᠷᠪᠠᠨ ᠬᠤᠰᠢᠭᠤ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ︵ᠲᠦᠰᠢᠶᠡᠲᠦ ᠬᠤᠰᠢᠭᠤ︶ ᠵᠢᠷᠢᠮ ᠠᠭᠤᠯᠠᠨ ᠳᠤ ᠴᠢᠭᠤᠯᠭᠠᠨ ᠪᠤᠯᠳᠠᠭ ᠠᠴᠠ ᠵᠢᠷᠢᠮ ᠭᠡᠵᠦ ᠨᠡᠷᠡᠯᠡᠪᠡ᠃ ᠪᠠᠰᠠ ︽ᠪᠠᠭᠠᠷᠢᠨ ᠲᠠᠷᠢᠶ᠎ᠠ︾ ᠴᠦ ᠭᠡᠳᠡᠭ᠃ ᠬᠤᠵᠢᠮ ᠨᠢ ᠬᠤ᠋ ᠱᠠᠨ ᠠᠴᠠ ᠵᠧᠩ ᠵᠢᠶᠠ ᠲᠦᠨ ᠬᠦᠷᠲᠡᠯ᠎ᠡ ᠲᠡᠮᠦᠷ ᠵᠠᠮ ᠳᠡᠪᠢᠰᠦᠭᠰᠡᠨ ᠠᠴᠠ ᠲᠤᠰ ᠭᠠᠵᠠᠷ ᠨᠢ ᠯᠢᠶᠤᠤᠳᠦ᠋ᠩ ᠤᠷᠤᠨ ᠳᠤ ᠨᠡᠪᠲᠡᠷᠡᠬᠦ ᠴᠢᠬᠤᠯᠠ ᠦᠷᠲᠡᠭᠡ ᠪᠤᠯᠤᠭᠰᠠᠨ ᠢᠶᠠᠷ ︽ᠲᠦᠩᠯᠢᠶᠤᠤ︾ ︵ᠬᠢᠲᠠᠳ︶ ᠭᠡᠬᠦ ᠨᠡᠷ᠎ᠡ ᠲᠠᠢ ᠪᠤᠯᠪᠠ︕ ᠪᠦᠬᠦ ᠬᠤᠲᠠ ᠨᠢ ᠬᠤᠷᠴᠢᠨ ᠲᠤᠭᠤᠷᠢᠭ᠂ ᠬᠤᠤᠯᠢᠩᠭᠤᠤᠯ ᠬᠤᠲᠠ᠂ ᠺᠠᠶᠢᠯᠤ ᠰᠢᠶᠠᠨ᠂ ᠨᠠᠢᠮᠠᠨ ᠬᠤᠰᠢᠭᠤ᠂ ᠬᠦᠷᠢᠶ᠎ᠡ ᠬᠤᠰᠢᠭᠤ᠂ ᠵᠠᠷᠤᠳ ᠬᠤᠰᠢᠭᠤ᠂ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤ᠂ ᠬᠤᠷᠴᠢᠨ ᠵᠡᠭᠦᠨ ᠭᠠᠷᠤᠨ ᠬᠤᠶᠢᠲᠤ ᠬᠤᠰᠢᠭᠤ ᠵᠡᠷᠭᠡ 1 ᠲᠤᠭᠤᠷᠢᠭ᠂ 1 ᠬᠤᠲᠠ᠂ 1 ᠰᠢᠶᠠᠨ᠂ 5 ᠬᠤᠰᠢᠭᠤ ᠶᠢ ᠪᠠᠭᠲᠠᠭᠠᠵᠤ ᠶᠡᠷᠦᠩᠬᠡᠢ ᠲᠠᠯᠠᠪᠠᠢ ᠨᠢ 6 ᠲᠦᠮᠡ ᠰᠢᠬᠠᠮ ᠺᠦᠸᠠᠳ᠋ ᠺᠢᠯᠦᠮᠧᠲᠷ ᠪᠠᠶᠢᠵᠤ᠂ ᠶᠡᠷᠦᠩᠬᠡᠢ ᠬᠦᠮᠦᠨ ᠠᠮᠠ ᠨᠢ 310 ᠭᠠᠷᠤᠢ ᠲᠦᠮᠡ ᠪᠠᠶᠢᠳᠠᠭ᠃ ᠲᠦᠩᠯᠢᠶᠤᠤ ᠬᠤᠲᠠ ᠪᠤᠯ ᠮᠤᠩᠭᠤᠯ ᠦᠨᠳᠦᠰᠦᠲᠡᠨ ᠬᠠᠮᠤᠭ ᠤᠨ ᠤᠯᠠᠨ ᠪᠠᠶᠢᠳᠠᠭ ᠭᠠᠵᠠᠷ ᠤᠷᠤᠨ ᠶᠤᠮ᠃ ᠮᠤᠩᠭᠤᠯ ᠬᠦᠮᠦᠨ 150 ᠲᠦᠮᠡ ᠪᠠᠶᠢᠵᠤ᠂ ᠪᠦᠬᠦ ᠤᠯᠤᠰ ᠤᠨ ᠮᠤᠩᠭᠤᠯ ᠬᠦᠮᠦᠨ ᠠᠮᠠ ᠶᠢᠨ ᠳᠦᠷᠪᠡᠨ ᠤ ᠨᠢᠭᠡ ᠶᠢ ᠡᠵᠡᠯᠡᠳᠡᠭ ᠪᠢᠯᠡ
       ᠬᠤᠷᠴᠢᠨ ᠪᠤᠯ ᠴᠢᠩᠭᠢᠰ ᠬᠠᠭᠠᠨ ᠤ ᠳᠡᠭᠦᠦ ᠬᠠᠪᠤᠲᠤ ᠬᠠᠰᠠᠷ ᠤᠨ ᠦᠮᠴᠢᠯᠡᠵᠦ ᠬᠤᠪᠢᠳᠠᠭᠰᠠᠨ ᠭᠠᠵᠠᠷ ᠨᠤᠲᠤᠭ ᠪᠤᠯᠬᠤ ᠶᠤᠮ᠃ ᠡᠨᠡ ᠲᠤᠬᠠᠢ ︽ᠰᠢᠷ᠎ᠠ ᠲᠤᠭᠤᠵᠢ︾ ᠳᠤ ᠪᠦᠷᠢᠨ ᠲᠡᠮᠳᠡᠭᠯᠡᠯ ᠲᠠᠢ ᠪᠦᠭᠡᠳ ︽ᠪᠤᠭᠳᠠ ᠪᠠᠭᠠᠲᠤᠷ ᠪᠡᠶ᠎ᠡ ᠪᠠᠷ ᠳᠠᠶᠢᠯᠠᠭᠰᠠᠨ ᠲᠡᠮᠳᠡᠭᠯᠡᠯ︾ ᠳᠤ ︽ᠬᠤᠷᠴᠢᠨ ᠠᠶᠢᠮᠠᠭ ᠠᠨᠤ ᠪᠠᠶᠠᠰᠬᠤᠯᠠᠩ ᠬᠠᠳᠠ ᠳᠤ ᠬᠠᠭᠠᠯᠭ᠎ᠠ ᠶᠢᠨ ᠭᠠᠳᠠᠨ᠎ᠠ ᠪᠤᠢ᠃ ᠵᠡᠭᠦᠨᠰᠢ ᠪᠠᠷᠠᠭᠤᠨᠰᠢ ᠨᠠᠢᠮᠠᠨ ᠵᠠᠭᠤ ᠳᠠᠯᠠᠨ ᠭᠠᠵᠠᠷ᠂ ᠡᠮᠦᠨᠡᠰᠢ ᠤᠮᠠᠷᠠᠰᠢ ᠪᠠᠨ ᠬᠤᠶᠠᠷ ᠮᠢᠩᠭ᠎ᠠ ᠪᠦᠭᠡᠳ ᠵᠠᠭᠤᠨ ᠭᠠᠵᠠᠷ ᠪᠤᠶᠤ᠃ ᠡᠮᠦᠨ᠎ᠡ ᠬᠢᠵᠠᠭᠠᠷ ᠢᠨᠦ ᠮᠦᠭᠳᠡᠨ ᠤ ᠵᠠᠬ᠎ᠠ ᠬᠡᠷᠡᠮ ᠳᠤᠷ ᠲᠤᠯᠵᠤ ᠂ ᠬᠤᠶᠢᠲᠤ ᠬᠢᠵᠠᠭᠠᠷ ᠢᠨᠦ ᠰᠤᠯᠤᠨ ᠳᠤᠷ ᠬᠦᠷᠦᠮᠦᠢ᠃ ᠤᠭ ᠠᠨᠤ ᠶᠤᠸᠠᠨ ᠲᠠᠶᠢᠽᠤ ︵ᠴᠢᠩᠭᠢᠰ ᠬᠠᠭᠠᠨ︶ ᠶᠢᠨ ᠳᠡᠭᠦᠦ ᠬᠠᠪᠤᠲᠤ ᠬᠠᠰᠠᠷ ᠤᠨ ᠬᠤᠶᠢᠴᠢ ᠪᠦᠯᠦᠭᠡ︾ ᠭᠡᠵᠡᠢ᠃ ᠴᠢᠩᠭᠢᠰ ᠬᠠᠭᠠᠨ ᠤ ᠬᠡᠳᠦᠨ ᠳᠡᠭᠦᠦ ᠨᠠᠷ ᠤᠨ ᠲᠤᠲᠤᠷ᠎ᠠ ᠬᠠᠰᠠᠷ ᠪᠤᠯ ᠡᠷ᠎ᠡ ᠴᠢᠳᠠᠯ᠂ ᠡᠷᠡᠯᠬᠡᠭ ᠵᠤᠷᠢᠭ ᠲᠠᠢ ᠪᠦᠭᠡᠳ ᠭᠠᠪᠢᠶ᠎ᠠ ᠶᠡᠭᠡ ᠲᠠᠢ ᠬᠦᠮᠦᠨ ᠶᠤᠮ᠃ ᠡᠨᠡ ᠲᠤᠬᠠᠢ ᠪᠢᠳᠡ ᠴᠢᠩᠭᠢᠰ ᠬᠠᠭᠠᠨ ᠤ ︽ᠪᠡᠯᠭᠦᠳᠡᠢ ᠶᠢᠨ ᠪᠦᠬᠡ᠂ ᠬᠠᠰᠠᠷ ᠤᠨ ᠬᠠᠪᠤ ᠪᠠᠷ ᠳᠡᠯᠡᠬᠡᠢ ᠶᠢ ᠡᠵᠡᠯᠡᠪᠡᠢ︾ ᠭᠡᠵᠦ ᠬᠡᠯᠡᠭᠰᠡᠨ ᠦᠭᠡ ᠪᠠ ᠦᠭᠡᠯᠦᠨ ᠡᠬᠡ ᠶᠢᠨ        ︽ᠬᠠᠰᠠᠷ ᠬᠠᠪᠤ ᠬᠦᠴᠦᠲᠡᠢ        ᠬᠠᠳᠬᠤᠯᠳᠤᠨ ᠵᠠᠶᠢᠯᠠᠭᠰᠠᠳ ᠢ        ᠬᠠᠷᠪᠤᠬᠤ ᠰᠤᠮᠤ ᠶᠢᠨ ᠬᠦᠴᠦ ᠪᠠᠷ        ᠬᠠᠮᠤᠵᠤ ᠠᠪᠴᠢᠷᠠᠳᠠᠭ ᠪᠢᠯᠡ︕        ᠤᠭᠰᠢᠵᠤ ᠲᠤᠲᠠᠭᠠᠭᠰᠠᠳ ᠢ        ᠤᠨᠤᠬᠤ ᠰᠤᠮᠤ ᠶᠢᠨ ᠬᠦᠴᠦ ᠪᠠᠷ        ᠤᠷᠤᠭᠤᠯᠤᠨ ᠠᠪᠴᠢᠷᠠᠳᠠᠭ ᠪᠢᠯᠡ︕︾ ᠭᠡᠵᠦ ᠮᠠᠭᠲᠠᠭᠰᠠᠨ ᠠᠴᠠ ᠮᠡᠳᠡᠵᠦ ᠪᠤᠯᠤᠨ᠎ᠠ᠃ ᠡᠶᠢᠨᠬᠦ ᠬᠤᠷᠴᠢᠨ ᠨᠤᠲᠤᠭ ᠠᠴᠠ ᠬᠤᠪᠢᠳᠠᠵᠤ ᠦᠮᠴᠢᠯᠡᠭᠰᠡᠨ ᠡᠵᠡᠨ ᠢᠶᠠᠨ ᠰᠢᠭ ᠪᠠᠭᠠᠲᠤᠷ ᠬᠦᠴᠦᠲᠡᠨ ᠡᠷᠳᠡᠮᠲᠡᠨ ᠮᠡᠷᠭᠡᠳ ᠤᠳᠤ ᠪᠤᠯᠲᠠᠯ᠎ᠠ ᠤᠳᠤᠨ ᠠᠴᠠ ᠤᠯᠠᠨ ᠭᠠᠷᠴᠤ ᠪᠢᠯᠡ᠃
       ︽ᠤᠳᠬ᠎ᠠ ᠰᠤᠶᠤᠯ ᠠᠨᠤ ᠤᠭᠰᠠᠭ᠎ᠠ ᠶᠠᠰᠤᠲᠠᠨ ᠤ ᠮᠠᠨᠳᠤᠵᠤ ᠪᠠᠭᠤᠷᠠᠬᠤ ᠳᠤᠷ ᠬᠤᠯᠪᠤᠭᠳᠠᠯ ᠲᠠᠢ ᠤᠴᠢᠷ︾ ᠢ ᠡᠷᠲᠡᠨ ᠲᠠᠨᠢᠨ ᠰᠤᠷᠭᠠᠭᠤᠯᠢ ᠪᠠᠶᠢᠭᠤᠯᠤᠨ ᠪᠢᠴᠢᠭ ᠵᠢᠭᠠᠨ ︽ᠵᠡᠭᠦᠨ ᠮᠤᠩᠭᠤᠯ ᠤᠨ ᠪᠢᠴᠢᠭ ᠤᠨ ᠬᠤᠷᠢᠶ᠎ᠠ︾ ᠶᠢ ᠪᠠᠶᠢᠭᠤᠯᠵᠤ᠂ ᠪᠠᠷ ᠬᠡᠪᠯᠡᠯ ᠢᠶᠠᠷ ᠮᠤᠩᠭᠤᠯ ᠰᠤᠷᠬᠤ ᠪᠢᠴᠢᠭ ᠨᠠᠶᠢᠷᠠᠭᠤᠯᠤᠨ ᠵᠢᠳᠬᠦᠵᠦ ᠶᠠᠪᠤᠭᠰᠠᠨ ᠮᠤᠩᠭᠤᠯ ᠰᠤᠶᠤᠯ ᠤᠨ ᠵᠢᠳᠬᠦᠯᠲᠡᠨ ᠤ ᠨᠢᠭᠡ ᠪᠤᠯᠬᠤ ᠬᠡᠰᠢᠩᠭᠡ ᠪᠤᠯ ᠤᠤᠯ ᠤᠨ ᠵᠢᠷᠢᠮ ᠤᠨ ᠴᠢᠭᠤᠯᠭᠠᠨ ᠤ ᠬᠦᠮᠦᠨ ᠶᠤᠮ᠃ ᠲᠡᠭᠦᠨ ᠤ ᠦᠢᠯᠡ ᠪᠠᠨ ᠦᠵᠡᠨ ᠬᠤᠷᠴᠢᠨ ᠨᠤᠲᠤᠭ ᠲᠤ ᠲᠠᠷᠢᠭᠰᠠᠨ ᠰᠤᠶᠤᠯ ᠤᠨ ᠦᠷ᠎ᠡ ᠤᠳᠤ ᠪᠤᠮᠠᠨ ᠴᠡᠴᠡᠭ ᠪᠤᠯᠤᠨ ᠳᠡᠯᠡᠬᠡᠢ ᠶᠢᠨ ᠡᠯ᠎ᠡ ᠭᠠᠵᠠᠷ ᠳᠡᠯᠭᠡᠷᠡᠵᠦ ᠪᠤᠢ᠃ ᠮᠠᠨ ᠤ ᠦᠪᠦᠷ ᠮᠤᠩᠭᠤᠯ ᠤᠨ ᠤᠷᠴᠢᠨ ᠦᠶ᠎ᠡ ᠶᠢᠨ ᠮᠤᠩᠭᠤᠯ ᠵᠤᠬᠢᠶᠠᠯ ᠤᠨ ᠲᠡᠦᠬᠡᠨ ᠳᠠᠬᠢ ᠠᠩᠬᠠᠳᠠᠭᠴᠢ ᠲᠤᠭᠤᠵᠢ ︽ᠭᠠᠰᠢᠭᠤᠨ ᠤ ᠲᠤᠲᠤᠷᠠᠬᠢ ᠳᠡᠯᠴᠢᠯᠡᠭᠴᠢ ᠭᠡᠮᠡᠬᠦ ᠦᠯᠢᠭᠡᠷ︾ ᠤᠨ ᠵᠤᠬᠢᠶᠠᠭᠴᠢ ᠷᠢᠨᠴᠢᠨᠬᠤᠷᠯᠤ ᠪᠤᠯ ᠵᠢᠷᠢᠮ ᠠᠶᠢᠮᠠᠭ ᠤᠨ ᠬᠦᠷᠢᠶ᠎ᠡ ᠬᠤᠰᠢᠭᠤᠨ ᠤ ᠬᠠᠷᠠᠭᠤᠤ ᠶᠢᠨ ᠰᠢᠪᠡᠭᠡ ᠠᠶᠢᠯ ᠤᠨ ᠬᠦᠮᠦᠨ ᠶᠤᠮ᠃ ᠲᠡᠷᠡ ᠡᠨᠡ ᠲᠤᠭᠤᠵᠢ ᠪᠠᠨ 1940 ᠤᠨ ᠳᠤ ︽ᠤᠯᠠᠭᠠᠨ ᠪᠠᠷᠰ︾ ᠰᠡᠳᠬᠦᠯ ᠳᠤ ᠦᠷᠭᠦᠯᠵᠢᠯᠡᠨ ᠨᠡᠶᠢᠲᠡᠯᠡᠭᠦᠯᠦᠭᠰᠡᠨ ᠶᠤᠮ᠃ ᠪᠡᠭᠡᠵᠢᠩ ᠳᠤ ︽ᠮᠤᠩᠭᠤᠯ ᠤᠳᠬ᠎ᠠ ᠶᠢᠨ ᠰᠤᠷᠭᠠᠯ ᠤᠨ ᠬᠤᠷᠠᠯ︾ ᠢ ᠪᠠᠶᠢᠭᠤᠯᠵᠤ᠂ ︽ᠤᠯᠠᠭᠠᠨ ᠪᠠᠷᠰ︾ ᠰᠡᠳᠬᠦᠯ ᠢ ᠡᠷᠬᠢᠯᠡᠨ ᠬᠡᠪᠯᠡᠭᠦᠯᠵᠦ ᠪᠠᠶᠢᠭᠰᠠᠨ ᠮᠤᠩᠭᠤᠯ ᠦᠨᠳᠦᠰᠦᠲᠡᠨ ᠤ ᠤᠷᠴᠢᠨ ᠦᠶ᠎ᠡ ᠶᠢᠨ ᠠᠯᠳᠠᠷᠲᠤ ᠰᠡᠳᠬᠦᠯᠴᠢ᠂ ᠨᠠᠶᠢᠷᠠᠭᠤᠯᠤᠭᠴᠢ᠂ ᠬᠡᠪᠯᠡᠭᠴᠢ᠂ ᠰᠤᠷᠭᠠᠨ ᠬᠦᠮᠦᠵᠢᠯᠲᠡᠨ ᠪᠦᠬᠡᠬᠡᠰᠢᠭ ᠪᠤᠯ ᠵᠢᠷᠢᠮ ᠠᠶᠢᠮᠠᠭ ᠤᠨ ᠨᠠᠢᠮᠠᠨ ᠬᠤᠰᠢᠭᠤᠨ ᠤ ᠪᠠᠬᠢ ᠤᠰᠤ ᠠᠶᠢᠯ ᠤᠨ ᠬᠦᠮᠦᠨ ᠶᠤᠮ᠃ ᠰᠤᠷᠭᠠᠨ ᠬᠦᠮᠦᠵᠢᠯ ᠪᠤᠯ ᠳᠠᠷᠤᠮᠠᠯᠯᠠᠬᠤ ᠮᠠᠰᠢᠨ ᠪᠢᠰᠢ᠂ ᠡᠶᠢᠮᠦ ᠳᠡᠭᠡᠨ ᠪᠢᠳᠡ ᠵᠠᠭᠤᠨ ᠬᠡᠦᠬᠡᠳ ᠢ ᠨᠢᠭᠡ ᠬᠡᠦᠬᠡᠳ ᠪᠤᠯᠭᠠᠨ ᠬᠦᠮᠦᠵᠢᠭᠦᠯᠵᠦ ᠪᠤᠯᠬᠤ ᠦᠭᠡᠢ᠂ ᠬᠠᠷᠢᠨ ᠵᠠᠭᠤᠨ ᠬᠡᠦᠬᠡᠳ ᠢ ᠬᠤᠶᠠᠷ ᠵᠠᠭᠤᠨ ᠬᠡᠦᠬᠡᠳ ᠪᠤᠯᠭᠠᠨ ᠬᠦᠮᠦᠵᠢᠭᠦᠯᠪᠡᠯ ᠵᠤᠬᠢᠨ᠎ᠡ᠃ ᠡᠨᠡ ᠪᠤᠯ ᠰᠠᠶ᠋ᠢ ᠵᠢᠩᠬᠢᠨᠢ ᠰᠤᠷᠭᠠᠨ ᠬᠦᠮᠦᠵᠢᠯ ᠮᠦᠨ᠂ ᠡᠨᠡ ᠨᠢ ᠮᠦᠨᠴᠦ ᠦᠶ᠎ᠡ ᠦᠶ᠎ᠡ ᠶᠢᠨ ᠬᠤᠷᠴᠢᠨᠴᠤᠳ ᠤᠨ ᠡᠷᠭᠦᠵᠦ ᠢᠷᠡᠭᠰᠡᠨ ᠰᠤᠷᠭᠠᠨ ᠬᠦᠮᠦᠵᠢᠯ ᠤᠨ ᠲᠤᠭ ᠪᠢᠯᠡ᠃ ᠡᠨᠡ ᠲᠤᠭ ᠢᠶᠠᠨ ᠦᠨᠳᠦᠷ ᠠᠴᠠ ᠦᠨᠳᠦᠷ ᠡᠷᠭᠦᠨ ᠮᠠᠨᠳᠤᠭᠤᠯᠵᠤ ᠢᠷᠡᠭᠰᠡᠨ ᠤᠯᠠᠨ ᠭᠠᠪᠢᠶᠠᠲᠠᠨ ᠤ ᠨᠢᠭᠡ ᠨᠢ ᠪᠤᠯ ᠵᠢᠷᠢᠮ ᠤᠨ ᠮᠤᠩᠭᠤᠯ ᠷᠠᠳᠢᠤ᠋ ᠮᠦᠨ᠃ ᠵᠢᠷᠢᠮ ᠤᠨ ᠮᠤᠩᠭᠤᠯ ᠷᠠᠳᠢᠤ᠋ ᠨᠡᠪᠲᠡᠷᠡᠭᠦᠯᠭᠡ 1959 ᠤᠨ ᠤ 1 ᠰᠠᠷ᠎ᠠ ᠶᠢᠨ 1 ᠤ ᠡᠳᠦᠷ ᠨᠡᠪᠲᠡᠷᠡᠭᠦᠯᠭᠡ ᠪᠠᠨ ᠡᠬᠢᠯᠡᠭᠦᠯᠵᠡᠢ᠃
       ᠬᠤᠷᠴᠢᠨ ᠨᠤᠲᠤᠭ ᠪᠤᠯ ᠬᠤᠭᠤᠷ ᠤᠨ ᠦᠯᠢᠭᠡᠷ᠂ ᠬᠤᠯᠪᠤᠭ᠎ᠠ᠂ ᠢᠷᠦᠭᠡᠯ ᠮᠠᠭᠲᠠᠭᠠᠯ᠂ ᠠᠨᠳᠠᠢ ᠪᠦᠵᠢᠭ᠂ ᠬᠤᠷᠴᠢᠨ ᠦᠯᠢᠭᠡᠷᠲᠤ ᠠᠷᠠᠳ ᠤᠨ ᠳᠠᠭᠤᠤ᠂ ᠬᠤᠷᠴᠢᠨ ᠤᠷᠲᠤ ᠶᠢᠨ ᠳᠠᠭᠤᠤ᠂ ᠳᠠᠭᠠᠷᠢᠯᠴᠠᠭ᠎ᠠ᠂ ᠤᠯᠠᠮᠵᠢᠯᠠᠯᠲᠤ ᠳᠦᠷᠪᠡᠨ ᠤᠲᠠᠰᠤᠲᠤ ᠬᠤᠭᠤᠷ ᠪᠠ ᠴᠤᠭᠤᠷ᠂ ᠪᠦᠬᠡ ᠮᠦᠷᠭᠦᠯ ᠤᠨ ᠱᠠᠰᠢᠨ ᠤ ᠮᠡᠨᠳᠦᠯᠡᠭᠰᠡᠨ ᠲᠤᠷᠭᠠᠨ ᠬᠦᠷᠦᠰᠦ ᠪᠦᠭᠡᠳ ᠦᠨᠳᠦᠰᠦᠲᠡᠨ ᠤ ᠪᠠᠭᠠᠲᠤᠷ ᠭᠠᠳᠠ ᠮᠡᠶᠢᠷᠡᠨ ᠤ ᠠᠯᠲᠠᠨ ᠦᠯᠦᠭᠡᠢ ᠶᠤᠮ᠃ ᠠᠨᠳᠠᠢ ᠪᠦᠵᠢᠭ ᠪᠤᠯ ᠬᠠᠮᠤᠭ ᠤᠨ ᠡᠷᠲᠡᠨ ᠳᠡᠭᠡᠨ ᠡᠪᠡᠳᠴᠢᠨ ᠵᠠᠰᠠᠵᠤ ᠪᠡᠶ᠎ᠡ ᠪᠠᠨ ᠪᠤᠯᠪᠠᠰᠤᠷᠠᠭᠤᠯᠬᠤ ᠵᠤᠷᠢᠯᠭ᠎ᠠ ᠠᠴᠠ ᠡᠭᠦᠰᠦᠭᠰᠡᠨ ᠶᠤᠮ᠃ 1996 ᠤᠨ ᠳᠤ ︽ᠠᠨᠳᠠᠢ︾ ᠶᠢᠨ ᠡᠭᠦᠰᠦᠭᠰᠡᠨ ᠨᠤᠲᠤᠭ ᠬᠦᠷᠢᠶ᠎ᠡ ᠬᠤᠰᠢᠭᠤ ᠶᠢ ᠤᠯᠤᠰ ᠤᠨ ᠰᠤᠶᠤᠯ ᠤᠨ ᠶᠠᠮᠤᠨ ᠠᠴᠠ ︽ᠳᠤᠮᠳᠠᠳᠤ ᠤᠯᠤᠰ ᠤᠨ ᠠᠨᠳᠠᠢ ᠤᠷᠠᠯᠢᠭ ᠤᠨ ᠨᠤᠲᠤᠭ︾ ᠭᠡᠵᠦ ᠨᠡᠷᠡᠶᠢᠳᠦᠨ᠂ 2005 ᠤᠨ ᠳᠤ ᠠᠨᠳᠠᠢ ᠪᠦᠵᠢᠭ ᠨᠢ ︽ᠤᠯᠤᠰ ᠤᠨ ᠳᠡᠰ ᠤᠨ ᠠᠩᠬᠠᠳᠤᠭᠠᠷ ᠤᠳᠠᠭᠠᠨ ᠤ ᠪᠤᠳᠠᠰ ᠤᠨ ᠪᠤᠰᠤ ᠰᠤᠶᠤᠯ ᠤᠨ ᠦᠪ︾ ᠲᠤ ᠵᠢᠭᠰᠠᠭᠠᠭᠳᠠᠵᠠᠢ᠃ ᠠᠯᠳᠠᠷᠲᠤ ᠬᠤᠭᠤᠷᠴᠢ ᠴᠤᠶᠢᠪᠠᠩ ︵1856 ᠤᠨ ᠳᠤ ᠵᠠᠷᠤᠳ ᠬᠤᠰᠢᠭᠤᠨ ᠤ ᠳᠦᠷᠪᠡᠨ ᠨᠤᠲᠤᠭ ᠤᠨ ᠳᠠᠶᠢᠵᠢ ᠤᠯᠠᠭᠠᠨ ᠤ ᠭᠡᠷ ᠲᠤ ᠲᠦᠷᠦᠪᠡ︶᠂ ᠤᠷᠠᠨ ᠰᠠᠶᠢᠬᠠᠨᠴᠢ ᠫᠠᠵᠠᠢ ︵1902 ᠤᠨ ᠤ 2 ᠰᠠᠷ᠎ᠠ ᠶᠢᠨ 13 ᠤ ᠡᠳᠦᠷ ᠵᠠᠷᠤᠳ ᠬᠤᠰᠢᠭᠤᠨ ᠤ ᠪᠠᠶᠠᠷᠳᠤᠭᠤᠰᠢᠭᠤ ᠰᠤᠮᠤᠨ ᠤ ᠬᠦᠢᠰᠦ ᠶᠢᠨ ᠠᠶᠢᠯ ᠤᠨ ᠶᠠᠳᠠᠭᠤ ᠮᠠᠯᠴᠢᠨ ᠢᠬᠡᠮᠤᠳᠰᠠᠩᠪᠤᠤ ᠶᠢᠨ ᠭᠡᠷ ᠲᠤ ᠲᠦᠷᠦᠵᠡᠢ︶᠂ ᠰᠢᠳᠢᠳᠦ ᠬᠤᠭᠤᠷᠴᠢ ᠮᠤᠤᠡᠦ᠋ᠬᠢᠨ ︵1906 ᠤᠨ ᠤ 2 ᠰᠠᠷ᠎ᠠ ᠶᠢᠨ 1 ᠤ ᠡᠳᠦᠷ ᠵᠠᠷᠤᠳ ᠬᠤᠰᠢᠭᠤᠨ ᠤ ᠦᠯᠵᠡᠶᠢᠮᠦ᠋ᠷᠡᠨ ᠰᠤᠮᠤᠨ ᠤ ᠲᠠᠪᠢᠨ ᠠᠶᠢᠯ ᠤᠨ ᠶᠠᠳᠠᠭᠤ ᠮᠠᠯᠴᠢᠨ ᠰᠠᠩᠵᠠᠢ ᠶᠢᠨ ᠭᠡᠷ ᠲᠤ ᠲᠦᠷᠦᠵᠡᠢ︶ ᠨᠠᠷ ᠬᠤᠭᠤᠷ ᠤᠨ ᠦᠯᠢᠭᠡᠷ᠂ ᠬᠤᠯᠪᠤᠭ᠎ᠠ ᠶᠢ ᠤᠯᠤᠰ ᠤᠷᠤᠨ ᠳᠤ ᠲᠠᠨᠢᠭᠤᠯᠵᠤ᠂ ᠠᠷᠠᠳ ᠲᠦᠮᠡᠨ ᠳᠡᠭᠡᠨ ᠤᠯᠠᠮᠵᠢᠯᠠᠨ ᠤᠷᠠᠯᠢᠭ ᠤᠨ ᠦᠨᠳᠦᠷ ᠲᠤ ᠬᠦᠷᠭᠡᠭᠰᠡᠨ ᠪᠤᠯ ᠴᠠᠭᠠᠨᠪᠠᠷᠰ ᠨᠠᠷ ᠬᠤᠷᠴᠢᠨ ᠦᠯᠢᠭᠡᠷᠲᠤ ᠠᠷᠠᠳ ᠤᠨ ᠳᠠᠭᠤᠤ ᠪᠠᠨ ᠮᠤᠩᠭᠤᠯ ᠲᠦᠮᠡᠨ ᠤ ᠴᠢᠬᠢᠨ ᠤ ᠰᠤᠨᠤᠷ ᠲᠤ ᠡᠷᠭᠦᠭᠰᠡᠨ ᠭᠠᠪᠢᠶᠠᠲᠤ ᠳᠠᠭᠤᠴᠢᠨ ᠪᠢᠯᠡ︕
       ᠪᠦᠬᠡ ᠮᠦᠷᠭᠦᠯ ᠤᠨ ᠱᠠᠰᠢᠨ ᠪᠤᠯ ᠮᠤᠩᠭᠤᠯᠴᠤᠳ ᠤᠨ ᠰᠢᠲᠦᠵᠦ ᠪᠠᠶᠢᠭᠰᠠᠨ ᠪᠠᠯᠠᠷᠯᠢᠭ ᠱᠠᠰᠢᠨ ᠶᠤᠮ᠃ ᠬᠠᠮᠤᠭ ᠤᠨ ᠳᠡᠭᠡᠳᠦ ︽ᠮᠦᠩᠬᠡ ᠲᠡᠭᠷᠢ︾ ᠪᠤᠯ ᠮᠤᠩᠭᠤᠯ ᠤᠨ ᠢᠵᠠᠭᠤᠷ ᠰᠢᠳᠦᠭᠡᠨ ᠶᠤᠮ᠃ ᠮᠤᠩᠭᠤᠯ ᠪᠦᠬᠡ ᠳᠤ ᠮᠦᠩᠬᠡ ᠲᠡᠭᠷᠢ ᠪᠠᠷ ᠲᠦᠪᠯᠡᠭᠰᠡᠨ 99 ᠲᠡᠭᠷᠢ ᠭᠡᠵᠦ ᠪᠠᠶᠢᠳᠠᠭ᠃ ᠡᠶᠢᠨᠬᠦ ᠮᠤᠩᠭᠤᠯᠴᠤᠳ ᠤᠨ ᠳᠤᠮᠳᠠ ᠲᠠᠬᠢᠯᠭ᠎ᠠ ᠶᠢᠨ ᠡᠵᠡᠨ᠂ ᠠᠶᠢᠮᠠᠭ ᠤᠨ ᠲᠦᠷᠦᠭᠦᠦ᠂ ᠠᠩᠬᠠᠨ ᠤ ᠰᠡᠭᠡᠭᠡᠲᠡᠨ᠂ ᠡᠮᠴᠢ ᠳᠤᠮᠴᠢ ᠵᠡᠷᠭᠡ ᠠᠳᠠᠯᠢ ᠪᠤᠰᠤ ᠷᠤᠯᠧ ︵ᠬᠡᠯᠪᠡᠷᠢ︶ ᠢᠶᠠᠷ ᠢᠯᠡᠷᠡᠳᠡᠭ᠃ ᠳᠤᠮ ᠵᠠᠰᠠᠯᠭ᠎ᠠ ᠪᠤᠯ ᠪᠦᠬᠡ ᠶᠢᠨ ᠶᠡᠷᠦᠳᠡ ᠶᠢᠨ ᠬᠡᠷᠡᠭᠯᠡᠳᠡᠭ ᠡᠮᠴᠢᠯᠡᠭᠡ ᠭᠡᠵᠦ ᠬᠡᠯᠡᠵᠦ ᠪᠤᠯᠤᠨ᠎ᠠ᠃ ᠡᠭᠦᠨ ᠳᠤ ᠶᠠᠰᠤ ᠪᠠᠷᠢᠬᠤ᠂ ᠬᠠᠨᠠᠬᠤ ︵ᠴᠢᠰᠤ ᠲᠠᠯᠪᠢᠬᠤ︶᠂ ᠬᠠᠯᠠᠭᠤᠨ ᠵᠢᠩ ᠲᠠᠯᠪᠢᠬᠤ᠂ ᠢᠯᠢᠵᠦ ᠨᠤᠬᠤᠯᠠᠬᠤ ᠁ ᠵᠡᠷᠭᠡ ᠡᠮᠴᠢᠯᠡᠭᠡ ᠪᠠᠶᠢᠳᠠᠭ᠃ ᠶᠠᠰᠤ ᠪᠠᠷᠢᠬᠤ ᠪᠤᠯ ᠳᠡᠯᠡᠬᠡᠢ ᠳᠤ ᠠᠯᠳᠠᠷᠲᠠᠢ ᠳᠤᠮ ᠵᠠᠰᠠᠯᠭ᠎ᠠ ᠪᠢᠯᠡ᠃ ᠢᠯᠠᠩᠭᠤᠶ᠎ᠠ ᠬᠤᠷᠴᠢᠨ ᠨᠤᠲᠤᠭ ᠲᠤ ᠦᠶ᠎ᠡ ᠤᠯᠠᠮᠵᠢᠯᠠᠨ ᠨᠡᠷᠡᠲᠦ ᠶᠠᠰᠤ ᠪᠠᠷᠢᠭᠴᠢ ᠭᠠᠷᠳᠠᠭ ᠪᠦᠭᠡᠳ ᠶᠠᠰᠤ ᠪᠡᠷᠲᠡᠭᠰᠡᠨ ᠲᠦᠭ ᠲᠦᠮᠡᠨ ᠵᠤᠪᠠᠯᠠᠩᠲᠠᠨ ᠢ ᠳᠤᠮᠨᠠᠨ ᠡᠳᠡᠭᠡᠭᠰᠡᠨ ᠶᠤᠮ᠃ ᠤᠳᠤ ᠴᠦ ᠭᠡᠰᠡᠨ ᠶᠠᠰᠤ ᠪᠠᠷᠢᠬᠤ ᠪᠠᠷ ᠢᠶᠠᠨ ᠬᠤᠷᠴᠢᠨ ᠨᠤᠲᠤᠭ ᠤᠨ ᠡᠮᠴᠢ ᠳᠤᠮᠴᠢ ᠨᠠᠷ ᠲᠦᠷᠦ ᠳᠤ ᠠᠯᠳᠠᠷᠲᠠᠢ ᠲᠦᠮᠡᠨ ᠳᠡᠭᠡᠨ ᠴᠤᠯᠠ ᠲᠠᠢ ᠶᠠᠪᠤᠵᠤ ᠪᠤᠢ᠃
       ᠭᠠᠳᠠ ᠮᠡᠶᠢᠷᠡᠨ ᠪᠤᠯ ᠬᠤᠷᠴᠢᠨ ᠨᠤᠲᠤᠭ ᠲᠤ ᠦᠰᠦᠨ ᠪᠤᠶᠢᠵᠢᠭᠰᠠᠨ ᠦᠨᠳᠦᠰᠦᠲᠡᠨ ᠤ ᠪᠠᠭᠠᠲᠤᠷ ᠶᠤᠮ᠃ ᠲᠡᠷᠡ ᠳᠠᠷᠬᠠᠨ ᠬᠤᠰᠢᠭᠤᠨ ᠳᠤ ᠲᠦᠷᠦᠵᠦ ᠦᠰᠴᠦ᠂ ᠬᠤᠰᠢᠭᠤ ᠨᠤᠲᠤᠭ ᠤᠨ ᠢᠶᠠᠨ ᠴᠡᠷᠢᠭ ᠤᠨ ᠮᠡᠶᠢᠷᠡᠨ ᠲᠤᠰᠢᠶᠠᠯ ᠢ ᠡᠭᠦᠷᠭᠡᠯᠡᠵᠦ ᠪᠠᠶᠢᠭᠰᠠᠨ ᠶᠤᠮ᠃ ᠳᠠᠷᠬᠠᠨ ᠸᠠᠩ ᠬᠤᠰᠢᠭᠤ ᠨᠤᠲᠤᠭ ᠤᠨ ᠢᠶᠠᠨ ᠭᠠᠵᠠᠷ ᠰᠢᠷᠤᠢ ᠶᠢ ᠬᠤᠳᠠᠯᠳᠤᠬᠤ ᠶᠢ ᠦᠵᠡᠭᠡᠳ ᠲᠡᠰᠴᠦ ᠶᠠᠳᠠᠭᠰᠠᠨ ᠭᠠᠳᠠ ᠮᠡᠶᠢᠷᠡᠨ ᠴᠡᠷᠢᠭ ᠪᠠᠶᠢᠭᠤᠯᠤᠨ ᠪᠤᠰᠤᠯᠭ᠎ᠠ ᠭᠠᠷᠭᠠᠵᠤ ᠵᠡᠭᠦᠨ ᠬᠤᠶᠢᠲᠤ ᠶᠢᠨ ᠴᠡᠷᠢᠭ ᠤᠨ ᠡᠷᠬᠡᠲᠡᠨ ᠲᠠᠢ ᠵᠠᠳᠠ ᠲᠡᠮᠡᠴᠡᠭᠰᠡᠨ ᠪᠢᠯᠡ᠃ ᠪᠤᠰᠤᠯᠭ᠎ᠠ 1929 ᠤᠨ ᠠᠴᠠ 1931 ᠤᠨ ᠪᠤᠯᠲᠠᠯ᠎ᠠ ᠬᠤᠶᠠᠷ ᠵᠢᠯ ᠢᠯᠡᠭᠦᠬᠡᠨ ᠪᠤᠯᠤᠭᠠᠳ ᠢᠯᠠᠭᠳᠠᠭᠰᠠᠨ ᠴᠦ ᠮᠤᠩᠭᠤᠯ ᠤᠷᠤᠨ ᠢ ᠳᠡᠭᠡᠰᠦᠯᠡᠵᠦ ᠠᠲᠠᠷ ᠬᠠᠭᠠᠯᠪᠤᠷᠢᠯᠠᠨ ᠵᠤᠭᠤᠰ ᠮᠦᠩᠭᠦ ᠪᠠᠷ ᠤᠯᠤᠭᠠᠢ ᠪᠠᠨ ᠳᠦᠭᠦᠷᠭᠡᠬᠦ ᠭᠡᠰᠡᠨ ᠴᠡᠷᠢᠭ ᠤᠨ ᠡᠷᠬᠡᠲᠡᠨ ᠸᠠᠩ ᠭᠦᠩ ᠨᠠᠷ ᠲᠤ ᠬᠦᠨᠳᠦ ᠴᠤᠬᠢᠯᠲᠠ ᠦᠭᠴᠦ᠂ ᠠᠷᠠᠳ ᠲᠦᠮᠡᠨ ᠤ ᠪᠠᠨ ᠳᠠᠭᠤᠷᠢᠶᠠᠯ ᠪᠤᠯᠤᠭᠰᠠᠨ ᠪᠢᠯᠡ᠃ ︽ᠤᠷᠤᠰ ᠤᠨ ᠨᠤᠲᠤᠭ ᠳᠡᠪᠢᠰᠬᠡᠷ ᠦᠨᠡᠬᠡᠷ ᠲᠤᠩ ᠶᠡᠭᠡ᠂ ᠭᠡᠪᠡᠴᠦ ᠨᠢᠭᠡ ᠢᠮᠠᠬᠤ ᠴᠦ ᠢᠯᠡᠭᠦᠦ ᠭᠠᠵᠠᠷ ᠦᠭᠡᠢ︾ ᠭᠡᠵᠦ ᠤᠷᠤᠰ ᠤᠨ ᠶᠡᠷᠦᠩᠬᠡᠶᠢᠯᠡᠭᠴᠢ ᠫᠦᠲ᠋ᠢᠨ ᠬᠡᠯᠡᠵᠦ ᠦᠩᠭᠡᠷᠡᠭᠰᠡᠨ ᠶᠤᠮ᠃ ᠡᠬᠡ ᠨᠤᠲᠤᠭ ᠭᠠᠵᠠᠷ ᠰᠢᠷᠤᠢ ᠶᠢᠨ ᠢᠶᠠᠨ ᠲᠦᠯᠦᠭᠡ ᠤᠷᠤᠰᠬᠤ ᠴᠢᠰᠤᠨ ᠤᠯᠠᠶᠢᠬᠤ ᠠᠮᠢ ᠪᠠᠨ ᠦᠭᠳᠡᠭ ᠤᠨ ᠡᠴᠢᠨ᠎ᠡ ᠤᠴᠢᠷ ᠠᠨᠤ ᠡᠨᠡ ᠠᠵᠠᠢ᠃ ᠬᠦᠮᠦᠨ ᠤ ᠠᠭᠤᠤ ᠶᠡᠭᠡ ᠨᠢ ᠬᠡᠳᠦᠢ ᠤᠷᠲᠤ ᠨᠠᠰᠤᠯᠠᠭᠰᠠᠨ ᠳᠠᠭᠠᠨ ᠪᠠᠶᠢᠬᠤ ᠪᠢᠰᠢ ᠬᠠᠷᠢᠨ ᠬᠡᠳᠦᠢ ᠶᠠᠭᠤᠮ᠎ᠠ ᠪᠦᠲᠦᠭᠡᠭᠰᠡᠨ ᠳᠤ ᠪᠠᠶᠢᠳᠠᠭ ᠃ ᠭᠠᠳᠠ ᠮᠡᠶᠢᠷᠡᠨ ᠭᠤᠴᠢ ᠶᠢᠰᠦᠬᠡᠨ ᠨᠠᠰᠤᠯᠠᠭᠰᠠᠨ ᠪᠤᠯᠪᠠᠴᠤ ᠬᠦᠮᠦᠨ ᠵᠤᠨ ᠤ ᠪᠠᠨ ᠵᠢᠷᠦᠬᠡᠨ ᠲᠤᠯᠲᠤ ᠳᠤ ᠦᠨᠢᠳᠡ ᠶᠢᠨ ᠰᠤᠪᠤᠷᠭ᠎ᠠ ᠪᠤᠯᠵᠤ ᠰᠦᠨᠳᠡᠷᠯᠡᠨ ᠪᠤᠰᠴᠠᠢ︕
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号