ᠨᠠᠮᠤᠷ ᠪᠤᠴᠠᠬᠤ ᠳᠤ
ᠨᠡᠶᠢᠲᠡᠯᠡᠭᠰᠡᠨ ᠴᠠᠭ᠄
2016-10-19
ᠨᠠᠮᠤᠷ ᠪᠤᠴᠠᠬᠤ ᠳᠤᠨᠠᠷᠠᠨ ᠬᠤᠯᠠᠳᠠᠨ᠎ᠠᠨᠠᠯᠠᠭᠠᠷᠬᠠᠨ ᠳᠡᠯᠡᠬᠡᠢ ᠳᠤ ᠪᠤᠳᠤᠯ ᠡᠮᠲᠡᠷᠡᠨ᠎ᠡ᠃ᠨᠠᠶᠢᠷᠠᠭ ᠤᠨ ᠪᠠᠳᠠᠭ ᠠᠴᠠ ᠮᠦᠷ ᠬᠠᠰᠤᠭᠳᠠᠵᠤᠨᠠᠰᠤᠨ ᠤ ᠨᠠᠮᠤᠷ ᠤᠨ ᠴᠠᠭᠠᠨ ᠦᠰᠦ ᠨᠡᠮᠡᠭᠳᠡᠭᠡ ᠦᠦ︖ᠴᠠᠰᠤ ᠪᠤᠲᠠᠷᠠᠭ᠎ᠠ ᠲᠤᠯᠤᠭᠠᠳ ᠤᠨ ᠤᠷᠤᠢ ᠰᠢᠭ᠋ᠴᠠᠯ ᠪᠤᠭᠤᠷᠤᠯ ᠡᠵᠢ ᠮᠢᠨᠢ ᠤᠯᠠᠮ ᠬᠦᠭᠰᠢᠷᠡᠭᠡ ᠦᠦ︖ᠴᠠᠭ ᠴᠠᠭ ᠤᠨ ᠢᠮ ᠲᠠᠮᠠᠭ᠎ᠠ ᠲᠠᠢᠠᠮᠢᠳᠤᠷᠠᠯ ᠤᠨ ᠠᠯᠲᠠᠨ ᠡᠳᠦᠷ ᠤᠳᠠᠷᠤ ᠠᠷᠤ ᠠᠴᠠ ᠪᠠᠨ ᠯᠡ ᠴᠤᠪᠤᠷᠠᠨ᠎ᠠ᠃ᠨᠠᠷᠠᠲᠤ ᠶᠢᠨ ᠵᠠᠢ ᠳᠤ ᠳᠠᠩᠴᠢ ᠬᠤᠪᠤᠷᠬᠠᠨ ᠶᠠᠪᠤᠭᠰᠠᠨᠠᠶᠢᠯ ᠤᠨ ᠰᠤᠷᠭᠠᠭᠤᠯᠢ ᠶᠢᠨ ᠦᠶ᠎ᠡ ᠮᠢᠨᠢ ᠰᠠᠨᠠᠭᠳᠠᠨ᠎ᠠᠨᠠᠳᠠᠳᠤ ᠬᠤᠭᠤᠴᠠᠭ᠎ᠠ ᠦᠭᠡᠢ ᠤᠷᠲᠤ ᠶᠠᠪᠤᠭᠰᠠᠨᠬᠠᠶᠢᠷ᠎ᠠ ᠶᠢᠨ ᠵᠠᠬᠢᠶ᠎ᠠ ᠲᠠᠢ ᠨᠠᠮᠤᠷ ᠪᠤᠳᠤᠭᠳᠠᠨ᠎ᠠ᠃ᠨᠠᠮᠤᠭᠤᠬᠠᠨ ᠤᠳᠠ ᠨᠢ ᠨᠠᠪᠴᠢᠰ ᠢᠶᠠᠷ ᠤᠭᠢᠯᠠᠳᠠᠭᠨᠤᠲᠤᠭ ᠤᠨ ᠲᠡᠷᠡ ᠪᠠᠷ᠎ᠠ ᠰᠦᠮᠡᠯᠵᠡᠬᠦ ᠪᠠᠷᠨᠠᠳᠠᠳᠤ ᠰᠡᠳᠬᠢᠯ ᠤᠨ ᠬᠠᠯᠠ ᠠᠮᠳᠠᠯᠠᠭᠤᠯᠤᠭᠰᠠᠨᠮᠦᠷᠦᠭᠡᠳᠦᠯ ᠤᠨ ᠬᠤᠨᠤᠭ ᠤᠳ ᠦᠷᠭᠦᠯᠵᠢᠯᠡᠨ᠎ᠡ᠃ᠨᠠᠮᠤᠷ ᠪᠤᠴᠠᠬᠤ ᠳᠤᠰᠠᠷᠠᠨ ᠬᠡᠦᠰᠢᠯᠡᠨ᠎ᠡᠰᠠᠶᠢᠬᠠᠨ ᠬᠤᠷᠸ᠎ᠠ ᠳᠤ ᠰᠡᠳᠬᠢᠯ ᠬᠦᠨᠳᠡᠶᠢᠷᠡᠨ᠎ᠡ᠃ᠲᠤᠬᠤᠢ ᠶᠢᠨ ᠴᠢᠨᠡᠭᠡᠨ ᠡᠭᠦᠯᠡᠰ ᠠᠴᠠᠬᠦᠢᠲᠡᠨ ᠪᠤᠷᠤᠭᠠᠨ ᠱᠠᠭᠢᠬᠤ ᠳᠤᠲᠤᠷᠭᠠᠨ ᠨᠤᠭᠤᠭᠠᠨ ᠤᠯᠢᠶᠠᠰᠤᠨ ᠤᠨᠠᠪᠴᠢᠰ ᠰᠢᠷᠭᠠᠯᠳᠤᠨ ᠬᠡᠶᠢᠰᠦᠨ᠎ᠡᠲᠤᠭᠤᠰᠤ ᠮᠠᠨᠠᠷᠠᠭᠰᠠᠨ ᠲᠠᠯ᠎ᠠᠬᠢᠷᠠᠭᠤ ᠲᠠᠢ ᠦᠷᠯᠦᠭᠡ ᠴᠠᠶᠢᠷᠠᠬᠤ ᠳᠤᠲᠤᠭᠤᠨᠤ ᠲᠠᠢ ᠴᠠᠭᠠᠨ ᠭᠡᠷ ᠠᠴᠠᠠᠷᠭᠠᠯ ᠤᠨ ᠤᠳᠤᠭ᠎ᠠ ᠪᠤᠷᠭᠢᠯᠤᠨ᠎ᠠ᠃ᠠᠮᠢᠳᠤᠷᠠᠯ ᠬᠠᠶᠢᠷ᠎ᠠ ᠶᠢᠨ ᠨᠤᠲ ᠡᠭᠡᠰᠢᠭᠯᠡᠭᠰᠡᠨᠠᠵᠢᠯ ᠬᠦᠳᠡᠯᠮᠦᠷᠢ ᠶᠢᠨ ᠠᠶᠠᠰ ᠬᠦᠭᠵᠢᠮᠳᠡᠭᠰᠡᠨᠰᠠᠨᠠᠬᠤ ᠠᠴᠠ ᠵᠤᠷᠢᠭ ᠬᠦᠷᠬᠦ ᠦᠭᠡᠢᠰᠠᠷᠠᠭᠤᠯᠬᠠᠨ ᠨᠤᠲᠤᠭ ᠤᠨ ᠨᠠᠮᠤᠷ ᠮᠢᠨᠢ ᠡ︕ᠳᠤᠷᠠᠯᠠᠯ ᠪᠤᠶᠤ ᠬᠠᠭᠠᠴᠠᠯ ᠤᠨ ᠨᠢᠯᠪᠤᠰᠤ ᠲᠠᠢᠳᠤᠷᠠᠰᠤᠯ ᠪᠤᠶᠤ ᠮᠦᠷᠦᠭᠡᠳᠦᠯ ᠤᠨ ᠳᠠᠭᠤᠤ ᠲᠠᠢᠳᠦᠷᠪᠡᠨ ᠤᠷᠴᠢᠯ ᠤᠨ ᠡᠮᠵᠡᠭᠬᠡᠨ ᠮᠦᠴᠡᠳᠤᠤᠯᠢᠮ᠎ᠠ ᠲᠠᠯ᠎ᠠ ᠠᠴᠠ ᠮᠢᠨᠢᠨᠠᠮᠤᠷ ᠬᠡᠵᠢᠶᠡᠳᠡ ᠪᠤᠴᠠᠬᠤ ᠦᠭᠡᠢ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号