ᠪᠤ᠂ ᠬᠠᠪᠤᠷ | | | | | ᠵᠡᠯᠡᠯᠡᠨ ᠵᠡᠯᠡᠯᠡᠭᠰᠡᠭᠡᠷ ᠨᠠᠭᠠᠰᠢᠯᠠᠬᠤ ᠭᠠᠯᠠᠭᠤᠳ ᠤᠨ ᠭᠠᠩᠭᠠᠨᠠᠭᠠᠨ ᠢᠶᠠᠷ | ᠵᠡᠭᠦᠷᠮᠡᠭ ᠨᠠᠷᠠ ᠬᠦᠭᠡᠷᠬᠦ ᠳᠡᠭᠡᠨ ᠴᠢᠷᠠᠢ ᠪᠠᠨ ᠨᠢᠯᠴᠢᠭᠢᠨᠡᠭᠦᠯᠦᠨ ᠮᠢᠨᠴᠢᠢᠪᠡ | ᠵᠦᠭ ᠤᠨ ᠠᠯᠤᠰ ᠠᠴᠠ ᠬᠠᠪᠤᠷ ᠤᠨ ᠤᠷᠢᠨ ᠢᠷᠡᠵᠦ ᠪᠤᠢ | ᠵᠢᠷᠦᠬᠡᠨ ᠳᠡᠭᠡᠷ᠎ᠡ ᠮᠢᠨᠢ ᠬᠠᠶᠢᠷ᠎ᠠ ᠶᠢᠨ ᠰᠢᠪᠠᠭᠤ ᠵᠢᠷᠭᠢᠵᠦ ᠪᠤᠢ | ᠬᠠᠶᠠ ᠦᠪᠡᠷ ᠢ ᠪᠠᠨ ᠬᠠᠴᠢᠨ ᠬᠠᠷᠠᠮᠴᠢ ᠪᠤᠯᠤᠭᠰᠠᠨ ᠢᠶᠠᠨ ᠭᠠᠶᠢᠬᠠᠬᠤ ᠶᠤᠮ | ᠬᠠᠷᠠᠩᠭᠤᠢ ᠳᠤ ᠰᠡᠳᠬᠢᠯ ᠢ ᠴᠢᠨᠢ ᠲᠡᠮᠲᠡᠷᠢᠭᠡᠳ ᠲᠡᠮᠲᠡᠷᠢᠭᠡᠳ ᠤᠯᠤᠭ᠎ᠠ ᠦᠭᠡᠢ ᠭᠡᠵᠦ | ᠬᠠᠷ᠎ᠠ ᠳᠠᠷᠤᠭᠠᠳ ᠬᠠᠰᠬᠢᠷᠤᠨ ᠰᠡᠷᠢᠬᠦ ᠳᠡᠭᠡᠨ ᠤᠭᠢᠯᠠᠬᠤ ᠴᠦ ᠮᠠᠭᠠᠳ | ᠬᠠᠯᠠᠭᠤᠬᠠᠨ ᠡᠩᠭᠡᠷ ᠠᠴᠠ ᠴᠢᠨᠢ ᠪᠤᠰᠤᠳ ᠶᠠᠭᠤ ᠶᠢ ᠴᠦ ᠬᠦᠰᠡᠬᠦ ᠦᠭᠡᠢ | ᠬᠠᠪᠤᠷ ᠪᠠᠶᠢᠬᠤ ᠰᠠᠨ᠂ ᠬᠠᠪᠤᠷ ᠤᠨ ᠤᠷᠢᠬᠠᠨ ᠦᠩᠭᠡ ᠪᠠᠷ ᠴᠢᠮ᠎ᠠ ᠪᠠᠨ ᠬᠠᠶᠢᠷᠠᠯᠠᠶ᠎ᠠ | | | | ᠨᠠᠮ ᠨᠠᠮᠤᠭᠤᠬᠠᠨ ᠤᠷᠤᠢ ᠶᠢᠨ ᠰᠡᠯᠡᠭᠦᠨ ᠳᠤ | ᠬᠤᠶᠠᠷ ᠡᠷᠪᠡᠬᠡᠢ ᠡᠷᠭᠢᠯᠳᠦᠭᠰᠡᠭᠡᠷ ᠲᠠᠭᠤᠴᠠᠯᠳᠤᠭᠰᠠᠭᠠᠷ ᠳᠡᠷᠪᠡᠵᠦ ᠤᠳᠤᠨ᠎ᠠ | ᠬᠤᠯᠠ ᠶᠢᠨ ᠰᠠᠷᠠᠨ ᠤ ᠦᠨᠦᠷ ᠬᠦᠭᠡᠷᠦᠬᠦᠨ ᠳᠠᠯᠠᠪᠴᠢ ᠠᠴᠠ ᠨᠢ ᠠᠩᠭᠢᠯᠤᠨ᠎ᠠ | ᠵᠢᠷᠤᠭ ᠰᠢᠭ᠋ ᠠᠬᠤᠢ ᠠᠴᠠ ᠰᠢᠯᠦᠭ ᠤᠨ ᠰᠠᠨᠠᠭ᠎ᠠ ᠤᠷᠭᠤᠨ᠎ᠠ | ᠵᠠᠭᠤᠨ ᠴᠡᠴᠡᠭ ᠤᠨ ᠦᠵᠡᠰᠬᠦᠯᠡᠩ ᠢᠶᠠᠷ ᠬᠤᠷᠮᠤᠢ ᠪᠠᠨ ᠡᠮᠵᠢᠭᠰᠡᠭᠡᠷ | ᠵᠢᠭᠠᠬᠠᠨ ᠬᠦᠯ ᠢᠶᠠᠷ ᠢᠶᠠᠨ ᠰᠢᠭᠦᠳᠡᠷᠢ ᠪᠤᠲᠠᠷᠠᠭᠠᠨ ᠴᠢᠮ᠎ᠠ ᠤᠷᠤᠭᠤ ᠪᠠᠨ ᠯᠡ ᠲᠡᠮᠡᠦᠯᠡᠨ᠎ᠡ | ᠵᠦᠭᠡᠯᠡᠬᠡᠨ ᠨᠠᠮᠢᠷᠠᠬᠤ ᠭᠢᠯ ᠬᠠᠷ᠎ᠠ ᠦᠰᠦᠨ ᠤ ᠮᠢᠨᠢ ᠠᠩᠭᠢᠯᠤᠮ᠎ᠠ ᠳᠤ ᠨᠢᠯᠬᠠᠷᠠᠵᠤ | ᠵᠢᠷᠭᠠᠯ ᠤᠨ ᠮᠦᠰᠢᠶᠡᠳᠦ ᠲᠠᠢ ᠵᠡᠭᠦᠳᠦ ᠶᠢ ᠮᠢᠨᠢ ᠦᠨᠦᠰᠦᠨ ᠦᠨᠦᠰᠦᠨ ᠡᠷᠬᠡᠯᠡᠭᠡᠴᠢ | ᠵᠤᠨ ᠪᠠᠶᠢᠬᠤ ᠰᠠᠨ᠂ ᠵᠤᠨ ᠤ ᠠᠮᠢᠯᠠᠯ ᠤᠨ ᠦᠩᠭᠡ ᠪᠠᠷ ᠴᠢᠮ᠎ᠠ ᠪᠠᠨ ᠬᠠᠶᠢᠷᠠᠯᠠᠶ᠎ᠠ | | | | ᠠᠭᠤᠯᠠᠰ ᠤᠨ ᠰᠡᠭᠦᠳᠡᠷ ᠵᠡᠭᠦᠨᠰᠢ ᠪᠠᠷᠠᠭᠤᠨᠰᠢ ᠤᠷᠲᠤᠰᠤᠨ | ᠤᠶᠠᠷᠠᠮᠠᠷ ᠬᠤᠩᠭᠤᠷ ᠰᠠᠯᠬᠢᠨ ᠳᠤ ᠨᠢ ᠡᠳᠦᠷ ᠬᠤᠨᠤᠭ ᠤᠳ ᠬᠡᠶᠢᠰᠦᠨ᠎ᠡ | ᠤᠭᠤᠷᠠᠭ ᠨᠠᠷᠠᠨ ᠠᠴᠠ ᠠᠯᠳᠠᠷᠠᠭᠰᠠᠨ ᠭᠡᠮᠡᠷᠬᠡᠨ ᠬᠤᠪᠠᠨ ᠰᠢᠷᠭᠠᠯ ᠨᠠᠪᠴᠢᠰ | ᠤᠨᠠᠬᠤ ᠨᠢ ᠤᠨᠠᠵᠤ ᠨᠢᠰᠬᠦ ᠨᠢ ᠨᠢᠰᠬᠦ ᠳᠤ ᠰᠡᠳᠬᠢᠯ ᠳᠠᠩᠴᠢ ᠤᠶᠢᠮᠤᠷᠠᠨᠠ | ᠨᠢᠴᠦᠭᠦᠷᠡᠬᠦ ᠮᠤᠳᠤᠳ ᠢ ᠬᠠᠷᠠᠬᠤ ᠠᠴᠠ ᠳᠠᠩ ᠴᠠᠮᠴᠠ ᠲᠠᠢ ᠰᠢᠭ᠋ ᠴᠡᠴᠡᠷᠡᠰᠬᠢᠭᠡᠳ | ᠨᠠᠮᠠᠭ᠎ᠠ ᠰᠠᠯᠠᠭ᠎ᠠ ᠪᠦᠬᠦᠨ ᠳᠤ ᠨᠢ ᠨᠠᠪᠴᠢ ᠠᠮᠢᠯᠠᠭᠤᠯᠤᠮᠠᠷ ᠪᠤᠳᠤᠭᠳᠠᠭᠠᠳ | ᠨᠤᠶᠢᠲᠠᠨ ᠰᠤᠷᠮᠤᠤᠰᠤ ᠲᠠᠢ ᠴᠢᠮ᠎ᠠ ᠳᠡᠭᠡᠷ᠎ᠡ ᠪᠠᠨ ᠰᠡᠮ ᠰᠡᠮᠬᠡᠨ ᠬᠦᠷᠬᠦ ᠳᠡᠭᠡᠨ | ᠨᠠᠷᠠᠯᠠᠭ ᠬᠤᠷᠸ᠎ᠠ ᠶᠢᠨ ᠵᠠᠢ ᠳᠤ ᠮᠦᠷᠦ ᠶᠢ ᠴᠢᠨᠢ ᠲᠦᠰᠢᠶ᠎ᠡ ᠶᠢ ᠯᠡ ᠭᠡᠵᠦ ᠬᠦᠰᠡᠭᠰᠡᠨ ᠡ | ᠨᠠᠮᠤᠷ ᠪᠠᠶᠢᠬᠤ ᠰᠠᠨ᠂ ᠨᠠᠮᠤᠷ ᠤᠨ ᠠᠩᠭᠢᠷᠬᠠᠨ ᠦᠩᠭᠡ ᠪᠠᠷ ᠴᠢᠮ᠎ᠠ ᠪᠠᠨ ᠬᠠᠶᠢᠷᠠᠯᠠᠶ᠎ᠠ | | | | ᠲᠡᠭᠷᠢ ᠭᠠᠵᠠᠷ ᠢ ᠦᠯᠵᠡᠶᠢᠲᠡᠢ ᠬᠤᠯᠪᠤᠨ | ᠲᠠᠭᠠᠨ᠎ᠠ ᠶᠢᠨ ᠴᠡᠴᠡᠭ ᠰᠢᠭ ᠴᠠᠰᠤᠨ ᠪᠤᠲᠠᠷᠠᠨ᠎ᠠ | ᠲᠤᠪ ᠲᠤᠩᠭᠠᠯᠠᠭ᠂ ᠴᠡᠪ ᠴᠡᠩᠬᠡᠷ ᠴᠠᠰᠤᠨ ᠤ ᠭᠡᠭᠡ ᠳᠤᠮᠳᠠᠭᠤᠷ | ᠲᠤᠩ ᠠᠷᠢᠭᠤᠨ᠂ ᠲᠤᠩ ᠭᠠᠶᠢᠬᠠᠮᠰᠢᠭ ᠢ ᠵᠢᠷᠦᠬᠡ ᠪᠠᠷ ᠢᠶᠠᠨ ᠮᠡᠳᠡᠷᠡᠨ ᠭᠤᠩᠬᠤᠨᠠ | ᠠᠰᠬᠠᠷᠠᠭᠰᠠᠨ ᠬᠠᠷ᠎ᠠ ᠭᠡᠵᠢᠭᠡᠨ ᠳᠡᠭᠡᠷ᠎ᠡ ᠪᠠᠨ ᠴᠠᠰᠤᠨ ᠤ ᠰᠢᠷᠬᠡᠭ ᠴᠡᠮᠴᠡᠶᠢᠯᠭᠡᠭᠰᠡᠭᠡᠷ | ᠠᠮᠠᠷᠠᠭ ᠴᠠᠰᠤᠨ ᠤ ᠠᠨᠢᠷ ᠴᠢᠩᠨᠠᠵᠤ ᠴᠢᠮ᠎ᠠ ᠪᠠᠨ ᠰᠠᠨᠠᠬᠤ ᠰᠠᠶᠢᠬᠠᠨ | ᠠᠶᠠᠰ ᠠᠶᠠᠰᠬᠠᠨ ᠬᠠᠷᠠᠴᠠ ᠪᠠᠷ ᠢᠶᠠᠨ ᠴᠢᠮ᠎ᠠ ᠪᠠᠨ ᠦᠬᠦᠭᠡᠷᠳᠡᠨ ᠵᠢᠷᠭᠠᠭᠠᠵᠤ | ᠠᠯᠳᠠᠬᠠᠨ ᠪᠡᠶ᠎ᠡ ᠡᠨᠡᠬᠡᠨ ᠨᠠᠰᠤ ᠶᠢ ᠪᠠᠨ ᠠᠯᠠᠭᠠᠨ ᠳᠡᠭᠡᠷ᠎ᠡ ᠴᠢᠨᠢ ᠡᠯᠡᠭᠡᠮᠡᠷ ᠯᠡ ᠪᠠᠶᠢᠨ᠎ᠠ | ᠡᠪᠦᠯ ᠪᠠᠶᠢᠬᠤ ᠰᠠᠨ᠂ ᠡᠪᠦᠯ ᠤᠨ ᠮᠦᠩᠭᠦᠨ ᠦᠩᠭᠡ ᠪᠠᠷ ᠴᠢᠮ᠎ᠠ ᠪᠠᠨ ᠬᠠᠶᠢᠷᠠᠯᠠᠶ᠎ᠠ |