ᠮ᠊᠂ ᠰᠡᠴᠡᠨᠪᠠᠭᠠᠲᠤᠷ | | ︵ᠭᠠᠳᠠᠨ᠎ᠠ ᠬᠤᠶᠠᠷ ᠰᠢᠯᠦᠭ︶ | | ᠡᠮᠨᠢᠭ ᠦᠷᠢᠶ᠎ᠡ ᠰᠢᠭ ᠴᠤᠪᠬᠤᠴᠢᠨ ᠪᠤᠢ ᠮᠠᠩᠬ᠎ᠠ ᠶᠢ ᠬᠠᠵᠠᠭᠠᠷ ᠲᠤ ᠳᠠᠰᠬᠠᠭᠰᠠᠨ ᠤᠷᠭᠠᠴᠢᠨ | ᠡᠷᠳᠡ ᠶᠢᠨ ᠨᠠᠷᠠ ᠶᠢ ᠮᠦᠰᠢᠶᠠᠨ ᠬᠤᠨᠳᠠᠭᠠᠯᠠᠵᠤ ᠪᠠᠯᠠᠷ ᠤᠨ ᠭᠤᠪᠢ ᠪᠠᠨ ᠴᠢᠮᠡᠭᠰᠡᠨ ᠢ | ᠡᠷᠡᠮᠡᠬᠡᠢ ᠳᠤᠷᠨᠢᠬᠤ ᠡᠪᠡᠰᠦᠨ ᠤ ᠬᠢᠨᠢ ᠨᠠᠮᠠᠭᠠᠳ ᠵᠢᠷᠦᠬᠡ ᠳᠦᠬᠦᠷᠡᠩ ᠵᠢᠷᠬᠢᠬᠦᠯᠦᠬᠡᠳ | ᠡᠨᠡ ᠯᠡ ᠴᠢᠨᠠᠷ ᠢᠶᠠᠷ ᠢᠶᠠᠨ ᠪᠠᠶᠢᠬᠤ ᠰᠠᠨ ᠬᠡᠵᠤ ᠠᠯᠳᠠᠢ ᠶᠢᠨ ᠤᠷᠬᠢᠯ ᠳᠤ ᠬᠡᠯᠡᠭᠰᠡᠨ | ᠡᠯᠢᠬᠡᠨ ᠳᠤ ᠳᠤᠨᠤᠭᠰᠠᠨ ᠰᠠᠷᠠᠨ ᠤ ᠬᠢᠨᠢ ᠬᠡᠷᠡᠯ ᠰᠠᠷ ᠰᠠᠷ ᠨᠠᠮᠢᠷᠠᠨ ᠬᠠᠯᠠᠭᠤ ᠠᠰᠠᠵᠤ | ᠡᠮᠡᠬᠡᠯ ᠤᠨ ᠪᠦᠬᠦᠷᠬᠡ ᠨᠠᠯᠠᠨ ᠰᠦᠭ ᠰᠦᠨᠡᠰᠦᠨ ᠳᠤ ᠮᠢᠨᠢ ᠮᠦᠩᠬᠦᠨ ᠴᠢᠪᠬᠠᠳᠠᠰᠤ ᠨᠢᠰᠠᠯᠤᠭᠠᠳ | ᠡᠷ᠎ᠡ ᠶᠢᠨ ᠮᠠᠩᠯᠠᠢ ᠳᠤ ᠴᠤᠭᠳᠤ ᠲᠠᠶᠢᠵᠢ ᠶᠢᠨ ᠳᠦᠷᠢ ᠪᠠᠷ ᠬᠠᠯᠠᠭᠤᠨ ᠴᠢᠰᠤ ᠶᠢ ᠮᠢᠨᠢ ᠤᠷᠬᠢᠯᠤᠭᠤᠯᠬᠤ ᠳᠤ | ᠡᠨᠡᠷᠢᠯ ᠬᠠᠶᠢᠷ᠎ᠠ ᠶᠢᠨ ᠮᠢᠨᠢ ᠭᠤᠷᠪᠠᠨ ᠰᠤᠳᠠᠰᠤ ᠵᠢᠮ ᠬᠡᠳᠡᠯ᠎ᠡ ᠤᠶᠠᠷᠠᠭᠰᠠᠨ | ᠤᠭᠤᠰᠤᠷ ᠪᠦᠴᠡ ᠦᠬᠡᠢ ᠢᠯᠦᠮ ᠵᠢᠯᠦᠮ ᠪᠠᠶᠢᠳᠠᠭ ᠨᠢ ᠬᠠᠳᠠᠭᠤ ᠰᠦᠰᠦᠨ ᠤ ᠲᠡᠩᠬᠡᠬᠡ ᠬᠡᠵᠤ | ᠤᠳᠤᠳ ᠨᠢ ᠮᠦᠷᠦᠨ ᠳᠡᠭᠡᠷ᠎ᠡ ᠮᠢᠨᠢ ᠪᠤᠯᠵᠤᠮᠤᠷ ᠤᠨ ᠨᠢᠳᠤ ᠰᠢᠭ᠋ ᠳᠤᠷᠮᠤᠶᠢᠨ ᠯᠢᠩᠬᠸ᠎ᠠ ᠪᠠᠷᠢᠵᠤ | ᠤᠷᠤᠢ ᠪᠦᠷᠦᠢ ᠶᠢᠨ ᠴᠠᠭ ᠢᠶᠠᠷ ᠨᠠᠮᠠᠢᠢ ᠪᠤᠴᠠᠬᠤ ᠳᠤ ᠮᠡᠯᠡᠰᠬᠢᠳᠡᠯᠡ ᠬᠢᠯᠳᠠᠭᠠᠨᠠᠭᠠᠳ | ᠤᠳᠤ ᠲᠠ ᠨᠠᠷ ᠵᠤᠪᠠᠪᠠᠴᠤ ᠡᠴᠦᠰ ᠲᠡᠭᠡᠨ ᠢᠯᠠᠨ᠎ᠠ ᠬᠡᠵᠤ ᠵᠢᠩᠭᠠᠷ ᠤᠨ ᠬᠤᠭᠤᠷ ᠢᠶᠠᠷ ᠰᠢᠪᠠᠨᠡᠭᠰᠡᠨ ᠁ | | | ᠳᠦᠰᠦᠬᠡᠯᠡᠯ | | ᠬᠡᠳᠦ ᠬᠤᠯᠠ ᠶᠢᠨ ᠮᠦᠷᠡᠨ ᠢ ᠵᠡᠬᠦᠳᠦ ᠪᠠᠷ ᠢᠶᠠᠨ ᠭᠠᠳᠤᠯᠵᠤ | ᠬᠡᠳᠦᠷᠬᠡᠢ ᠶᠡᠭᠡ ᠮᠦᠷᠦᠭᠡᠳᠦᠯ ᠢ ᠴᠢᠮ᠎ᠠ ᠳᠠᠭᠠᠨ ᠦᠭᠴᠦ | ᠨᠠᠮᠤᠭᠤᠬᠠᠨ ᠪᠦᠬᠦᠨ ᠤ ᠳᠤᠳᠤᠷ᠎ᠠ ᠵᠢᠷᠦᠭᠡ ᠪᠠᠨ ᠠᠮᠠᠷᠠᠭᠤᠯᠤᠨ ᠵᠤᠷᠴᠢᠵᠤ | ᠨᠠᠪᠴᠢᠰ ᠦᠷᠭᠡᠯᠡᠬᠦ ᠬᠠᠯᠠᠭᠤᠨ ᠵᠤᠨ ᠤ ᠰᠡᠷᠢᠬᠦᠨ ᠰᠠᠯᠬᠢ ᠪᠤᠯᠬᠤ ᠰᠠᠨ | ᠬᠡᠨ ᠤ ᠴᠤ ᠡᠮᠦᠨ᠎ᠡ ᠳᠤᠯᠤᠭᠠᠢ ᠪᠦᠬᠦᠶᠢᠬᠦ ᠦᠬᠡᠢ | ᠬᠡᠵᠢᠶ᠎ᠡ ᠬᠠᠮᠢᠭ᠎ᠠ ᠴᠤ ᠳᠤᠷᠤᠢ ᠳᠤᠤᠭᠠᠷᠬᠤ ᠦᠬᠡᠢ | ᠠᠷᠭᠠᠳᠤ ᠦᠨᠡᠭᠡ ᠰᠢᠭ ᠽᠠᠮᠪᠤᠯᠢᠩ ᠤᠨ ᠳᠤᠯᠬᠢᠨ ᠠᠭᠠᠯᠢ ᠶᠢ ᠨᠤᠭᠳᠤᠯᠵᠤ | ᠠᠷᠢᠭᠤᠨ ᠴᠠᠭᠠᠨ ᠴᠠᠰᠤ ᠰᠢᠭ᠋ ᠭᠡᠭᠡᠨ ᠴᠢᠨᠠᠷ ᠢᠶᠠᠨ ᠬᠠᠳᠠᠭᠠᠯᠠᠬᠤ ᠰᠠᠨ | ᠦᠯᠢᠭᠡᠷ ᠳᠤᠤᠯᠢᠰ ᠲᠤ ᠭᠠᠷᠳᠠᠭ ᠵᠢᠷᠭᠠᠯ ᠢ ᠤᠷᠢᠨ ᠳᠠᠭᠤᠳᠠᠵᠤ | ᠦᠵᠡᠰᠬᠦᠯᠡᠩᠳᠦ ᠪᠠᠭᠠᠳᠤᠷ ᠬᠦᠪᠡᠭᠦᠳ ᠲᠠᠢ ᠨᠢ ᠵᠤᠭᠤᠭ ᠶᠠᠷᠢᠨ ᠬᠦᠭᠡᠷᠦᠯᠳᠦᠵᠤ | ᠦᠷᠬᠦᠯᠵᠢ ᠮᠦᠩᠭᠡ ᠶᠢᠨ ᠳᠠᠭᠤᠤ ᠰᠡᠳᠬᠢᠯ ᠳᠤ ᠪᠠᠶᠢᠬᠤ ᠶᠢ ᠢᠳᠡᠭᠡᠵᠤ | ᠦᠰᠦᠨ ᠪᠤᠭᠤᠷᠤᠯ ᠪᠤᠯᠳᠠᠯ᠎ᠠ ᠪᠠᠨ ᠳᠤᠭᠤᠷᠤᠤᠨ ᠳᠠᠭᠤ ᠰᠢᠭ᠋ ᠭᠡᠷᠡᠯᠳᠦᠬᠦ ᠰᠠᠨ᠃ | | | ᠬᠡᠷᠬᠡᠢ ᠳᠡᠭᠡᠨ | | ᠤᠭ᠍ᠶᠤᠨ ᠰᠢᠬᠢᠳᠬᠢᠷᠢᠳᠤ ᠯᠢᠩᠪᠤ ᠶᠢᠨ ᠵᠤᠯᠪᠤᠭ᠎ᠠ ᠰᠡᠷᠭᠦᠨ ᠳᠤᠯᠬᠢᠶᠠᠳᠤᠵᠤ | ᠤᠷᠤᠨ ᠳᠠᠭᠠᠨ ᠪᠦᠱᠦᠭᠦᠷᠭᠡᠨ ᠳᠤᠯᠠᠰᠬᠢᠳᠠᠯᠠ ᠦᠨᠳᠡᠯᠵᠡᠬᠦ ᠨᠢ ᠴᠢᠨᠤ ᠢᠷᠡᠬᠦ ᠴᠢᠮᠡᠭᠡ | ᠤᠷᠠᠨ ᠦᠬᠡ ᠶᠢᠨ ᠳᠦᠷᠰᠦ ᠪᠠᠷ ᠵᠢᠷᠦᠭᠡᠨ ᠰᠦᠮ᠎ᠡ ᠳᠤ ᠮᠢᠨᠢ ᠬᠦᠵᠢ ᠪᠠᠷᠢᠭ᠎ᠠ ᠦᠬᠡᠢ | ᠤᠬᠠᠭᠠᠨᠳᠠᠢ ᠰᠢᠦ ᠬᠡᠵᠤ ᠦᠬᠦᠯᠡᠬᠦ ᠶᠢ ᠮᠢᠨᠢ ᠬᠠᠷᠠᠴᠠ ᠪᠠᠷ ᠢᠶᠠᠨ ᠳᠤᠰᠤᠭᠰᠠᠨ ᠦᠵᠡᠰᠭᠦᠯᠡᠩ ᠮᠢᠨᠢ | ᠬᠠᠶᠢᠷ᠎ᠠ ᠪᠠᠷ ᠨᠠᠭᠠᠳᠤᠮ ᠬᠢᠬᠦ ᠶᠢᠨ ᠴᠡᠭᠡᠷ ᠶᠤᠰᠤᠨ ᠢ ᠪᠢᠰᠢᠯᠭᠠᠨ ᠪᠦᠳᠦᠭᠡᠭᠴᠢ | ᠬᠠᠷᠠᠪᠠᠰᠤ ᠵᠠᠯᠠᠷᠠᠨ ᠮᠦᠰᠢᠶᠡᠭᠴᠢ ᠰᠡᠳᠬᠢᠯᠳᠤ ᠦᠨᠡᠨ ᠤ ᠯᠢᠩᠬᠤᠸ᠎ᠠ | ᠠᠶ᠎ᠠ ᠴᠢᠨᠤ ᠮᠢᠨᠢ ᠳᠠᠷᠤᠤᠬᠠᠨ ᠨᠠᠮᠪᠠ ᠶᠢᠨ ᠦᠯᠮᠡᠢ ᠳᠤ ᠤᠳᠤᠳ ᠢᠴᠢᠩᠭᠦᠷᠡᠨᠡ | ᠠᠶᠢᠯᠴᠢᠯᠠᠬᠤ ᠰᠢᠪᠠᠭᠤᠳ ᠳᠠᠭᠤ ᠪᠠᠨ ᠬᠤᠷᠢᠶᠡᠨ ᠨᠠᠮ ᠵᠢᠮ ᠪᠤᠳᠤᠯᠭᠠᠰᠢᠷᠠᠨᠠ | ᠲᠠᠩᠬᠢᠰ ᠮᠡᠳᠤ ᠲᠡᠨᠢᠬᠦᠨ ᠵᠢᠷᠭᠠᠯ ᠤᠨ ᠪᠤᠳᠢ ᠮᠤᠳᠤᠨ᠎ᠠ ᠡᠭᠦᠷ ᠵᠠᠰᠠᠵᠤ | ᠲᠠᠭᠠᠯᠠᠨ ᠢᠵᠢᠯᠢᠰᠢᠬᠦ ᠶᠢᠨ ᠰᠢᠯᠤᠭᠤᠨ ᠴᠢᠪᠬᠠᠳᠠᠰᠤᠨᠠ ᠬᠤᠤᠰ ᠢᠶᠠᠷ ᠵᠢᠷᠬᠢᠵᠤ | ᠮᠤᠩᠭᠤᠯ ᠤᠨ ᠨᠢᠭᠡᠨ ᠠᠶᠢᠯ ᠤᠨ ᠲᠡᠭᠵᠢᠷᠡᠬᠦ ᠵᠢᠰᠤ ᠪᠤᠶᠠᠨ ᠬᠤᠷᠢᠶᠠᠨᠠᠮ | ᠮᠤᠯᠤᠷ ᠡᠷᠳᠡᠨᠢ ᠶᠢᠨ ᠠᠪᠢᠰᠢᠭ ᠳᠤᠰᠤᠭᠰᠠᠨ ᠳᠡᠭᠡᠳᠦᠰ ᠤᠨ ᠭᠠᠯ ᠢᠶᠠᠨ ᠴᠠᠬᠢᠨᠠᠮ | ᠴᠠᠰᠤ ᠬᠢᠯᠠᠰᠤᠨ ᠮᠡᠯᠳᠡᠭᠡᠨᠡᠬᠦ ᠰᠠᠷᠠᠨ ᠤ ᠵᠦᠭᠡᠯᠡᠨ ᠶᠢᠷᠳᠢᠨᠴᠤ ᠳᠤᠪ ᠳᠤᠭᠤᠢ | ᠴᠠᠷᠳᠠ ᠶᠢᠨ ᠭᠠᠯᠪᠠ ᠠᠴᠠ ᠬᠦᠭᠵᠢᠮ ᠡᠭᠦᠰᠭᠡᠭᠰᠡᠨ ᠡᠭᠡ ᠨᠤᠳᠤᠭ ᠤᠨ ᠮᠢᠨᠢ ᠰᠦᠨᠢ ᠡ | ᠬᠠᠯᠠᠭᠤᠨ ᠳᠤᠯᠠᠭᠠᠨ ᠢ ᠬᠡᠨ ᠦᠯᠦ ᠬᠦᠰᠡᠨ᠎ᠡ᠂ ᠠᠯᠳᠠᠨ ᠳᠡᠯᠡᠬᠡᠢ ᠪᠦᠪᠠᠢ | ᠬᠠᠳᠠᠭᠠᠨᠠᠨ ᠢᠨᠢᠶᠡᠬᠦ ᠠᠯᠢᠶ᠎ᠠ ᠬᠦᠦ ᠶᠢᠨ ᠢᠶᠠᠨ ᠬᠠᠴᠠᠷ ᠢ ᠦᠨᠦᠰᠦᠶ᠎ᠡ᠂ ᠬᠤᠩᠭᠤᠷ ᠮᠢᠨᠢ | | ᠬᠠᠶ᠋ᠢᠭ᠄ ᠬᠡᠰᠢᠭᠳᠡᠨ ᠬᠤᠰᠢᠭᠤᠨ ᠤ ᠪᠠᠶᠠᠨᠴᠠᠭᠠᠨ ᠰᠤᠮᠤᠨ ᠤ | ᠪᠠᠶᠠᠩᠭᠤᠤᠯ ᠪᠦᠷᠢᠨ ᠪᠠᠭ᠎ᠠ ᠰᠤᠷᠭᠠᠭᠤᠯᠢ | |