| ᠬᠦᠩᠰᠡᠩᠨᠤᠷᠪᠤ ᠸᠠᠩ ︵1871 — 1931 ᠤᠨ︶ ᠪᠤᠯ ᠴᠢᠩᠬᠢᠰ ᠬᠠᠭᠠᠨ ᠤ ᠦᠷᠯᠦᠭ ᠵᠠᠩᠵᠤᠨ | ᠵᠡᠯᠮ᠎ᠡ ᠶᠢᠨ ᠬᠤᠶᠢᠴᠢᠰ᠂ ᠵᠤᠰᠤᠳᠤ ᠶᠢᠨ ᠴᠢᠭᠤᠯᠭᠠᠨ ᠤ ᠬᠠᠷᠠᠴᠢᠨ ᠪᠠᠷᠠᠭᠤᠨ ᠬᠤᠰᠢᠭᠤᠨ ᠤ ᠦᠶ᠎ᠡ | ᠵᠠᠯᠭᠠᠮᠵᠢᠯᠠᠭᠰᠠᠨ ᠵᠠᠰᠠᠭᠳᠤ ᠴᠢᠨ ᠸᠠᠩ᠂ ᠵᠤᠰᠤᠳᠤ ᠶᠢᠨ ᠴᠢᠭᠤᠯᠭᠠᠨ ᠤ ᠴᠢᠭᠤᠯᠭᠠᠨ ᠳᠠᠷᠤᠭ᠎ᠠ ᠮᠦᠨ᠃ ᠳᠡᠷᠡᠪᠡᠷ | ᠦᠷᠦᠭᠡᠯ ᠲᠠᠢ ᠳᠤᠳᠤᠨᠤ ᠪᠠᠷ ᠬᠠᠷᠢᠯᠴᠠᠳᠠᠭ᠂ ᠳᠠᠶᠢᠪᠤᠩ ᠳᠤᠭᠳᠠᠭᠤᠨ ᠵᠠᠩ ᠲᠠᠢ᠂ ᠮᠤᠩᠭᠤᠯ᠂ ᠬᠢᠳᠡᠳ᠂ ᠮᠠᠨᠵᠦ᠂ | ᠲᠦᠪᠡᠳ ᠵᠡᠷᠭᠡ ᠬᠡᠳᠦᠨ ᠵᠤᠶᠢᠯ ᠤᠨ ᠦᠬᠡ ᠬᠡᠯᠡᠨ ᠳᠤ ᠨᠡᠪᠳᠡᠷᠡᠵᠦ᠂ ᠰᠢᠯᠦᠭ ᠤᠶᠠᠩᠭ᠎ᠠ ᠳᠤ ᠴᠠᠭᠠᠷᠠᠨ᠂ ᠤᠷᠠᠨ | ᠪᠢᠴᠢᠯᠭᠡ᠂ ᠤᠷᠠᠨ ᠵᠢᠷᠤᠭ ᠲᠤ ᠠᠪᠢᠶᠠᠰᠯᠢᠭ ᠨᠢᠭᠡᠨ ᠪᠠᠶᠢᠵᠠᠢ᠃ ᠳᠡᠬᠦᠨ ᠤ ᠪᠢᠴᠢᠭᠰᠡᠨ ︽ᠵᠤ᠋ ᠶᠸᠦ ᠵᠠᠢ ᠶᠢᠨ | ᠰᠢᠯᠦᠭ ᠤᠨ ᠳᠤᠪᠬᠢᠮᠠᠯ︾ ᠨᠢ ᠠᠷᠠᠳ ᠤᠨ ᠳᠤᠮᠳᠠ ᠳᠡᠯᠭᠡᠷᠡᠵᠦ ᠨᠡᠷ᠎ᠡ ᠨᠦᠯᠦᠭᠡ ᠲᠠᠢ ᠪᠤᠯᠤᠭᠰᠠᠨ ᠶᠤᠮ᠃ | 1898 ᠤᠨ ᠳᠤ ᠸᠠᠩᠳᠤᠤᠨᠠᠮᠵᠢᠯ ᠸᠠᠩ ᠡᠪᠡᠳᠴᠢᠨ ᠢᠶᠠᠷ ᠨᠠᠰᠤ ᠪᠠᠷᠠᠭᠰᠠᠨ ᠳᠤ ᠳᠠᠷᠠᠭ᠎ᠠ ᠵᠢᠯ ᠤᠨ ᠬᠢᠨᠢ | ᠬᠠᠪᠤᠷ ᠬᠦᠩᠰᠡᠩᠨᠤᠷᠪᠤ ᠬᠠᠷᠠᠴᠢᠨ ᠸᠠᠩ ᠤᠨ ᠰᠠᠭᠤᠷᠢᠨ ᠢ ᠵᠠᠯᠭᠠᠮᠵᠢᠯᠠᠪᠠ᠃ ᠬᠦᠩ ᠸᠠᠩ ᠪᠤᠯ ᠮᠤᠩᠭᠤᠯᠴᠤᠳ ᠤᠨ | ᠤᠷᠴᠢᠨ ᠦᠶ᠎ᠡ ᠶᠢᠨ ᠳᠡᠦᠭᠡᠨ ᠳᠤ ᠴᠢᠬᠤᠯᠠ ᠪᠠᠶᠢᠷᠢ ᠰᠠᠭᠤᠷᠢ ᠶᠢ ᠡᠵᠡᠯᠡᠬᠦ ᠳᠡᠦᠭᠡᠨ ᠬᠦᠮᠦᠨ ᠪᠤᠯᠬᠤ ᠶᠤᠮ᠂ | ᠮᠤᠩᠭᠤᠯ ᠦᠨᠳᠦᠰᠦᠳᠡᠨ ᠤ ᠪᠠᠨ ᠮᠠᠨᠳᠤᠯ ᠪᠠᠳᠠᠷᠠᠯ ᠪᠤᠯᠤᠨ ᠤᠷᠤᠨ ᠨᠤᠳᠤᠭ ᠤᠨ ᠢᠶᠠᠨ ᠤᠯᠤᠰ ᠲᠦᠷᠦ᠂ ᠠᠵᠦ | ᠠᠬᠤᠢ᠂ ᠰᠤᠶᠤᠯ ᠤᠨ ᠬᠦᠭᠵᠢᠯᠳᠡ ᠶᠢᠨ ᠳᠦᠯᠦᠭᠡ ᠳᠡᠷᠡᠪᠡᠷ ᠠᠯᠢ ᠤᠯᠠᠨ ᠦᠭᠡᠷᠡᠴᠢᠯᠡᠯᠳᠡ ᠰᠢᠨᠡᠴᠢᠯᠡᠯᠳᠡ ᠬᠢᠵᠦ᠂ | ᠴᠢᠮᠦᠭᠡ ᠪᠠᠨ ᠳᠤᠮᠳᠠᠷᠠᠯᠠ ᠵᠢᠳᠬᠦᠵᠦ᠂ ᠵᠢᠷᠦᠭᠡ ᠰᠡᠳᠬᠢᠯ ᠢᠶᠠᠨ ᠵᠦᠳᠡᠭᠡᠵᠦ ᠢᠷᠡᠭᠰᠡᠨ ᠰᠡᠭᠡᠭᠡᠷᠡᠭᠰᠡᠨ ᠸᠠᠩ ᠪᠢᠯᠡ᠃ | ᠳᠡᠷᠡᠪᠡᠷ ᠮᠤᠩᠭᠤᠯ ᠦᠨᠳᠦᠰᠦᠳᠡᠨ ᠤ ᠬᠦᠭᠵᠢᠯ ᠪᠠᠳᠠᠷᠠᠯ ᠳᠤ ᠶᠠᠨᠳᠠᠰᠢ ᠦᠭᠡᠢ ᠬᠤᠪᠢ ᠨᠡᠮᠡᠷᠢ ᠦᠵᠡᠬᠦᠯᠵᠦ᠂ | ᠠᠷᠪᠠᠨ ᠳᠤᠮᠤ ᠦᠢᠯᠡᠰ ᠢ ᠮᠤᠩᠭᠤᠯ ᠤᠷᠤᠨ ᠳᠤ ᠠᠩᠬ᠎ᠠ ᠤᠳᠠᠭ᠎ᠠ ᠡᠬᠦᠰᠭᠡᠨ ᠪᠠᠶᠢᠭᠤᠯᠤᠭᠰᠠᠨ ᠶᠤᠮ᠃ | | ︵1︶ 1901 ᠤᠨ ᠳᠤ ᠳᠡᠷᠡᠪᠡᠷ ᠦᠪᠦᠷ ᠮᠤᠩᠭᠤᠯ ᠤᠨ ᠠᠩᠬᠠᠳᠠᠭᠴᠢ ᠴᠡᠷᠢᠭ ᠤᠨ ᠰᠤᠷᠭᠠᠭᠤᠯᠢ | — ᠱᠸᠦ ᠵᠦᠩ ᠡᠤ ᠰᠤᠷᠭᠠᠭᠤᠯᠢ ᠶᠢ ᠪᠠᠶᠢᠭᠤᠯᠵᠦ᠂ ᠶᠤᠸᠠᠨ ᠱᠢ ᠺᠠᠢ ᠪᠠᠷ ᠳᠠᠮᠵᠢᠭᠤᠯᠤᠨ᠂ ᠴᠡᠷᠢᠭ ᠤᠨ | ᠰᠤᠷᠭᠠᠭᠤᠯᠢ ᠶᠢᠨ ᠪᠠᠭᠰᠢ ᠵᠠᠯᠠᠵᠦ᠂ ᠨᠢᠭᠡᠨ ᠠᠩᠬᠢ ᠰᠢᠯᠢᠳᠡᠭ ᠮᠤᠷᠢᠳᠤ ᠴᠡᠷᠢᠭ ᠢ ᠪᠠᠶᠢᠭᠤᠯᠵᠦ᠂ ᠰᠢᠨ᠎ᠡ ᠴᠡᠷᠢᠭ | ᠠᠩᠬᠢ ᠶᠢᠨ ᠰᠤᠷᠭᠠᠭᠤᠯᠢᠯᠠᠯ ᠤᠨ ᠠᠷᠭ᠎ᠠ ᠪᠠᠷ ᠰᠤᠷᠢᠯᠳᠠ ᠪᠤᠯᠪᠠᠰᠤᠷᠠᠯ ᠬᠢᠯᠭᠡᠵᠡᠢ᠃ | ︵2︶ ᠮᠤᠩᠭᠤᠯᠴᠤᠳ ᠤᠨ ᠳᠤᠮᠳᠠᠬᠢ ᠠᠩᠬᠠᠳᠠᠭᠴᠢ ᠠᠯᠪᠠᠨ ᠠᠴᠠ ᠡᠷᠬᠢᠯᠡᠭᠰᠡᠨ ᠰᠢᠨ᠎ᠡ ᠮᠠᠶ᠋ᠢᠭ ᠤᠨ | ᠰᠤᠷᠭᠠᠭᠤᠯᠢ ᠪᠤᠯᠬᠤ ᠲᠦᠪ ᠴᠢᠭᠴᠢ ᠶᠢ ᠡᠷᠬᠢᠮᠯᠡᠬᠦ — ᠴᠦᠩ ᠵᠧᠩ ᠰᠤᠷᠭᠠᠭᠤᠯᠢ ᠶᠢ 1902 ᠤᠨ ᠳᠤ ᠸᠠᠩ | ᠤᠨ ᠤᠷᠳᠤᠨ ᠤ ᠪᠠᠷᠠᠭᠤᠨ ᠶᠠᠮᠤᠨ ᠳᠠᠭᠠᠨ ᠡᠷᠬᠢᠯᠡᠨ ᠪᠠᠶᠢᠭᠤᠯᠵᠦ᠂ ᠤᠷᠤᠨ ᠨᠤᠳᠤᠭ ᠤᠨ ᠢᠶᠠᠨ ᠠᠮᠢᠳᠤᠷᠠᠯ ᠶᠠᠳᠠᠭᠤ | ᠬᠡᠦᠭᠡᠳ ᠪᠠᠭᠠᠴᠤᠳ ᠢ ᠳᠦᠯᠦᠪᠦᠷᠢ ᠦᠭᠡᠢ ᠪᠠᠷ ᠡᠯᠰᠡᠵᠦ ᠰᠤᠷᠤᠯᠴᠠᠭᠤᠯᠪᠠ᠃ ᠰᠤᠷᠭᠠᠭᠤᠯᠢ ᠶᠢᠨ ᠪᠡᠯᠡᠳᠭᠡᠯ | ᠳᠦᠬᠦᠭᠡᠷᠦᠮᠵᠢ ᠪᠦᠷᠢᠨ᠂ ᠬᠤᠨᠤᠬᠤ ᠦᠷᠦᠭᠡ᠂ ᠬᠤᠭᠤᠯᠠᠨ ᠭᠡᠷ᠂ ᠨᠤᠮ ᠤᠨ ᠰᠠᠩ ᠪᠦᠷ ᠪᠠᠶᠢᠭ᠎ᠠ ᠳᠤᠯᠠ | ᠰᠤᠷᠭᠠᠭᠤᠯᠢ ᠳᠤ ᠰᠠᠭᠤᠬᠤ ᠳᠤᠷ᠎ᠠ ᠲᠠᠢ ᠨᠢ ᠦᠯᠡᠳᠡᠵᠦ᠂ ᠰᠠᠭᠤᠬᠤ ᠳᠤᠷ᠎ᠠ ᠦᠭᠡᠢ ᠶᠢ ᠨᠢ ᠮᠤᠷᠢᠨ ᠳᠡᠷᠭᠡ ᠪᠠᠷ | ᠬᠦᠷᠭᠡᠵᠦ ᠪᠠᠶᠢᠪᠠ᠃ | ︵3︶ 1904 ᠤᠨ ᠳᠤ ᠮᠤᠩᠭᠤᠯ ᠤᠨ ᠬᠠᠮᠤᠭ ᠤᠨ ᠠᠩᠬᠠᠳᠠᠭᠴᠢ ᠦᠬᠢᠳ ᠤᠨ ᠰᠤᠷᠭᠠᠭᠤᠯᠢ — | ᠢᠤᠢ ᠵᠧᠩ ᠦᠬᠢᠳ ᠤᠨ ᠰᠤᠷᠭᠠᠭᠤᠯᠢ ᠶᠢ ᠪᠠᠶᠢᠭᠤᠯᠵᠠᠢ᠃ 1904 ᠤᠨ ᠳᠤ ᠬᠦᠩᠰᠡᠩᠨᠤᠷᠪᠤ ᠶᠠᠫᠤᠨ ᠳᠤ | ᠨᠢᠭᠤᠴᠨ ᠪᠠᠷ ᠠᠶᠢᠯᠴᠢᠯᠠᠵᠦ᠂ ᠤᠯᠤᠰ ᠲᠦᠷᠦ᠂ ᠠᠵᠦ ᠠᠬᠤᠢ᠂ ᠴᠡᠷᠢᠭ ᠳᠠᠶᠢᠨ᠂ ᠰᠤᠷᠭᠠᠨ ᠬᠦᠮᠦᠵᠢᠯ ᠤᠨ ᠳᠠᠯ᠎ᠠ | ᠪᠠᠷ ᠪᠠᠶᠢᠴᠠᠭᠠᠯᠳᠠ ᠬᠢᠵᠦ ᠶᠠᠪᠤᠬᠤ ᠳᠠᠭᠠᠨ ᠳᠤᠤᠺᠢᠤ᠋ ᠶᠢᠨ ᠵᠢᠰᠰᠸᠢᠢᠨ ᠦᠬᠢᠳ ᠤᠨ ᠰᠤᠷᠭᠠᠭᠤᠯᠢ ᠶᠢᠨ ᠵᠠᠬᠢᠷᠤᠯ | ᠰᠢᠮᠤᠳᠠ ᠤᠲ᠋ᠠᠺᠤ ᠲᠠᠢ ᠠᠭᠤᠯᠵᠠᠭᠠᠳ ᠨᠢᠳᠦ ᠨᠡᠭᠡᠭᠡᠵᠦ᠂ ᠡᠮᠡᠭᠳᠡᠶᠢᠴᠤᠳ ᠢ ᠰᠤᠷᠭᠠᠬᠤ ᠳᠠᠯ᠎ᠠ ᠪᠠᠷ ᠰᠢᠨ᠎ᠡ ᠳᠠᠨᠢᠯᠳᠠ | ᠲᠠᠢ ᠪᠤᠯᠵᠠᠢ᠃ ᠳᠡᠭᠡᠭᠡᠳ ᠨᠤᠳᠤᠭ ᠲᠠᠭᠠᠨ ᠪᠤᠴᠠᠵᠦ ᠢᠷᠡᠭᠰᠡᠨ ᠤ ᠳᠠᠷᠠᠭ᠎ᠠ ᠢᠤᠢ ᠵᠧᠩ ᠦᠬᠢᠳ ᠤᠨ ᠰᠤᠷᠭᠠᠭᠤᠯᠢ | ᠶᠢ ᠪᠠᠶᠢᠭᠤᠯᠵᠦ᠂ 24 ᠰᠤᠷᠤᠭᠴᠢ ᠡᠯᠰᠡᠭᠰᠡᠨ ᠤ ᠳᠤᠳᠤᠷ᠎ᠠ ᠬᠦᠩᠰᠡᠩᠨᠤᠷᠪᠤ ᠶᠢᠨ ᠦᠬᠢᠨ ᠳᠠᠬᠦᠦ ᠴᠦ ᠪᠠᠶᠢᠭᠰᠠᠨ | ᠶᠤᠮ᠃ ᠰᠤᠷᠭᠠᠭᠤᠯᠢ ᠶᠢᠨ ᠬᠡᠷᠡᠭ ᠶᠠᠪᠤᠳᠠᠯ ᠢ ᠳᠡᠬᠦᠨ ᠤ ᠬᠠᠳᠤᠨ ᠱᠠᠨ ᠺᠦᠨ ᠡᠷᠬᠢᠯᠡᠵᠦ᠂ ᠬᠢᠳᠡᠳ ᠮᠤᠩᠭᠤᠯ | ᠡᠮᠡᠭᠳᠡᠢ ᠪᠠᠭᠰᠢ ᠵᠠᠯᠠᠵᠦ ᠬᠢᠴᠢᠶᠡᠯ ᠵᠢᠭᠠᠯᠭᠠᠵᠦ ᠪᠠᠶᠢᠪᠠ᠃ ᠶᠠᠫᠤᠨ ᠤ ᠬᠠᠭᠤᠷᠠᠢ ᠵᠠᠮ ᠤᠨ ᠴᠡᠷᠢᠭ ᠤᠨ ᠬᠡᠯᠳᠡᠰ ᠠᠴᠠ | ᠺᠠᠸᠠᠬᠢᠷᠠ ᠲᠠᠳᠠᠺᠤ ︵ᠦᠨᠡᠨ ᠳ᠋ᠡᠭᠡᠨᠬᠦ᠋ᠩᠰᠡᠩᠨᠤᠷᠪᠤ ᠸᠠᠩ ᠤᠨ ᠤᠷᠤᠰ ᠤᠯᠤᠰ ᠯᠤᠭ᠎ᠠ ᠶᠢᠨ ᠬᠠᠷᠢᠯᠴᠠᠭ᠎ᠠ | ᠶᠠᠪᠤᠯᠴᠠᠭ᠎ᠠ ᠶᠢ ᠳᠠᠩᠨᠠᠬᠤ ᠵᠤᠷᠢᠯᠭ᠎ᠠ ᠪᠠᠷ ᠢᠷᠡᠵᠡᠢ︶ ᠶᠢ ᠤᠷᠢᠵᠦ᠂ ᠶᠠᠫᠤᠨ ᠬᠡᠯᠡ᠂ ᠳᠤᠭ᠎ᠠ ᠪᠤᠳᠤᠯᠭ᠎ᠠ᠂ ᠭᠠᠷ | ᠤᠷᠠᠯᠠᠯ᠂ ᠳᠠᠭᠤᠤ ᠬᠦᠭᠵᠢᠮ᠂ ᠵᠢᠷᠤᠭ᠂ ᠳᠠᠮᠢᠷ ᠵᠡᠷᠭᠡ ᠬᠢᠴᠢᠶᠡᠯ ᠢ ᠵᠢᠭᠠᠯᠭᠠᠵᠦ ᠪᠠᠶᠢᠵᠠᠢ᠃ ᠮᠦᠨ ᠳᠤᠰ ᠵᠢᠯ | ᠬᠦᠩᠰᠡᠩᠨᠤᠷᠪᠤ ᠪᠠᠰᠠ ᠸᠠᠩ ᠤᠨ ᠤᠷᠳᠤᠨ ᠤ ᠪᠠᠷᠠᠭᠤᠨ ᠳᠠᠬᠢ ᠬᠠᠭᠤᠴᠢᠨ ᠤᠷᠳᠤᠨ ᠳᠤ ᠱᠸᠦ ᠵᠧᠩ ᠡᠤ | ᠰᠤᠷᠭᠠᠭᠤᠯᠢ ᠶᠢ ᠪᠠᠶᠢᠭᠤᠯᠵᠦ᠂ ᠬᠤᠰᠢᠭᠤᠨ ᠤ ᠨᠤᠶᠠᠳ ᠤᠨ ᠬᠡᠦᠭᠡᠳ ᠳᠡᠬᠦᠦ ᠨᠠᠷ ᠤᠨ ᠳᠤᠳᠤᠷ᠎ᠠ ᠠᠴᠠ 30 | ᠬᠦᠮᠦᠨ ᠢ ᠰᠤᠩᠭᠤᠵᠦ᠂ ᠠᠩᠬ᠎ᠠ ᠵᠡᠷᠭᠡ ᠶᠢᠨ ᠴᠡᠷᠢᠭ ᠤᠨ ᠨᠤᠶᠠᠨ ᠤ ᠡᠷᠳᠡᠮ ᠢ ᠰᠤᠷᠭᠠᠪᠠ᠃ | ︵4︶ 1902 ᠤᠨ ᠳᠤ ᠦᠪᠦᠷ ᠮᠤᠩᠭᠤᠯ ᠤᠨ ᠠᠩᠬᠠᠳᠠᠭᠴᠢ ᠨᠤᠮ ᠤᠨ ᠰᠠᠩ ᠢ ᠪᠠᠶᠢᠭᠤᠯᠵᠦ᠂ | ᠬᠡᠦᠭᠡᠳ ᠪᠠᠭᠠᠴᠤᠳ ᠤᠨ ᠨᠤᠮ ᠵᠤᠬᠢᠶᠠᠯ ᠤᠩᠰᠢᠬᠤ ᠳᠤ ᠳᠦᠬᠦᠮ ᠪᠤᠯᠭᠠᠵᠠᠢ᠃ | ︵5︶ ᠠᠩᠬ᠎ᠠ ᠤᠳᠠᠭ᠎ᠠ ᠶᠠᠫᠤᠨ ᠳᠤ ᠰᠤᠷᠤᠭᠴᠢ ᠳᠤᠮᠢᠯᠠᠨ ᠰᠤᠷᠤᠯᠴᠠᠭᠤᠯᠪᠠ᠃ ᠢᠤᠢ ᠵᠧᠩ | ᠡᠮᠡᠭᠳᠡᠶᠢᠴᠤᠳ ᠤᠨ ᠰᠤᠷᠭᠠᠭᠤᠯᠢ ᠠᠴᠠ ᠰᠢᠯᠢᠳᠡᠭ ᠰᠤᠷᠤᠭᠴᠢᠳ ᠢ ᠰᠤᠩᠭᠤᠨ᠂ ᠳᠤᠤᠺᠢᠤ᠋ ᠶᠢᠨ ᠰᠢᠰᠰᠸᠢᠢᠨ | ᠡᠮᠡᠭᠳᠡᠶᠢᠴᠤᠳ ᠤᠨ ᠰᠤᠷᠭᠠᠭᠤᠯᠢ ᠳᠤ 3 ᠬᠦᠮᠦᠨ᠂ ᠳᠤᠤᠺᠢᠤ᠋ ᠶᠢᠨ ᠡᠤ ᠵᠧᠨ ᠰᠤᠷᠭᠠᠭᠤᠯᠢ ᠳᠤ 5 ᠬᠦᠮᠦᠨ ᠢ | ᠳᠤᠰ ᠲᠤᠰ ᠳᠤᠮᠢᠯᠠᠨ ᠰᠤᠷᠤᠯᠴᠠᠭᠤᠯᠵᠠᠢ᠃ ᠳᠡᠷᠡᠪᠡᠷ ᠪᠠᠰᠠ ᠨᠢᠭᠡ ᠪᠦᠯᠦᠭ ᠰᠤᠷᠤᠭᠴᠢᠳ ᠢ ᠰᠤᠩᠭᠤᠨ ᠪᠤᠤ ᠳ᠋ᠢᠩ | ᠤᠨ ᠠᠩᠬ᠎ᠠ ᠵᠡᠷᠭᠡ ᠶᠢᠨ ᠪᠠᠭᠰᠢ ᠶᠢᠨ ᠰᠤᠷᠭᠠᠭᠤᠯᠢ᠂ ᠱᠠᠩᠬᠠᠢ ᠶᠢᠨ ᠨᠠᠨᠶᠠᠩ ᠳᠤᠮᠳᠠᠳᠤ ᠰᠤᠷᠭᠠᠭᠤᠯᠢ᠂ ᠲᠢᠶᠠᠨᠵᠢᠨ | ᠤ ᠤᠮᠠᠷᠠᠳᠤ ᠤᠷᠤᠨ ᠤ ᠴᠡᠷᠢᠭ ᠤᠨ ᠡᠷᠭᠡᠳᠡᠨ ᠤ ᠰᠤᠷᠭᠠᠭᠤᠯᠢ᠂ ᠪᠡᠭᠡᠵᠢᠩ ᠤᠨ ᠬᠠᠭᠤᠷᠠᠢ ᠵᠠᠮ ᠤᠨ ᠴᠡᠷᠢᠭ ᠤᠨ | ᠰᠤᠷᠭᠠᠭᠤᠯᠢ᠂ ᠪᠤᠤ ᠳ᠋ᠢᠩ ᠤᠨ ᠨᠤᠶᠠᠨ ᠤ ᠰᠤᠷᠭᠠᠭᠤᠯᠢ᠂ ᠪᠡᠭᠡᠵᠢᠩ ᠤᠨ ᠬᠡᠮᠵᠢᠨ ᠵᠢᠷᠤᠬᠤ ᠰᠤᠷᠭᠠᠭᠤᠯᠢ ᠵᠡᠷᠭᠡ | ᠰᠤᠷᠭᠠᠭᠤᠯᠢ ᠪᠠᠷ ᠳᠤᠮᠢᠯᠠᠨ ᠰᠤᠷᠤᠯᠴᠠᠭᠤᠯᠵᠦ ᠪᠠᠶᠢᠪᠠ᠃ | ︵6︶ ᠠᠩᠬ᠎ᠠ ᠤᠳᠠᠭ᠎ᠠ ᠰᠤᠨᠢᠨ ᠡᠷᠬᠢᠯᠡᠪᠡ᠃ ᠰᠢᠨ᠎ᠡ ᠵᠠᠰᠠᠭ ᠢᠶᠠᠨ ᠤᠬᠠᠭᠤᠯᠵᠦ᠂ ᠠᠷᠠᠳ ᠢ | ᠰᠡᠭᠡᠭᠡᠷᠡᠬᠦᠯᠬᠦ ᠶᠢᠨ ᠳᠦᠯᠦᠭᠡ ᠰᠤᠨᠢᠨ ᠤ ᠬᠤᠷᠢᠶ᠎ᠠ ᠪᠠᠶᠢᠭᠤᠯᠵᠦ᠂ ᠡᠳᠦᠷ ᠠᠯᠤᠰᠯᠠᠪᠠᠯ ᠨᠢᠭᠡ ᠤᠳᠠᠭ᠎ᠠ ᠴᠢᠯᠠᠭᠤᠨ | ᠪᠠᠷ ᠤᠨ ︽ᠢᠩ ᠪᠤᠤ︾ ᠰᠤᠨᠢᠨ ᠢ ᠳᠠᠷᠤᠮᠠᠯᠯᠠᠨ ᠤᠯᠤᠰ ᠤᠨ ᠳᠤᠳᠤᠭᠠᠳᠤ ᠭᠠᠳᠠᠭᠠᠳᠤ ᠶᠢᠨ ᠰᠤᠨᠢᠨ ᠮᠡᠳᠡᠭᠡ᠂ | ᠰᠢᠨᠵᠢᠯᠡᠬᠦ ᠤᠬᠠᠭᠠᠨ ᠤ ᠮᠡᠳᠡᠯᠭᠡ᠂ ᠡᠯ᠎ᠡ ᠴᠢᠭᠤᠯᠭᠠᠨ ᠤ ᠪᠠᠶᠢᠳᠠᠯ ᠵᠡᠷᠭᠡ ᠶᠢ ᠨᠡᠶᠢᠳᠡᠯᠡᠵᠦ᠂ ᠳᠤᠰᠬᠠᠢ ᠬᠦᠮᠦᠨ ᠢᠶᠠᠷ | ᠬᠤᠰᠢᠭᠤᠨ ᠤ ᠳᠤᠳᠤᠭᠠᠳᠤ ᠭᠠᠳᠠᠭᠠᠳᠤ ᠳᠤ ᠳᠠᠷᠬᠠᠭᠠᠯᠭᠠᠵᠦ ᠪᠠᠶᠢᠪᠠ᠃ | ︵7︶ ᠠᠩᠬ᠎ᠠ ᠤᠳᠠᠭ᠎ᠠ ᠰᠢᠤᠳᠠᠨ᠂ ᠰᠢᠤᠳᠠᠨ ᠤ ᠵᠤᠶᠢᠯ ᠢ ᠵᠦᠭᠡᠭᠡᠬᠦ᠂ ᠳ᠋ᠢᠶᠠᠨᠪᠤᠤ ᠬᠦᠯᠢᠶᠡᠨ ᠠᠪᠬᠤ | ᠭᠠᠵᠠᠷ ᠢ ᠪᠠᠶᠢᠭᠤᠯᠵᠠᠢ᠃ ᠬᠠᠷᠠᠴᠢᠨ ᠬᠤᠰᠢᠭᠤᠨ ᠤ ᠵᠠᠮ ᠨᠡᠪᠳᠡᠷᠡᠯᠭᠡ ᠬᠤᠴᠤᠷᠤᠩᠭᠤᠢ ᠪᠠᠶᠢᠳᠠᠯ ᠢ ᠦᠭᠡᠷᠡᠴᠢᠯᠡᠬᠦ | ᠶᠢᠨ ᠳᠦᠯᠦᠭᠡ ᠸᠧᠢ ᠴᠠᠩ ︵ᠠᠩᠨᠠᠭᠤᠷ ᠤᠨ ᠭᠠᠵᠠᠷ︶ ᠠᠴᠠ ᠸᠠᠩ ᠤᠨ ᠤᠷᠳᠤᠨ ᠬᠦᠷᠳᠡᠯᠡᠬᠢ 90 ᠭᠠᠵᠠᠷ ᠤᠨ | ᠬᠡᠪᠴᠢᠶᠡᠨ ᠳᠤ ᠦᠪᠡᠷ ᠤᠨ ᠪᠡᠶ᠎ᠡ ᠪᠠᠷ ᠢᠶᠠᠨ ᠬᠠᠶᠢᠨ ᠪᠠᠶᠢᠴᠠᠭᠠᠵᠦ᠂ ᠴᠠᠬᠢᠯᠭᠠᠨ ᠤᠳᠠᠰᠤ ᠳᠠᠳᠠᠨ ᠳᠤᠳᠤᠷ ᠭᠠᠵᠠᠷ | ᠲᠠᠢ ᠨᠡᠪᠳᠡᠷᠡᠯᠴᠡᠬᠦ ᠪᠤᠯᠭᠠᠵᠠᠢ᠃ ᠭᠤᠷᠪᠠᠨ ᠰᠢᠯᠢᠳᠡᠭ ᠮᠤᠩᠭᠤᠯ ᠵᠠᠯᠠᠭᠤ ᠶᠢ ᠰᠤᠩᠭᠤᠵᠦ᠂ 3 ᠡᠭᠡᠯᠵᠢ ᠪᠤᠯᠭᠠᠨ᠂ | ᠪᠡᠭᠡᠵᠢᠩ — — ᠬᠠᠷᠠᠴᠢᠨ ᠤ ᠬᠤᠭᠤᠷᠤᠨᠳᠤ ᠰᠢᠤᠳᠠᠨ ᠪᠠᠶᠢᠭᠤᠯᠪᠠ᠃ | ︵8︶ ᠠᠩᠬ᠎ᠠ ᠤᠳᠠᠭ᠎ᠠ ᠶᠡᠷᠦᠩᠭᠡᠶᠢᠯᠡᠭᠰᠡᠨ ᠴᠢᠨᠠᠷᠳᠠᠢ ᠦᠢᠯᠡᠳᠪᠤᠷᠢ ᠪᠠᠶᠢᠭᠤᠯᠵᠦ᠂ ᠲᠢᠶᠡᠨᠵᠢᠨ ᠤ | ᠤᠮᠠᠷᠠᠳᠤ ᠤᠷᠤᠨ ᠳᠠᠬᠢ ᠴᠡᠷᠢᠭ ᠤᠨ ᠡᠷᠭᠡᠳᠡᠨ ᠤ ᠦᠢᠯᠡᠳᠪᠤᠷᠢ ᠳᠤ ᠳᠠᠳᠤᠯᠭ᠎ᠠ ᠬᠢᠵᠦ ᠢᠷᠡᠭᠰᠡᠨ ᠰᠤᠷᠤᠭᠴᠢ ᠶᠢ | ᠮᠡᠷᠭᠡᠵᠢᠯᠳᠡᠨ ᠢᠶᠠᠷ ᠵᠠᠯᠠᠵᠦ᠂ ᠮᠤᠩᠭᠤᠯ ᠵᠠᠯᠠᠭᠤᠰ ᠢ ᠦᠢᠯᠡᠳᠪᠤᠷᠢ ᠳᠤ ᠤᠷᠤᠭᠤᠯᠵᠦ᠂ ᠪᠦᠰ ᠨᠡᠭᠡᠬᠦ᠂ ᠪᠤᠳᠤᠭ | ᠤᠷᠤᠭᠤᠯᠬᠤ᠂ ᠢᠰᠡᠬᠡᠢ ᠬᠢᠬᠦ᠂ ᠰᠠᠪᠤᠩ ᠬᠢᠬᠦ᠂ ᠯᠠ ᠬᠢᠬᠦ᠂ ᠪᠤᠳᠤᠭ ᠬᠢᠬᠦ ᠵᠡᠷᠭᠡ ᠠᠵᠢᠯ ᠢ ᠡᠷᠬᠢᠯᠡᠵᠡᠢ᠃ ᠴᠢᠩ | ᠤᠨ ᠵᠠᠰᠠᠭ ᠤᠨ ᠤᠷᠳᠤᠨ ᠢᠶᠠᠷ ᠵᠦᠪᠰᠢᠶᠡᠷᠡᠬᠦᠯᠦᠨ ᠤᠷᠤᠰ ᠤᠨ ᠳ᠋ᠤᠤ ᠱᠧᠩ ᠪᠠᠩᠬᠢ ᠠᠴᠠ 3 ᠲᠦᠮᠡᠨ ᠯᠠᠩ | ᠮᠦᠩᠬᠦ ᠵᠢᠭᠡᠯᠡᠨ ︽ᠰᠠᠨ ᠢ ᠭᠠᠳᠠᠭᠠᠳᠤ ᠪᠠᠩᠬᠢ︾ ᠶᠢ ᠪᠠᠶᠢᠭᠤᠯᠵᠠᠢ᠃ | ︵9︶ ᠬᠤᠰᠢᠭᠤᠨ ᠤ ᠪᠠᠨ ᠬᠤᠷᠢᠭᠠᠳ ᠵᠠᠯᠠᠭᠤ ᠶᠢ ᠡᠯᠰᠡᠵᠦ᠂ ᠸᠠᠩ ᠤᠨ ᠤᠷᠳᠤᠨ ᠳᠠᠭᠠᠨ ᠴᠠᠭᠳᠠᠭ᠎ᠠ | ᠶᠢᠨ ᠳᠤᠪᠴᠢᠶ᠎ᠠ ᠪᠠᠶᠢᠭᠤᠯᠵᠦ᠂ ᠤᠷᠤᠨ ᠨᠤᠳᠤᠭ ᠤᠨ ᠠᠮᠤᠷ ᠳᠦᠪᠰᠢᠨ ᠢ ᠬᠠᠮᠠᠭᠠᠯᠠᠪᠠ᠃ | ︵10︶ ᠠᠩᠬ᠎ᠠ ᠤᠳᠠᠭ᠎ᠠ ᠡᠮᠦᠨᠡᠳᠦ ᠶᠢᠨ ᠢᠯᠠᠮ᠎ᠠ ᠶᠢ ᠤᠮᠠᠷᠠᠰᠢ ᠰᠢᠯᠵᠢᠬᠦᠯᠵᠦ᠂ ᠬᠦᠷᠢ ᠳᠡᠵᠢᠭᠡᠬᠦ | ᠦᠢᠯᠡᠰ ᠢ ᠬᠦᠭᠵᠢᠬᠦᠯᠵᠡᠢ᠃ 1908 ᠤᠨ ᠳᠤ ᠬᠦᠩᠰᠡᠩᠨᠤᠷᠪᠤ ᠴᠢᠩ ᠤᠯᠤᠰ ᠤᠨ ᠵᠠᠰᠠᠭ ᠤᠨ ᠭᠠᠵᠠᠷ ᠲᠤ ︽ | ᠦᠴᠦᠭᠡᠨ ᠳᠡᠳᠦᠢ ᠦᠵᠡᠯᠳᠡ ᠨᠠᠢᠮᠠᠨ ᠵᠤᠷᠪᠤᠰ ᠢ ᠬᠢᠴᠢᠶᠡᠩᠬᠦᠶᠢᠯᠡᠪᠡ︾ ᠬᠡᠳᠡᠭ ᠠᠶᠢᠯᠠᠳᠬᠠᠯ ᠪᠢᠴᠢᠭ ᠡᠷᠬᠦᠵᠦ᠂ | ᠵᠧᠵᠢᠶᠠᠩ ᠠᠴᠠ ᠬᠡᠳᠦᠨ ᠲᠦᠮᠡᠨ ᠢᠯᠠᠮ᠎ᠠ ᠶᠢᠨ ᠮᠤᠳᠤᠨ ᠤ ᠴᠢᠬᠢ ᠠᠪᠴᠢᠷᠠᠵᠦ᠂ ᠫᠦ᠋ ᠬᠤᠢ ᠰᠧ ᠰᠦᠮ᠎ᠡ ᠶᠢᠨ | ᠡᠮᠦᠨ᠎ᠡ ᠪᠠ ᠸᠠᠩ ᠤᠨ ᠤᠷᠳᠤᠨ ᠤ ᠴᠡᠴᠡᠷᠯᠢᠭ ᠲᠤ ᠬᠡᠳᠦᠨ ᠵᠠᠭᠤᠨ ᠮᠤᠳᠤ ᠵᠠᠶᠢᠯᠠᠵᠦ᠂ ᠬᠦᠷᠢ ᠳᠡᠵᠢᠭᠡᠬᠦ ᠦᠢᠯᠡᠰ | ᠢ ᠶᠡᠬᠡᠪᠡᠷ ᠬᠦᠭᠵᠢᠬᠦᠯᠵᠡᠢ᠃ | | ᠬᠠᠭᠤᠴᠢᠨ ᠲᠦᠷᠢᠮ ᠢ ᠦᠭᠡᠷᠡᠴᠢᠯᠡᠬᠦ ᠳᠠᠯ᠎ᠠ ᠪᠠᠷ ᠬᠦᠩᠰᠡᠩᠨᠤᠷᠪᠤ ᠪᠠᠰᠠ ᠡᠳᠦᠢ ᠳᠡᠳᠦᠢ ᠠᠵᠢᠯ ᠢ ᠬᠢᠭᠰᠡᠨ | ᠪᠠᠶᠢᠨ᠎ᠠ᠃ ᠰᠦᠬᠦᠳᠴᠦ ᠮᠦᠷᠬᠦᠬᠦ ᠶᠢ ᠮᠡᠬᠦᠶᠢᠨ ᠶᠤᠰᠤᠯᠠᠬᠤ ᠪᠤᠯᠭᠠᠪᠠ᠃ ᠬᠡᠷᠯᠡᠬᠦ ᠳᠤ ᠪᠦᠷᠢᠯᠭᠡᠨ ᠰᠦᠢᠳᠭᠡᠬᠦ ᠶᠢ | ᠡᠰᠡᠷᠬᠦᠴᠡᠵᠦ᠂ ᠰᠢᠨ᠎ᠡ ᠮᠠᠶ᠋ᠢᠭ ᠤᠨ ᠪᠤᠯᠪᠠᠰᠤᠨ ᠤᠷᠤᠭ ᠬᠤᠯᠪᠤᠬᠤ ᠶᠤᠰᠤ ᠶᠢ ᠡᠷᠬᠢᠮᠯᠡᠪᠡ᠃ ᠴᠦᠩ ᠵᠧᠩ | ᠰᠤᠷᠭᠠᠭᠤᠯᠢ ᠶᠢᠨ ᠪᠠᠭᠰᠢ ᠰᠤᠷᠤᠭᠴᠢᠳ ᠤᠨ ᠳᠤᠳᠤᠷ᠎ᠠ ᠤᠷᠤᠨ ᠨᠤᠳᠤᠭ ᠤᠨ ᠵᠠᠰᠠᠭ ᠵᠠᠬᠢᠷᠭᠠᠨ ᠢ ᠰᠤᠳᠤᠯᠬᠤ ︽ | ᠳᠡᠭᠡᠳᠦ ᠡᠷᠳᠡᠮᠳᠦ ᠶᠢᠨ ᠰᠤᠷᠤᠭᠴᠢᠳ ᠤᠨ ᠬᠤᠷᠢᠶ᠎ᠠ︾ ᠪᠤᠯᠤᠨ ᠤᠯᠤᠰ ᠲᠦᠷᠦ ᠵᠢᠨᠪᠤᠯᠪᠠᠰᠤᠷᠠᠯ ᠤᠨ ᠠᠩᠬᠢ ᠶᠢ | ᠵᠤᠬᠢᠶᠠᠨ ᠪᠠᠶᠢᠭᠤᠯᠵᠦ᠂ ᠤᠷᠤᠨ ᠨᠤᠳᠤᠭ ᠤᠨ ᠵᠠᠰᠠᠭ ᠵᠠᠬᠢᠷᠭᠠᠨ ᠢ ᠡᠷᠬᠢᠯᠡᠬᠦ ᠬᠦᠮᠦᠰ ᠢ ᠬᠦᠮᠦᠵᠢᠬᠦᠯᠦᠨ᠂ ᠨᠠᠰᠤ | ᠠᠬᠢᠭᠰᠠᠨ ᠨᠢᠭᠡ ᠪᠦᠯᠦᠭ ᠵᠠᠯᠠᠨ ᠵᠠᠩᠬᠢ ᠶᠢ ᠳᠤᠰᠢᠶᠠᠯ ᠠᠴᠠ ᠨᠢ ᠪᠠᠭᠤᠯᠭᠠᠵᠦ᠂ ᠦᠵᠡᠯ ᠰᠠᠨᠠᠭ᠎ᠠ ᠪᠠᠷ ᠳᠠᠪᠰᠢᠩᠭᠤᠢ | ᠵᠠᠯᠠᠭᠤᠰ ᠢ ᠳᠡᠪᠰᠢᠬᠦᠯᠦᠨ ᠬᠡᠷᠡᠭᠯᠡᠪᠡ᠃ | ᠴᠠᠭᠠᠭᠴᠢᠨ ᠭᠠᠭ᠋ᠠᠢ ᠵᠢᠯ ᠤᠨ ᠬᠤᠪᠢᠰᠬᠠᠯ ᠠᠴᠠ ᠬᠤᠶᠢᠰᠢ ᠴᠢᠩ ᠤᠯᠤᠰ ᠤᠨ ᠬᠠᠭᠠᠨ ᠤ ᠰᠠᠭᠤᠷᠢ | ᠭᠤᠶᠢᠪᠠᠯᠵᠢᠵᠦ᠂ ᠬᠠᠯᠬ᠎ᠠ ᠮᠤᠩᠭᠤᠯ ︽ᠳᠤᠰᠠᠭᠠᠷ ᠳᠤᠭᠳᠠᠨᠢᠭᠰᠠᠨ︾ ᠶᠠᠪᠤᠳᠠᠯ ᠨᠢ ᠬᠦᠩᠰᠡᠩᠨᠤᠷᠪᠤ ᠶᠢᠨ ᠦᠪᠦᠷ | ᠮᠤᠩᠭᠤᠯ ᠢ ︽ᠳᠤᠰᠠᠭᠠᠷ ᠳᠤᠭᠳᠠᠨᠢᠭᠤᠯᠬᠤ︾ ᠭᠡᠰᠡᠨ ᠰᠠᠨᠠᠭ᠎ᠠ ᠶᠢ ᠬᠦᠭᠵᠢᠭᠡᠵᠡᠢ᠃ ᠳᠡᠷᠡ ᠬᠤᠰᠢᠭᠤᠨ ᠤ ᠨᠤᠶᠠᠳ | ᠢᠶᠠᠨ ᠴᠤᠭᠯᠠᠭᠤᠯᠵᠦ᠄ ︽ᠤᠶᠢᠷ᠎ᠡ ᠶᠢᠨ ᠬᠡᠳᠦᠨ ᠵᠢᠯ ᠰᠤᠷᠭᠠᠭᠤᠯᠢ ᠪᠠᠶᠢᠭᠤᠯᠵᠦ᠂ ᠴᠡᠷᠢᠭ ᠪᠤᠯᠪᠠᠰᠤᠷᠠᠭᠤᠯᠤᠨ᠂ | ᠦᠢᠯᠡᠳᠪᠤᠷᠢ ᠬᠤᠳᠠᠯᠳᠤᠭ᠎ᠠ ᠶᠢ ᠦᠷᠨᠢᠬᠦᠯᠦᠨ ᠬᠦᠭᠵᠢᠬᠦᠯᠦᠭᠰᠡᠨ ᠨᠢ ᠴᠦᠮ ᠮᠤᠩᠭᠤᠯ ᠦᠨᠳᠦᠰᠦᠳᠡᠨ ᠤ ᠳᠤᠰᠠᠭᠠᠷ | ᠳᠤᠭᠳᠠᠨᠢᠬᠤ ᠳᠤ ᠪᠡᠯᠡᠳᠭᠡᠯ ᠠᠵᠢᠯ ᠬᠢᠭᠰᠡᠨ ᠶᠠᠪᠤᠳᠠᠯ ᠶᠤᠮ᠃ ᠤᠳᠤ ᠴᠢᠩ ᠤᠯᠤᠰ ᠤᠨ ᠲᠦᠷᠦ ᠨᠤᠷᠠᠵᠦ᠂ | ᠢᠷᠭᠡᠨ ᠤᠯᠤᠰ ᠢ ᠡᠬᠢᠯᠡᠨ ᠪᠠᠶᠢᠭᠤᠯᠤᠭᠠᠳ᠂ ᠬᠠᠯᠬ᠎ᠠ ᠮᠤᠩᠭᠤᠯ ᠳᠤᠰᠠᠭᠠᠷ ᠳᠤᠭᠳᠠᠨᠢᠭᠰᠠᠨ ᠨᠢ ᠴᠢᠪ ᠭᠡᠮᠡᠨ ᠪᠢᠳᠡᠨ | ᠤ ᠪᠤᠰᠤᠯᠴᠠᠬᠤ ᠴᠠᠭ ᠪᠤᠯᠤᠭᠰᠠᠨ ᠶᠤᠮ︾ ᠭᠡᠵᠦ ᠬᠡᠯᠡᠪᠡ᠃ ᠰᠡᠬᠦᠯᠡᠷ ᠨᠢ ᠬᠤᠰᠢᠭᠤᠨ ᠤ ᠨᠤᠶᠠᠳ ᠪᠠᠶᠠᠳ ᠢᠯᠡ | ᠪᠠᠷ ᠡᠰᠡᠷᠬᠦᠴᠡᠭᠰᠡᠨ ᠠᠴᠠ ᠰᠠᠶ᠋ᠢ ᠦᠪᠦᠷ ᠮᠤᠩᠭᠤᠯ ᠢ ︽ᠳᠤᠰᠠᠭᠠᠷ ᠳᠤᠭᠳᠠᠨᠢᠭᠤᠯᠬᠤ︾ ᠭᠡᠰᠡᠨ ᠳᠦᠯᠦᠪᠯᠡᠭᠡ ᠪᠠᠨ | ᠬᠠᠶᠠᠵᠠᠢ᠃ | 1912 ᠤᠨ ᠳᠤ ᠬᠦᠩᠰᠡᠩᠨᠤᠷᠪᠤ ᠿᠧᠾᠧ ᠶᠢᠨ ᠬᠢᠯᠢ ᠳᠤᠳᠤᠷᠠᠬᠢ ᠮᠤᠩᠭᠤᠯ ᠬᠤᠰᠢᠭᠤᠳ ᠢ ︽ | ᠦᠪᠡᠷᠳᠡᠭᠡᠨ ᠵᠠᠰᠠᠬᠤ︾ ᠪᠤᠯᠭᠠᠨ᠎ᠠ ᠭᠡᠵᠦ ᠳᠤᠷᠠᠳᠴᠦ ᠭᠠᠷᠭᠠᠪᠠ᠃ ᠶᠤᠸᠠᠨ ᠱᠢ ᠺᠠᠢ ᠰᠤᠨᠤᠰᠤᠭᠠᠳ ᠪᠠᠷᠰ ᠢ | ᠦᠳᠦᠭᠡᠵᠦ ᠠᠭᠤᠯᠠᠨ ᠠᠴᠠ ᠰᠠᠯᠭᠠᠬᠤ ᠠᠷᠭ᠎ᠠ ᠶᠢ ᠬᠡᠷᠡᠭᠯᠡᠨ᠂ ᠬᠦᠩᠰᠡᠩᠨᠤᠷᠪᠤ ᠶᠢ ᠮᠤᠩᠭᠤᠯ ᠳᠦᠪᠡᠳ ᠤᠨ ᠲᠦᠷᠦ | ᠶᠢ ᠵᠠᠰᠠᠬᠤ ᠶᠠᠪᠤᠳᠠᠯ ᠤᠨ ᠶᠠᠮᠤᠨ ᠤ ᠰᠠᠶᠢᠳ ᠪᠦᠭᠡᠳ ᠴᠢᠩ ᠸᠠᠩ ᠡᠷᠬᠦᠮᠵᠢᠯᠡᠨ ᠪᠡᠭᠡᠵᠢᠩ ᠳᠤ ᠰᠢᠯᠵᠢᠬᠦᠯᠦᠨ | ᠠᠪᠠᠴᠢᠪᠠ᠃ ᠭᠤᠮᠢᠨᠳᠠᠩ ᠨᠠᠮ ᠨᠢ ᠪᠡᠭᠡᠵᠢᠩ ᠳᠤ ᠨᠠᠮ ᠢᠶᠠᠨ ᠦᠭᠡᠷᠡᠴᠢᠯᠡᠨ ᠪᠠᠶᠢᠭᠤᠯᠬᠤ ᠦᠶ᠎ᠡ ᠳᠤ ᠬᠦᠩᠰᠡᠩᠨᠤᠷᠪᠤ | ᠬᠡᠷᠡᠭ ᠡᠷᠬᠢᠯᠡᠭᠴᠢ ᠶᠢᠨ ᠨᠢᠭᠡᠨ ᠢᠶᠠᠷ ᠰᠤᠩᠭᠤᠭᠳᠠᠵᠠᠢ᠃ | ᠬᠦᠩᠰᠡᠩᠨᠤᠷᠪᠤ ᠪᠡᠭᠡᠵᠢᠩ ᠳᠤ ᠪᠠᠶᠢᠭ᠎ᠠ ᠬᠤᠭᠤᠴᠠᠭᠠᠨ ᠳᠠᠭᠠᠨ ᠮᠤᠩᠭᠤᠯ ᠲᠦᠪᠡᠳ ᠤᠨ ᠳᠤᠰᠬᠠᠢ | ᠰᠤᠷᠭᠠᠭᠤᠯᠢ ︵ᠤᠳᠤᠬᠢ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ︶ ᠶᠢ ᠪᠠᠶᠢᠭᠤᠯᠤᠭᠰᠠᠨ ᠶᠠᠪᠤᠳᠠᠯ ᠪᠤᠯ | ᠬᠠᠮᠤᠭ ᠤᠨ ᠶᠡᠭᠡ ᠠᠮᠵᠢᠯᠳᠠ ᠪᠤᠯᠬᠤ ᠶᠤᠮ᠃ 1919 ᠤᠨ ᠠᠴᠠ ᠬᠤᠶᠢᠰᠢ ᠯᠢ ᠳ᠋ᠠ ᠵᠤᠤ᠂ ᠳ᠋ᠧᠩ ᠵᠦᠩ ᠰᠢᠶᠧ | ᠂ ᠵᠤᠤ ᠱᠢ ᠶᠠᠨ ᠵᠡᠷᠭᠡ ᠬᠦᠮᠦᠰ ᠳᠤᠰ ᠰᠤᠷᠭᠠᠭᠤᠯᠢ ᠳᠤ ᠬᠢᠴᠢᠶᠡᠯ ᠤᠷᠤᠵᠦ᠂ ᠡᠪ ᠬᠠᠮᠳᠤ ᠶᠢᠨ ᠦᠵᠡᠯ ᠢ | ᠰᠤᠷᠳᠠᠯᠴᠢᠯᠠᠵᠦ ᠪᠠᠶᠢᠵᠠᠢ᠃ ᠤᠯᠠᠭᠠᠨᠬᠦᠦ᠂ ᠯᠢ ᠢᠤᠢ ᡁᠢ ᠵᠡᠷᠭᠡ ᠬᠤᠵᠢᠮ ᠤᠨ ᠦᠪᠦᠷ ᠮᠤᠩᠭᠤᠯ ᠤᠨ ᠢᠷᠡᠭᠡᠳᠦᠢ | ᠶᠢ ᠨᠦᠯᠦᠭᠡᠯᠡᠭᠰᠡᠨ ᠳᠡᠦᠭᠡᠳᠦ ᠬᠦᠮᠦᠰ ᠴᠦ ᠪᠦᠷ ᠳᠤᠰ ᠰᠤᠷᠭᠠᠭᠤᠯᠢ ᠠᠴᠠ ᠳᠡᠬᠦᠰᠦᠭᠰᠡᠨ ᠶᠤᠮ᠃ 1928 ᠤᠨ | ᠳᠤ ᠤᠮᠠᠷᠠᠰᠢ ᠳᠠᠶᠢᠯᠠᠬᠤ ᠳᠠᠶᠢᠨ ᠳᠠᠭᠤᠰᠴᠦ ᠪᠡᠭᠡᠵᠢᠩ ᠤᠨ ᠵᠠᠰᠠᠭ ᠤᠨ ᠭᠠᠵᠠᠷ ᠳᠠᠷᠬᠠᠭᠠᠭᠳᠠᠬᠤ ᠶᠢᠨ ᠳᠠᠭᠠᠤ | ᠬᠦᠩᠰᠡᠩᠨᠤᠷᠪᠤ ᠴᠦ ᠲᠦᠷᠦ ᠠᠴᠠ ᠠᠩᠬᠢᠵᠢᠷᠠᠨ᠂ ᠰᠤᠯᠠ ᠰᠢᠯᠦᠭᠯᠡᠨ ᠠᠷᠬᠢᠳᠠᠵᠦ ᠰᠠᠭᠤᠬᠤ ᠠᠮᠢᠳᠤᠷᠠᠯ ᠢᠶᠠᠨ | ᠡᠬᠢᠯᠡᠵᠡᠢ᠃ ᠳᠡᠭᠡᠭᠡᠳ 1930 ᠤᠨ ᠳᠤ ᠪᠡᠭᠡᠵᠢᠩ ᠳᠤ ᠡᠪᠡᠳᠴᠢᠨ ᠢᠶᠠᠷ ᠨᠠᠰᠤ ᠨᠦᠭᠴᠢᠪᠡ᠃ | | | |