ᠰᠡᠳᠦᠪ ᠤᠨ ᠢᠷᠡᠯᠲᠡ᠄ 8 ᠰᠠᠷ᠎ᠠ ᠶᠢᠨ 28 ᠤ ᠡᠳᠦᠷ᠂ ᠦᠪᠦᠷ ᠮᠤᠩᠭᠤᠯ ᠤᠨ ᠬᠠᠰᠠᠷ ᠰᠤᠳᠤᠯᠤᠯ ᠤᠨ | ᠨᠡᠶᠢᠭᠡᠮᠯᠢᠭ ᠪᠠᠶᠢᠭᠤᠯᠤᠭᠳᠠᠬᠤ ᠶᠡᠭᠡ ᠬᠤᠷᠠᠯ ᠵᠢᠴᠢ ᠠᠩᠬᠠᠳᠤᠭᠠᠷ ᠬᠤᠭᠤᠴᠠᠭᠠᠨ ᠤ ᠡᠷᠳᠡᠮ ᠰᠢᠨᠵᠢᠯᠡᠭᠡᠨ ᠤ | ᠰᠤᠳᠤᠯᠤᠨ ᠶᠠᠷᠢᠯᠴᠠᠬᠤ ᠬᠤᠷᠠᠯ ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ ᠤ ᠪᠠᠲᠤᠬᠠᠭᠠᠯᠭ᠎ᠠ ᠳᠤ ᠶᠠᠪᠤᠭᠳᠠᠪᠠ | ᠃ ᠡᠨᠡ ᠤᠳᠠᠭᠠᠨ ᠤ ᠬᠤᠷᠠᠯ ᠠᠴᠠ ᠤᠯᠳᠠᠭᠰᠠᠨ ᠬᠠᠪᠤᠲᠤ ᠬᠠᠰᠠᠷ ᠤᠨ ᠰᠤᠳᠤᠯᠤᠯ ᠤᠨ ᠪᠠᠶᠢᠳᠠᠯ ᠬᠢᠭᠡᠳ | ᠬᠤᠯᠪᠤᠭᠳᠠᠬᠤ ᠰᠤᠷᠠᠭ ᠵᠠᠩᠭᠢ ᠶᠢᠨ ᠳᠤᠬᠠᠢ ᠲᠤᠰ ᠰᠤᠷᠪᠤᠯᠵᠢᠯᠠᠭ᠎ᠠ ᠳᠤ ᠦᠭᠦᠯᠡᠨ᠎ᠡ᠃ | ᠡᠷᠳᠡᠮ ᠰᠢᠨᠵᠢᠯᠡᠭᠡᠨ ᠤ ᠲᠦᠪ ᠪᠤᠯᠤᠨ ᠰᠤᠳᠤᠯᠭᠠᠨ ᠤ ᠭᠠᠵᠠᠷ ᠭᠠᠴᠠᠭᠠᠨ ᠳᠤ ᠪᠠᠶᠢᠷᠢᠯᠠᠨ᠎ᠠ ᠭᠡᠭᠴᠢ | ᠰᠤᠨᠤᠷ ᠢ ᠪᠠᠶᠠᠰᠬᠠᠬᠤ ᠰᠠᠶᠢᠬᠠᠨ ᠰᠤᠨᠤᠰᠬᠠᠯ ᠪᠠᠶᠢᠨ᠎ᠠ᠃ ᠦᠪᠦᠷ ᠮᠤᠩᠭᠤᠯ ᠤᠨ ᠬᠠᠰᠠᠷ ᠰᠤᠳᠤᠯᠤᠯ ᠤᠨ ᠨᠡᠶᠢᠭᠡᠮᠯᠢᠭ | ᠨᠢ ᠳᠠᠷᠬᠠᠨ ᠮᠤᠤᠮᠢᠩᠭᠠᠨ ᠬᠤᠯᠪᠤᠭᠠᠲᠤ ᠬᠤᠯᠪᠤᠭᠠᠲᠤ ᠬᠤᠰᠢᠭᠤᠨ ᠳᠤ ᠨᠤᠲᠤᠭᠰᠢᠵᠤ ᠡᠭᠦᠳᠡ ᠪᠠᠨ ᠨᠡᠭᠡᠭᠡᠨ | ᠡᠷᠦᠬᠡ ᠪᠠᠨ ᠰᠡᠬᠦᠵᠦ᠂ ᠮᠢᠩᠭᠠᠨ ᠪᠠᠯᠭᠠᠰᠤ ᠶᠢᠨ ᠰᠠᠷᠠᠭᠤᠯ ᠲᠠᠯ᠎ᠠ ᠭᠠᠴᠠᠭ᠎ᠠ ᠳᠤ ᠠᠯᠪᠠᠯᠠᠬᠤ ᠭᠠᠵᠠᠷ ᠢᠶᠠᠨ | ᠲᠤᠬᠢᠷᠠᠭᠤᠯᠤᠭᠠᠳ ᠰᠤᠳᠤᠯᠭᠠᠨ ᠢᠶᠠᠨ ᠡᠷᠴᠢᠮ ᠲᠠᠢ ᠶᠠᠪᠤᠭᠳᠠᠭᠤᠯᠬᠤ ᠠᠩᠬᠠᠨ ᠤ ᠭᠠᠷᠤᠭ᠎ᠠ ᠪᠠᠨ ᠡᠬᠢᠯᠡᠭᠦᠯᠦᠭᠰᠡᠨ | ᠪᠠᠶᠢᠵᠠᠢ᠃ | ᠬᠠᠪᠤᠲᠤ ᠬᠠᠰᠠᠷ ᠤᠨ ᠰᠤᠳᠤᠯᠭᠠᠨ ᠤ ᠨᠡᠶᠢᠭᠡᠮᠯᠢᠭ | ᠨᠤᠲᠤᠭ ᠤᠰᠤ᠂ ᠰᠤᠶᠤᠯ ᠲᠡᠦᠬᠡ ᠳᠡᠭᠡᠨ ᠬᠠᠶᠢᠷᠠᠲᠠᠢ᠂ ᠠᠵᠢᠯ ᠠᠴᠠ ᠪᠠᠨ ᠠᠮᠠᠷᠠᠭᠰᠠᠨ ᠨᠢᠭᠡ ᠪᠦᠯᠦᠭ | ᠬᠦᠮᠦᠨ ᠬᠠᠰᠠᠷ ᠲᠠᠬᠢᠯᠭ᠎ᠠ ᠶᠢᠨ ᠰᠤᠶᠤᠯ᠂ ᠴᠢᠨᠠᠭᠰᠢᠯᠠᠭᠠᠳ ᠪᠦᠬᠦ ᠮᠤᠩᠭᠤᠯ ᠰᠤᠶᠤᠯ ᠢᠶᠠᠨ ᠤᠯᠠᠮᠵᠢᠯᠠᠵᠤ | ᠬᠦᠭᠵᠢᠭᠦᠯᠵᠦ᠂ ᠦᠷ᠎ᠡ ᠬᠤᠶᠢᠴᠢᠰ ᠲᠠᠭᠠᠨ ᠦᠪᠯᠡᠭᠦᠯᠵᠦ ᠦᠯᠡᠳᠡᠭᠡᠬᠦ ᠪᠠᠷ ᠬᠠᠰᠠᠷ ᠰᠤᠳᠤᠯᠤᠯ ᠤᠨ ᠨᠡᠶᠢᠭᠡᠮᠯᠢᠭ | ᠪᠠᠶᠢᠭᠤᠯᠬᠤ ᠶᠢ ᠵᠤᠷᠢᠵᠦ 2 ᠵᠢᠯ ᠰᠢᠬᠠᠮ ᠴᠢᠷᠮᠠᠶᠢᠭᠠᠳ ᠡᠨᠡ ᠠᠯᠬᠤᠮ ᠳᠤ ᠬᠦᠷᠭᠡᠭᠰᠡᠨ ᠶᠤᠮ᠃ ᠨᠡᠶᠢᠭᠡᠮᠯᠢᠭ ᠤᠨ | ᠳᠠᠷᠤᠭ᠎ᠠ ᠴᠤᠭᠪᠠᠭᠠᠲᠤᠷ ᠭᠤᠸᠠᠢ ᠰᠤᠷᠪᠤᠯᠵᠢᠯᠠᠭᠴᠢ ᠳᠤ ᠰᠤᠳᠤᠯᠭᠠᠨ ᠤ ᠨᠡᠶᠢᠭᠡᠮᠯᠢᠭ ᠢ ᠪᠠᠶᠢᠭᠤᠯᠤᠭᠰᠠᠨ ᠤᠳᠬ᠎ᠠ | ᠤᠴᠢᠷ ᠪᠠ ᠬᠤᠶᠢᠰᠢᠲᠠ ᠶᠢᠨ ᠵᠤᠷᠢᠯᠲᠠ ᠲᠦᠯᠦᠪᠯᠡᠭᠡ ᠶᠢᠨ ᠢᠶᠠᠨ ᠲᠤᠬᠠᠢ ᠡᠶᠢᠨᠬᠦ ᠤᠴᠢᠷᠯᠠᠯ᠎ᠠ᠄ | ᠲᠤᠰ ᠨᠡᠶᠢᠭᠡᠮᠯᠢᠭ ᠨᠢ ᠬᠠᠰᠠᠷ ᠰᠤᠳᠤᠯᠤᠯ ᠤᠨ ᠤᠯᠠᠷᠢᠯ ᠤᠨ ᠰᠡᠳᠬᠦᠯ ᠡᠷᠬᠢᠯᠡᠬᠦ ᠪᠤᠶᠤ ᠡᠷᠳᠡᠮ | ᠰᠢᠨᠵᠢᠯᠡᠭᠡᠨ ᠤ ᠬᠤᠷᠠᠯ ᠬᠢᠬᠦ ᠪᠠᠷ ᠳᠠᠮᠵᠢᠭᠤᠯᠵᠤ᠂ ᠲᠦᠷᠦᠭᠦᠦ 3 ᠵᠢᠯ ᠳᠤ ᠦᠪᠦᠷ ᠮᠤᠩᠭᠤᠯ ᠤᠨ ᠬᠡᠪᠴᠢᠶᠡᠨ ᠳᠠᠬᠢ | ᠬᠠᠰᠠᠷ ᠤᠨ ᠬᠤᠶᠢᠴᠢᠰ ᠪᠤᠶᠤ ᠬᠠᠷᠢᠶᠠᠲᠤ ᠠᠶᠢᠮᠠᠭ ᠤᠨ ᠪᠤᠢ ᠪᠦᠬᠦᠢ ᠪᠠᠶᠢᠳᠠᠯ ᠢ ᠤᠶᠢᠯᠠᠭᠠᠬᠤ᠂ ᠲᠠᠷᠬᠠᠨ ᠰᠠᠭᠤᠵᠤ | ᠪᠠᠶᠢᠭ᠎ᠠ ᠪᠠᠶᠢᠳᠠᠯ᠂ ᠠᠵᠤ ᠠᠮᠢᠳᠤᠷᠠᠯ ᠦᠢᠯᠡᠳᠪᠦᠷᠢᠯᠡᠯ ᠠᠮᠢᠳᠤᠷᠠᠯ᠂ ᠰᠤᠶᠤᠯ ᠰᠤᠷᠭᠠᠨ ᠬᠦᠮᠦᠵᠢᠯ ᠵᠡᠷᠭᠡ ᠶᠢ | ᠤᠶᠢᠯᠠᠭᠠᠬᠤ ᠪᠠᠷ ᠲᠦᠯᠦᠪᠯᠡᠵᠦ᠂ ᠬᠠᠰᠠᠷ ᠤᠨ ᠰᠤᠶᠤᠯ ᠰᠤᠳᠤᠯᠤᠯ᠂ ᠬᠠᠰᠠᠷ ᠤᠨ ᠲᠠᠬᠢᠯᠭ᠎ᠠ ᠶᠢᠨ ᠰᠤᠶᠤᠯ ᠢ ᠪᠦᠬᠦ | ᠦᠪᠦᠷ ᠮᠤᠩᠭᠤᠯ ᠤᠨ ᠬᠡᠪᠴᠢᠶᠡᠨ ᠳᠤ ᠤᠶᠢᠯᠠᠭᠠᠭᠤᠯᠬᠤ ᠶᠢ ᠵᠤᠷᠠᠶᠢᠵᠤ ᠪᠠᠶᠢᠭ᠎ᠠ ᠶᠤᠮ᠃ ᠤᠳᠤ ᠦᠪᠦᠷ | ᠮᠤᠩᠭᠤᠯ ᠳᠤ ᠬᠢᠩᠭᠠᠨ ᠠᠶᠢᠮᠠᠭ᠂ ᠲᠦᠩᠯᠢᠶᠤᠤ᠂ ᠠᠷᠤ ᠬᠤᠷᠴᠢᠨ᠂ ᠳᠦᠷᠪᠡᠳ ᠬᠤᠰᠢᠭᠤ᠂ ᠲᠠᠷᠬᠠᠨ ᠮᠤᠤᠮᠢᠩᠭᠠᠨ | ᠬᠤᠯᠪᠤᠭᠠᠲᠤ ᠬᠤᠰᠢᠭᠤ᠂ ᠤᠷᠠᠳ ᠤᠨ ᠭᠤᠷᠪᠠᠨ ᠬᠤᠰᠢᠭᠤ᠂ ᠠᠯᠠᠱᠠ ᠵᠡᠭᠦᠨ ᠪᠠᠷᠠᠭᠤᠨ ᠬᠤᠰᠢᠭᠤ ᠶᠢᠨ ᠬᠤᠱᠤᠳ | ᠠᠶᠢᠮᠠᠭ ᠤᠨ ᠬᠢᠨ ᠪᠦᠷ ᠬᠠᠪᠤᠲᠤ ᠬᠠᠰᠠᠷ ᠤᠨ ᠬᠤᠶᠢᠴᠢᠰ ᠪᠤᠶᠤ ᠬᠠᠪᠤᠲᠤ ᠬᠠᠰᠠᠷ ᠤᠨ ᠬᠠᠷᠢᠶᠠᠲᠤ ᠠᠶᠢᠮᠠᠭ ᠤᠨ | ᠬᠤᠶᠢᠴᠢᠰ ᠪᠤᠯᠤᠨ᠎ᠠ᠃ ᠪᠢᠳᠡ ᠪᠤᠢ ᠪᠦᠬᠦᠢ ᠬᠠᠰᠠᠷ ᠰᠤᠳᠤᠯᠤᠯ ᠤᠨ ᠡᠷᠳᠡᠮᠲᠡᠳ ᠢ ᠵᠤᠬᠢᠶᠠᠨ ᠪᠠᠶᠢᠭᠤᠯᠵᠤ ᠡᠨᠡ | ᠠᠵᠢᠯ ᠢ ᠬᠢᠯᠭᠡᠬᠦ ᠰᠠᠨᠠᠭ᠎ᠠ ᠲᠠᠢ᠃ ᠲᠠᠪᠤᠨ ᠵᠢᠯ ᠤᠨ ᠲᠤᠲᠤᠷ᠎ᠠ ᠪᠦᠬᠦ ᠤᠯᠤᠰ ᠤᠨ ᠬᠡᠪᠴᠢᠶᠡᠨ ᠳᠠᠬᠢ ᠬᠠᠪᠤᠲᠤ | ᠬᠠᠰᠠᠷ ᠤᠨ ᠬᠤᠶᠢᠴᠢᠰ᠂ ᠬᠠᠷᠢᠶᠠᠲᠤ ᠠᠶᠢᠮᠠᠭ ᠤᠨ ᠪᠠᠶᠢᠳᠠᠯ ᠤᠶᠢᠯᠠᠭᠠᠵᠤ ᠡᠵᠡᠮᠰᠢᠬᠦ ᠪᠠᠷ ᠪᠤᠢ᠃ ᠬᠠᠷᠠᠮᠦ᠋ᠷᠡᠨ ᠤ | ᠳᠦᠷᠪᠡᠳ᠂ ᠬᠦᠬᠡᠨᠠᠭᠤᠷ ᠤᠨ ᠬᠤᠱᠤᠳ ᠭᠢᠷᠢᠨ ᠤ ᠭᠤᠷᠯᠤᠰ᠂ ᠰᠢᠨᠵᠢᠶᠠᠩ ᠤᠨ ᠬᠤᠱᠤᠳ ᠤᠨ ᠦᠢᠯᠡᠳᠪᠦᠷᠢᠯᠡᠯ | ᠠᠮᠢᠳᠤᠷᠠᠯ ᠤᠨ ᠪᠠᠶᠢᠳᠠᠯ ᠢ ᠤᠶᠢᠯᠠᠭᠠᠨ᠎ᠠ᠃ ᠬᠠᠰᠠᠷ ᠤᠨ ᠰᠤᠶᠤᠯ ᠰᠤᠳᠤᠯᠤᠯ ᠢ ᠪᠦᠬᠦ ᠤᠯᠤᠰ ᠤᠨ ᠬᠡᠪᠴᠢᠶᠡᠨ ᠳᠤ | ᠳᠡᠯᠭᠡᠷᠡᠭᠦᠯᠦᠨ ᠤᠶᠢᠯᠠᠭᠠᠭᠤᠯᠤᠨ᠎ᠠ᠃ 7-10 ᠵᠢᠯ ᠤᠨ ᠲᠤᠲᠤᠷ᠎ᠠ ᠪᠦᠬᠦ ᠳᠡᠯᠡᠬᠡᠢ ᠶᠢᠨ ᠬᠡᠪᠴᠢᠶᠡᠨ ᠳᠠᠬᠢ ᠮᠤᠩᠭᠤᠯ | ᠤᠯᠤᠰ ᠲᠤ ᠪᠠᠶᠢᠭ᠎ᠠ ᠪᠤᠶᠤ ᠤᠷᠤᠰ ᠲᠤ ᠦᠯᠡᠳᠡᠵᠦ ᠬᠤᠴᠤᠷᠤᠭᠰᠠᠨ ᠬᠠᠰᠠᠷ ᠤᠨ ᠬᠤᠶᠢᠴᠢᠰ ᠤᠨ ᠲᠤᠬᠠᠢ | ᠰᠤᠷᠪᠤᠯᠵᠢᠯᠠᠵᠤ ᠤᠶᠢᠯᠠᠭᠠᠨ᠎ᠠ᠂ ᠤᠷᠤᠰ ᠤᠨ ᠨᠢᠪᠴᠤᠤ ᠭᠡᠳᠡᠭ ᠭᠠᠵᠠᠷ ᠬᠠᠪᠤᠲᠤ ᠬᠠᠰᠠᠷ ᠤᠨ ᠨᠤᠲᠤᠭ ᠳᠡᠪᠢᠰᠬᠡᠷ | ᠪᠠᠶᠢᠵᠠᠢ᠃ ᠳᠡᠭᠡᠬᠦ ᠪᠠᠷ ᠢᠶᠠᠨ ᠤᠷᠤᠰ ᠲᠤ ᠬᠠᠪᠤᠲᠤ ᠬᠠᠰᠠᠷ ᠤᠨ ᠬᠤᠶᠢᠴᠢᠰ ᠪᠠᠶᠢᠵᠤ ᠮᠡᠳᠡᠨ᠎ᠡ᠂ ᠮᠦᠨ ᠴᠦ | ᠬᠠᠪᠤᠲᠤ ᠬᠠᠰᠠᠷ ᠤᠨ ᠰᠤᠳᠤᠯᠭᠠᠨ ᠢ ᠳᠡᠯᠡᠬᠡᠢ ᠶᠢᠨ ᠬᠡᠪᠴᠢᠶᠡᠨ ᠳᠤ ᠦᠷᠭᠡᠳᠬᠡᠨ ᠰᠤᠳᠤᠯᠵᠤ ᠤᠶᠢᠯᠠᠭᠠᠬᠤ | ᠲᠦᠯᠦᠪᠯᠡᠭᠡ ᠲᠠᠢ᠃ | ᠬᠠᠰᠠᠷ ᠤᠨ ᠰᠤᠶᠤᠯ ᠰᠤᠳᠤᠯᠤᠯ ᠢ ᠦᠷᠨᠢᠭᠦᠯᠬᠦ ᠳᠡᠭᠡᠨ᠂ ᠬᠠᠪᠤᠲᠤ ᠬᠠᠰᠠᠷ ᠤᠨ ᠳᠠᠬᠢᠯᠭ᠎ᠠ ᠶᠢᠨ | ᠤᠷᠳᠤᠨ ᠢᠶᠠᠷ ᠭᠤᠤᠯ ᠰᠠᠭᠤᠷᠢᠨ ᠪᠤᠯᠭᠠᠨ᠎ᠠ᠃ ᠡᠨᠡ ᠨᠢ ᠲᠠᠬᠢᠯᠭ᠎ᠠ ᠲᠠᠬᠢᠵᠤ ᠮᠦᠷᠭᠦᠯᠳᠦᠭᠡᠨ ᠬᠢᠵᠦ ᠭᠡᠰᠢᠭ | ᠬᠦᠷᠲᠡᠬᠦ ᠯᠡ ᠶᠠᠪᠤᠳᠠᠯ ᠪᠢᠰᠢ᠂ ᠬᠠᠷᠢᠨ ᠡᠭᠦᠨ ᠢᠶᠠᠷ ᠤᠯᠤᠰ ᠢᠶᠠᠨ ᠬᠠᠶᠢᠷᠠᠯᠠᠬᠤ᠂ ᠦᠨᠳᠦᠰᠦᠲᠡᠨ ᠢᠶᠠᠨ ᠬᠠᠶᠢᠷᠠᠯᠠᠬᠤ | ᠬᠦᠮᠦᠵᠢᠯ ᠤᠨ ᠰᠠᠭᠤᠷᠢᠨ ᠪᠤᠯᠭᠠᠵᠤ᠂ ᠦᠷ᠎ᠡ ᠬᠤᠶᠢᠴᠢᠰ ᠲᠠᠭᠠᠨ ᠲᠡᠦᠬᠡ ᠰᠤᠶᠤᠯ ᠵᠠᠩ ᠦᠢᠯᠡ ᠪᠠᠨ ᠮᠡᠳᠡᠭᠦᠯᠵᠦ᠂ | ᠠᠶᠢᠮᠠᠭ ᠶᠠᠰᠤᠲᠠᠨ ᠢᠶᠠᠨ ᠤᠶᠢᠯᠠᠭᠠᠭᠤᠯᠤᠨ᠎ᠠ᠃ | ᠬᠠᠪᠤᠲᠤ ᠬᠠᠰᠠᠷ ᠤᠨ ᠲᠠᠬᠢᠯᠭ᠎ᠠ ᠶᠢᠨ ᠰᠤᠶᠤᠯ ᠪᠠ ᠨᠡᠭᠡᠭᠡᠨ ᠠᠰᠢᠭᠯᠠᠯᠲᠠ | ᠬᠠᠰᠠᠷ ᠰᠤᠳᠤᠯᠤᠯ ᠤᠨ ᠡᠷᠳᠡᠮ ᠰᠢᠨᠵᠢᠯᠡᠭᠡᠨ ᠤ ᠬᠤᠷᠠᠯ ᠳᠤ ᠤᠷᠤᠯᠴᠠᠭᠰᠠᠨ ᠡᠷᠳᠡᠮᠲᠡᠨ ᠪᠠᠭᠰᠢ ᠨᠠᠷ ᠪᠤᠶᠤ | ᠲᠤᠬᠠᠢ ᠶᠢᠨ ᠭᠠᠵᠠᠷ ᠤᠨ ᠬᠠᠰᠠᠷ ᠤᠨ ᠤᠷᠳᠤᠨ ᠤ ᠲᠠᠬᠢᠯᠭ᠎ᠠ ᠳᠤ ᠵᠢᠯ ᠪᠤᠯᠭᠠᠨ ᠤᠷᠤᠯᠴᠠᠳᠠᠭ ᠬᠦᠮᠦᠰ᠂ ᠬᠠᠰᠠᠷ ᠤᠨ | ᠤᠷᠳᠤᠨ ᠤ ᠲᠠᠬᠢᠯᠭ᠎ᠠ ᠶᠢ ᠰᠡᠷᠭᠦᠭᠡᠵᠦ ᠤᠯᠠᠮᠵᠢᠯᠠᠵᠤ ᠬᠦᠭᠵᠢᠭᠦᠯᠬᠦ ᠳᠤ ᠴᠢᠷᠮᠠᠶᠢᠯᠭ᠎ᠠ ᠵᠢᠳᠬᠦᠯ ᠢᠶᠠᠨ ᠨᠡᠮᠡᠷᠢᠯᠡᠭᠰᠡᠨ | ᠬᠦᠮᠦᠰ ᠠᠴᠠ ᠬᠠᠪᠤᠲᠤ ᠬᠠᠰᠠᠷ ᠤᠨ ᠲᠠᠬᠢᠯᠭ᠎ᠠ ᠶᠢᠨ ᠲᠡᠦᠬᠡᠨ ᠢᠷᠡᠯ᠂ ᠤᠳᠤᠬᠢ ᠲᠠᠬᠢᠯᠭ᠎ᠠ ᠶᠢᠨ ᠪᠠᠶᠢᠳᠠᠯ ᠵᠢᠴᠢ | ᠬᠤᠶᠢᠰᠢᠲᠠ ᠶᠢᠨ ᠤᠯᠠᠮᠵᠢᠯᠠᠯ ᠬᠦᠭᠵᠢᠯ ᠤᠨ ᠲᠤᠬᠠᠢ ᠪᠢᠳᠡ ᠰᠤᠷᠪᠤᠯᠵᠢᠯᠠᠭ᠎ᠠ ᠠᠪᠤᠪᠠ᠃ | ᠴᠤᠭᠪᠠᠭᠠᠲᠤᠷ ᠭᠤᠸᠠᠢ ᠪᠤᠯ ᠲᠠᠷᠬᠠᠨ ᠮᠤᠤᠮᠢᠩᠭᠠᠨ ᠬᠠᠯᠪᠤᠭᠠᠲᠤ ᠬᠤᠰᠢᠭᠤ ᠬᠠᠪᠤᠲᠤ ᠬᠠᠰᠠᠷ ᠤᠨ | ᠲᠠᠬᠢᠯᠭ᠎ᠠ ᠶᠢ 1988 ᠤᠨ ᠳᠤ ᠠᠩᠬ᠎ᠠ ᠰᠡᠷᠭᠦᠭᠡᠬᠦ ᠳᠤ ᠤᠷᠤᠯᠴᠠᠵᠤ ᠪᠠᠶᠢᠭᠰᠠᠨ ᠬᠦᠮᠦᠨ ᠤ ᠨᠢᠭᠡ ᠪᠢᠯᠡ᠃ | ᠲᠠᠬᠢᠯᠭ᠎ᠠ ᠶᠢ ᠰᠡᠷᠭᠦᠭᠡᠵᠦ ᠬᠢᠭᠰᠡᠨ ᠠᠴᠠ ᠨᠠᠰᠢ ᠡᠨᠡ ᠲᠤᠬᠠᠢ ᠨᠡᠯᠢᠶᠡᠳ ᠰᠤᠳᠤᠯᠵᠤ ᠤᠶᠢᠯᠠᠭᠠᠵᠤ ᠶᠠᠪᠤᠭᠰᠠᠨ ᠶᠤᠮ᠃ | | ᠴᠤᠭᠪᠠᠭᠠᠳᠤᠷ ᠭᠤᠸᠠᠢ ᠶᠢᠨ ᠲᠠᠨᠢᠯᠴᠠᠭᠤᠯᠤᠭᠰᠠᠨ ᠢᠶᠠᠷ᠂ ᠬᠠᠰᠠᠷ ᠤᠨ ᠲᠠᠬᠢᠯᠭ᠎ᠠ ᠳᠠᠶᠢᠯᠭ᠎ᠠ ᠶᠢᠨ ᠵᠠᠩ | ᠦᠢᠯᠡ᠂ ᠲᠠᠬᠢᠯᠭ᠎ᠠ ᠶᠢᠨ ᠴᠠᠭ ᠢ ᠬᠡᠵᠢᠶ᠎ᠡ ᠲᠤᠭᠲᠠᠭᠠᠭᠰᠠᠨ ᠲᠤᠬᠠᠢ ᠲᠤᠳᠤᠷᠬᠠᠢ ᠲᠡᠮᠳᠡᠭᠯᠡᠯ ᠦᠭᠡᠢ ᠪᠠᠶᠢᠭᠰᠠᠭᠠᠷ᠂ | ᠬᠠᠰᠠᠷ ᠤᠨ ᠲᠠᠬᠢᠯᠭ᠎ᠠ ᠨᠢ ᠤᠳᠤᠬᠠᠨ ᠵᠢᠯ ᠳᠤ ᠲᠠᠪᠤ ᠤᠳᠠᠭ᠎ᠠ ᠶᠠᠪᠤᠭᠳᠠᠳᠠᠭ᠃ 2 ᠰᠠᠷ᠎ᠠ ᠶᠢᠨ 27 ᠤ ᠬᠠᠪᠤᠷ ᠤᠨ | ᠲᠠᠬᠢᠯᠭ᠎ᠠ᠂ 5 ᠰᠠᠷ᠎ᠠ ᠶᠢᠨ 27 ᠤ ᠵᠤᠨ ᠤ ᠲᠠᠬᠢᠯᠭ᠎ᠠ᠂ 7 ᠰᠠᠷ᠎ᠠ ᠶᠢᠨ 27 ᠤ ᠨᠠᠮᠤᠷ ᠤᠨ ᠲᠠᠬᠢᠯᠭ᠎ᠠ᠂ 10 | ᠰᠠᠷ᠎ᠠ ᠶᠢᠨ 27 ᠤ ᠡᠪᠦᠯ ᠤᠨ ᠲᠠᠬᠢᠯᠭ᠎ᠠ ᠪᠤᠯᠤᠨ᠎ᠠ᠃ ᠲᠠᠬᠢᠯᠭ᠎ᠠ ᠶᠢᠨ ᠡᠵᠡᠨ ᠪᠢᠳᠡᠭᠦᠨ ᠤ ᠡᠳᠦᠷ ᠤᠴᠢᠵᠦ ᠰᠢᠭᠦᠰᠦ | ᠡᠷᠭᠦᠵᠦ ᠬᠦᠵᠢ ᠵᠤᠯᠠ ᠠᠰᠠᠭᠠᠨ ᠲᠠᠬᠢᠳᠠᠭ᠃ ᠲᠠᠷᠬᠠᠨ ᠮᠤᠤᠮᠢᠩᠭᠠᠨ ᠬᠤᠯᠪᠤᠭᠠᠲᠤ ᠬᠤᠰᠢᠭᠤ ᠶᠢᠨ ᠬᠠᠰᠠᠷ ᠤᠨ | ᠲᠠᠬᠢᠯᠭ᠎ᠠ ᠨᠢ ᠤᠳᠤᠬᠠᠨ ᠳᠤ ᠬᠠᠰᠠᠷ ᠤᠨ ᠤᠪᠤᠭ᠎ᠠ ᠶᠢᠨ ᠲᠠᠬᠢᠯᠭ᠎ᠠ᠂ ᠬᠠᠰᠠᠷ ᠤᠨ ᠠᠯᠠᠭ ᠰᠦᠯᠳᠡ ᠶᠢᠨ ᠲᠠᠬᠢᠯᠭ᠎ᠠ᠂ | ᠬᠠᠰᠠᠷ ᠤᠨᠤᠷᠳᠤᠨ ᠤ ᠲᠠᠬᠢᠯᠭ᠎ᠠ ᠭᠡᠵᠦ ᠭᠤᠷᠪᠠᠨ ᠠᠭᠤᠯᠭ᠎ᠠ ᠪᠠᠷ ᠶᠠᠪᠤᠭᠳᠠᠵᠤ᠂ ᠶᠤᠰᠤ ᠵᠢᠷᠦᠮ ᠢ ᠨᠢ ᠰᠡᠷᠭᠦᠭᠡᠨ | ᠴᠢᠷᠮᠠᠶᠢᠨ ᠭᠦᠢᠴᠡᠳᠬᠡᠵᠦ ᠪᠠᠶᠢᠨ᠎ᠠ᠃ ︽ᠪᠢᠳᠡ ᠵᠠᠩ ᠦᠢᠯᠡ ᠪᠠᠨ ᠤᠳᠤᠮᠰᠢᠭᠤᠯᠵᠤ ᠤᠯᠠᠮᠵᠢᠯᠠᠬᠤ ᠨᠢ ᠴᠢᠬᠤᠯᠠ︾ | ᠭᠡᠰᠡᠨ ᠢᠶᠠᠨ ᠴᠤᠭᠪᠠᠭᠠᠲᠤᠷ ︽ᠬᠠᠰᠠᠷ ᠤᠨ ᠤᠷᠳᠤᠨ ᠤ ᠲᠠᠬᠢᠯᠭ᠎ᠠ ᠳᠤ ᠲᠠᠬᠢᠯᠭ᠎ᠠ ᠶᠢᠨ ᠡᠵᠡᠨ ᠬᠦᠬᠡ ᠲᠠᠬᠢᠯᠭ᠎ᠠ ᠶᠢᠨ | ᠪᠦᠬᠦ ᠶᠠᠪᠤᠴᠠ ᠶᠢ ᠭᠦᠢᠴᠡᠳᠬᠡᠨ᠎ᠡ᠂ ᠲᠠᠬᠢᠯᠭ᠎ᠠ ᠳᠤ ᠦᠢᠯᠡᠴᠢᠯᠡᠳᠡᠭ ᠳᠦᠷᠪᠡᠨ ᠪᠠᠭᠤᠷᠴᠢ ᠲᠠᠢ᠂ ᠲᠡᠳᠡᠨᠡᠷ | ᠲᠠᠬᠢᠯᠭ᠎ᠠ ᠶᠢᠨ ᠰᠢᠭᠦᠰᠦ ᠢᠳᠡᠭᠡᠨ ᠤᠮᠳᠠᠭᠠᠨ ᠪᠤᠯᠪᠠᠰᠤᠷᠠᠭᠤᠯᠬᠤ ᠶᠢ ᠭᠦᠢᠴᠡᠳᠬᠡᠵᠦ᠂ ᠲᠠᠬᠢᠯᠭ᠎ᠠ ᠶᠢᠨ ᠡᠳᠦᠷ ᠬᠦᠬᠡ | ᠨᠢ ᠲᠠᠬᠢᠯᠭ᠎ᠠ ᠶᠢᠨ ᠪᠦᠬᠦ ᠶᠠᠪᠤᠴᠠ ᠶᠢ ᠡᠷᠬᠢᠯᠡᠵᠦ᠂ ᠪᠦᠷᠢᠶ᠎ᠡ ᠦᠯᠢᠶᠡᠵᠦ ᠲᠠᠬᠢᠯᠭ᠎ᠠ ᠡᠬᠢᠯᠡᠭᠰᠡᠨ ᠢ ᠵᠠᠷᠯᠠᠵᠤ᠂ ᠡᠵᠡᠨ | ᠰᠠᠩ ᠤᠩᠰᠢᠵᠤ ᠳᠠᠭᠠᠳᠬᠠᠯ ᠬᠢᠵᠦ᠂ ᠮᠦᠷᠭᠦᠯᠴᠢᠳ ᠲᠡᠭᠡᠨ ᠰᠢᠭᠦᠰᠦ ᠠᠮᠰᠠᠭᠤᠯᠵᠤ᠂ ᠪᠤᠭᠳᠠ ᠶᠢᠨ ᠭᠡᠰᠢᠭ | ᠬᠦᠷᠲᠡᠭᠡᠳᠡᠭ ᠵᠠᠩᠰᠢᠯ ᠲᠠᠢ᠃ ᠬᠠᠪᠤᠲᠤ ᠬᠠᠰᠠᠷ ᠤᠨ ᠲᠠᠬᠢᠯᠭ᠎ᠠ ᠶᠢᠨ ᠦᠪᠡᠷᠮᠢᠴᠡ ᠤᠨᠴᠠᠯᠢᠭ ᠭᠡᠪᠡᠯ ᠵᠦᠯᠲᠦ ᠶᠢᠨ | ᠲᠠᠬᠢᠯᠭ᠎ᠠ ᠲᠠᠢ᠃ ᠨᠤᠮᠤ ᠰᠤᠮᠤᠨ ᠳᠤ ᠬᠤᠨᠢᠨ ᠤ ᠲᠤᠲᠤᠷ ᠲᠠᠪᠤᠨ ᠴᠤᠯᠤ ᠵᠦᠯᠲᠦ ᠶᠢ ᠤᠷᠢᠶᠠᠵᠤ᠂ ᠲᠤᠰᠬᠠᠢ | ᠰᠠᠭᠠᠳᠠᠭ ᠲᠤ ᠰᠠᠭᠤᠳᠠᠭ ᠬᠦᠮᠦᠨ ᠵᠦᠯᠲᠦ ᠶᠢ ᠠᠳᠬᠤᠨ ᠰᠠᠭᠤᠳᠠᠭ᠂ ᠡᠨᠡ ᠨᠢ ᠬᠠᠰᠠᠷ ᠪᠤᠭᠳᠠ ᠶᠢᠨ ᠭᠡᠭᠡᠨ | ᠰᠦᠨᠡᠰᠦ ᠶᠢ ᠠᠮᠢᠯᠠᠭᠤᠯᠵᠤ ᠲᠤᠭᠰᠢᠭᠤᠯᠵᠤ ᠪᠠᠶᠢᠭ᠎ᠠ ᠶᠤᠮ᠃ ᠬᠠᠰᠠᠷ ᠤᠨ ᠲᠠᠬᠢᠯᠭ᠎ᠠ ᠳᠤ ᠪᠠᠰᠠ ᠳᠦᠷᠦᠭᠡ | ᠬᠠᠷᠭᠤᠭᠤᠯᠬᠤ ᠶᠤᠰᠤᠨ ᠪᠤᠢ᠃ ᠡᠨᠡ ᠨᠢ ᠲᠠᠶᠢᠵᠢ ᠤᠪᠤᠭᠲᠠᠨ ᠪᠠᠷᠠᠭᠠᠨ ᠵᠢᠰᠦᠮ ᠤᠨ ᠮᠤᠷᠢ ᠤᠨᠤᠵᠤ ᠳᠠᠪᠬᠢᠨ᠂ | ᠬᠤᠶᠢᠨ᠎ᠠ ᠠᠴᠠ ᠨᠢ ᠴᠠᠶᠢᠪᠤᠷ ᠵᠢᠰᠦᠮ ᠤᠨ ᠮᠤᠷᠢ ᠪᠠᠷ ᠨᠡᠬᠡᠵᠦ ᠭᠦᠢᠴᠡᠨ ᠳᠦᠷᠦᠭᠡ ᠪᠠᠨ ᠬᠠᠷᠭᠤᠭᠤᠯᠳᠠᠭ᠃ ᠡᠨᠡᠬᠦ | ᠳᠦᠷᠦᠭᠡ ᠬᠠᠷᠭᠤᠭᠤᠯᠬᠤ ᠲᠤᠬᠠᠢ ᠠᠳᠠᠯᠢ ᠪᠤᠰᠤ ᠶᠢᠨ ᠦᠵᠡᠯᠲᠡ ᠲᠠᠶᠢᠯᠪᠤᠷᠢ ᠲᠠᠢ᠂ ᠵᠠᠷᠢᠮ ᠨᠢ ᠬᠠᠮᠤᠭ ᠤᠨ ᠰᠠᠶᠢᠨ | ᠠᠨᠳᠠ ᠨᠠᠶᠢᠵᠠ ᠪᠤᠯᠤᠯᠴᠠᠵᠤ ᠪᠠᠶᠢᠬᠤ ᠤᠳᠬ᠎ᠠ ᠲᠠᠢ ᠭᠡᠵᠦ ᠦᠵᠡᠨ᠂ ᠵᠠᠷᠢᠮ ᠨᠢ ᠦᠰᠢᠶᠡᠲᠡᠨ ᠳᠠᠶᠢᠰᠤᠨ ᠢᠶᠠᠨ | ᠳᠠᠷᠤᠵᠤ᠂ ᠢᠯᠠᠯᠲᠠ ᠠᠮᠵᠢᠯᠲᠠ ᠪᠠᠨ ᠪᠡᠯᠭᠡᠳᠡᠭᠰᠡᠨ ᠤᠳᠬ᠎ᠠ ᠲᠠᠢ ᠭᠡᠵᠦ ᠦᠵᠡᠵᠦ ᠪᠤᠢ᠃ ᠬᠠᠰᠠᠷ ᠤᠨ | ᠲᠠᠬᠢᠯᠭ᠎ᠠ ᠶᠢᠨ ᠭᠤᠤᠯ ᠰᠢᠳᠦᠬᠡᠨ ᠳᠤ ᠬᠠᠪᠤᠲᠤ ᠬᠠᠰᠠᠷ ᠤᠨ ᠠᠮᠤᠷᠯᠢᠩᠭᠤᠢ ᠳᠦᠷᠢ ᠪᠠ ᠲᠤᠭᠰᠢᠨ ᠳᠦᠷᠢ ᠭᠡᠵᠦ | ᠪᠤᠢ︾ ᠭᠡᠵᠦ ᠡᠮᠬᠢ ᠵᠠᠮᠪᠠᠷᠠᠭ᠎ᠠ ᠲᠠᠢ ᠲᠤᠭᠠᠴᠢᠨ ᠶᠠᠷᠢᠵᠤ ᠦᠭᠴᠦ ᠪᠠᠶᠢᠯ᠎ᠠ᠃ ᠤᠶᠢᠯᠠᠭᠠᠭᠰᠠᠨ ᠢᠶᠠᠷ᠂ ᠨᠡᠶᠢᠭᠡᠮ ᠤᠨ | ᠰᠢᠨᠵᠢᠯᠡᠬᠦ ᠤᠬᠠᠭᠠᠨ ᠤ ᠬᠦᠷᠢᠶᠡᠯᠡᠩ ᠤᠨ ᠲᠤᠷᠤᠩᠭᠠ ᠪᠠᠭᠰᠢ 1958 ᠤᠨ ᠳ᠋ᠤ᠋ᠬᠠᠰᠠᠷ ᠤᠨ ᠡᠨᠡᠬᠦ ᠬᠤᠶᠠᠷ | ᠳᠦᠷᠢ ᠶᠢ ᠨᠢᠭᠡ ᠠᠶᠢᠯ ᠠᠴᠠ ᠤᠯᠵᠤ ᠰᠡᠭᠦᠳᠡᠷᠯᠡᠨ ᠠᠪᠤᠭᠰᠠᠨ ᠪᠦᠭᠡᠳ ᠴᠤᠭᠪᠠᠭᠠᠲᠤᠷ ᠨᠠᠷ ᠴᠦ ︽ᠪᠤᠭᠳᠠ | ᠴᠢᠩᠭᠢᠰ ᠬᠠᠭᠠᠨ ᠤ ᠲᠠᠬᠢᠯᠭ᠎ᠠ ᠶᠢᠨ ᠰᠤᠳᠤᠷ ᠤᠷᠤᠰᠢᠪᠠᠢ︾᠂ ︽ᠴᠢᠩᠭᠢᠰ ᠬᠠᠭᠠᠨ ᠤ ᠠᠯᠲᠠᠨ ᠨᠡᠷᠡᠲᠦ ᠴᠠᠳᠢᠭ | ᠤᠷᠤᠰᠢᠪᠠᠢ︾ ᠭᠡᠦ ᠬᠤᠶᠠᠷ ᠭᠠᠷ ᠪᠢᠴᠢᠮᠡᠯ ᠰᠤᠳᠤᠷ ᠢ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠠᠴᠠ | ᠬᠠᠭᠤᠯᠠᠪᠤᠷᠢᠯᠠᠨ ᠠᠪᠴᠢᠷᠠᠵᠤ᠂ ᠠᠮᠢᠯᠠᠭᠤᠯᠤᠨ ᠳᠠᠬᠢᠵᠤ ᠪᠠᠶᠢᠨ᠎ᠠ᠃ ᠲᠤᠰ ᠬᠤᠶᠠᠷ ᠰᠤᠳᠤᠷ ᠨᠢ ᠤᠯᠤᠰ ᠤᠨ | ᠨᠢᠭᠡᠳᠦᠭᠡᠷ ᠳᠡᠰ ᠤᠨ ᠬᠠᠮᠠᠭᠠᠯᠠᠯᠲᠠ ᠳᠤ ᠤᠷᠤᠪᠠ᠃ ᠬᠠᠰᠠᠷ ᠪᠤᠭᠳᠠ ᠶᠢᠨ ᠲᠠᠬᠢᠯᠭ᠎ᠠ ᠪᠤᠯ ᠲᠤᠭᠰᠢᠨ ᠲᠠᠬᠢᠯᠭ᠎ᠠ | ᠪᠤᠯᠬᠤᠷ ᠡᠮᠡᠭᠲᠡᠢ ᠬᠦᠮᠦᠨ ᠢ ᠤᠶᠢᠷᠠᠳᠤᠭᠤᠯᠬᠤ ᠦᠭᠡᠢ᠂ ᠭᠡᠷ ᠲᠡᠭᠡᠨ ᠦᠬᠦᠵᠦ ᠳᠦᠷᠦᠭᠰᠡᠳ ᠤᠨ ᠠᠶᠢᠯ ᠭᠡᠷ ᠤᠨ | ᠬᠦᠮᠦᠰ 49 ᠬᠤᠨᠤᠭ ᠠᠴᠠ 100 ᠬᠤᠨᠤᠭ ᠲᠤ ᠤᠴᠢᠵᠤ ᠪᠤᠯᠬᠤ ᠦᠭᠡᠢ᠂ ᠬᠤᠯᠠᠭᠠᠢ ᠬᠢᠭᠰᠡᠳ ᠬᠠᠤᠯᠢ ᠪᠠᠷ | ᠰᠢᠢᠳᠬᠡᠭᠳᠡᠭᠰᠡᠳ ᠤᠴᠢᠵᠤ ᠪᠤᠯᠬᠤ ᠦᠭᠡᠢ᠃ ᠤᠴᠢᠬᠤ ᠳᠤ ᠬᠦᠷᠪᠡᠯ ᠠᠶᠢᠯ ᠭᠡᠷ ᠠᠵᠢᠯ ᠦᠢᠯᠡᠰ ᠨᠢ | ᠤᠷᠤᠭᠤᠳᠠᠨ᠎ᠠ ᠭᠡᠵᠦ ᠦᠵᠡᠳᠡᠭ ᠴᠡᠭᠡᠷ ᠶᠤᠰᠤᠨ ᠲᠠᠢ᠃ ᠤᠳᠤᠬᠠᠨ ᠳᠤ ᠡᠨᠡᠬᠦ ᠴᠡᠭᠡᠷ ᠶᠤᠰᠤᠨ ᠢᠶᠠᠨ ᠤᠯᠠᠮᠵᠢᠯᠠᠵᠤ᠂ | ᠬᠠᠰᠠᠷ ᠤᠨ ᠴᠡᠷᠢᠭ ᠤᠨ ᠲᠤᠭ ᠲᠡᠮᠳᠡᠭ᠂ ᠪᠤᠷᠵᠢᠭᠢᠨ ᠤ ᠲᠡᠮᠳᠡᠭ ᠪᠤᠯᠵᠤ ᠪᠠᠶᠢᠭ᠎ᠠ ᠠᠯᠠᠭ ᠰᠦᠯᠳᠡ ᠶᠢᠨ ᠲᠠᠬᠢᠯᠭ᠎ᠠ | ᠶᠠᠪᠤᠭᠳᠠᠬᠤ ᠦᠶ᠎ᠡ ᠳᠤ ᠡᠮᠡᠭᠲᠡᠢ ᠬᠦᠮᠦᠰ ᠢ ᠤᠴᠢᠭᠤᠯᠬᠤ ᠦᠭᠡᠢ ᠴᠡᠭᠡᠷ ᠶᠤᠰᠤᠨ ᠢᠶᠠᠨ ᠪᠠᠷᠢᠮᠲᠠᠯᠠᠵᠤ ᠪᠠᠶᠢᠨ᠎ᠠ᠃ | ᠬᠠᠪᠤᠲᠤ ᠬᠠᠰᠠᠷ ᠤᠨ ᠲᠠᠬᠢᠯᠭ᠎ᠠ ᠶᠢᠨ ᠤᠷᠳᠤᠨ ᠨᠢ ᠠᠩᠬ᠎ᠠ ᠪᠤᠭᠤᠲᠤ ᠶᠢᠨ ᠬᠦᠨᠳᠡᠯᠡᠨ ᠰᠦᠮ᠎ᠡ ᠶᠢᠨ | ᠰᠤᠮᠤᠨᠬᠠᠳᠠ ᠳᠤ ᠪᠠᠶᠢᠭᠰᠠᠨ᠂ ᠳᠠᠷᠠᠭ᠎ᠠ ᠨᠢ ᠠᠶᠢᠪᠠᠭ᠎ᠠ ᠭᠤᠤᠯ ᠤᠨ ᠡᠬᠢᠨ ᠤ ᠰᠡᠭᠦᠵᠢ ᠶᠢᠨ ᠤᠪᠤᠭ᠎ᠠ ᠳᠤ | ᠨᠡᠭᠦᠳᠡᠯᠯᠡᠵᠦ᠂ 1917 ᠤᠨ ᠳᠤ ᠤᠳᠤ ᠶᠢᠨ ᠪᠠᠶᠢᠭ᠎ᠠ ᠲᠠᠬᠢᠯᠭ᠎ᠠ ᠶᠢᠨ ᠤᠷᠳᠤᠨ ᠢ ᠮᠢᠩᠭᠠᠨ ᠪᠠᠯᠭᠠᠰᠤ ᠶᠢᠨ | ᠰᠠᠷᠠᠭᠤᠯ ᠲᠠᠯ᠎ᠠ ᠭᠠᠴᠠᠭ᠎ᠠ ᠶᠢᠨ ᠪᠤᠷᠬᠠᠨ ᠤ ᠠᠭᠤᠯᠠᠨ ᠳᠤ ᠨᠤᠲᠤᠭᠰᠢᠭᠤᠯᠵᠠᠢ᠃ ᠢᠷᠡᠬᠦ ᠵᠢᠯ ᠪᠤᠯ ᠲᠤᠰ ᠭᠠᠵᠠᠷ | ᠨᠡᠭᠦᠯᠭᠡᠨ ᠲᠠᠬᠢᠭᠰᠠᠨ 100 ᠵᠢᠯ ᠤᠨ ᠤᠢ ᠪᠠᠨ ᠤᠭᠲᠤᠬᠤ ᠪᠤᠯᠤᠨ᠎ᠠ᠃ | ᠬᠠᠰᠠᠷ ᠤᠨ ᠲᠠᠬᠢᠯᠭ᠎ᠠ ᠶᠢᠨ ᠰᠤᠶᠤᠯ ᠢ ᠵᠤᠬᠢᠰᠲᠠᠢ ᠨᠡᠭᠡᠭᠡᠨ ᠠᠰᠢᠭᠯᠠᠬᠤ ᠪᠤᠯ ᠮᠠᠨ ᠤ ᠨᠢᠳᠦᠨ ᠡᠮᠦᠨ᠎ᠡ | ᠲᠠᠯᠪᠢᠭᠳᠠᠵᠤ ᠪᠠᠶᠢᠭ᠎ᠠ ᠴᠢᠬᠤᠯᠠ ᠠᠰᠠᠭᠤᠳᠠᠯ ᠪᠤᠯᠬᠤ ᠶᠤᠮ᠃ | ᠶᠠᠩ ᠪᠠᠶᠠᠷ ︵ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠫᠷᠦᠹᠧᠰᠰᠤᠷ︶᠄ ᠬᠠᠪᠤᠲᠤ | ᠬᠠᠰᠠᠷ ᠤᠨ ᠰᠤᠶᠤᠯ ᠤᠨ ᠠᠶᠠᠯᠠᠯ ᠵᠤᠭᠠᠴᠠᠯ ᠤᠨ ᠤᠷᠤᠨ ᠢ ᠪᠦᠲᠦᠭᠡᠨ ᠪᠠᠶᠢᠭᠤᠯᠵᠤ ᠪᠤᠯᠤᠨ᠎ᠠ᠂ ᠬᠡᠯᠡᠯᠭᠡᠨ ᠦᠭᠡᠢ | ᠡᠨᠡ ᠲᠠᠯ᠎ᠠ ᠪᠠᠷ ᠮᠠᠨᠠᠶᠢᠬᠢᠳ ᠮᠦᠨ ᠴᠦ ᠴᠢᠷᠮᠠᠶᠢᠨ ᠬᠢᠵᠦ ᠪᠠᠶᠢᠭ᠎ᠠ ᠶᠤᠮ᠃ ᠮᠢᠩᠭᠠᠨ ᠪᠠᠯᠭᠠᠰᠤ ᠶᠢᠨ ᠨᠠᠮ ᠤᠨ | ᠬᠤᠷᠢᠶ᠎ᠠ ᠵᠠᠰᠠᠭ ᠤᠨ ᠤᠷᠳᠤᠨ ᠠᠴᠠ ︽ᠬᠠᠪᠤᠲᠤ ᠬᠠᠰᠠᠷ ᠦᠨᠳᠦᠰᠦᠲᠡᠨ ᠤ ᠵᠠᠩ ᠦᠢᠯᠡ ᠶᠢᠨ ᠦᠵᠡᠭᠦᠯᠦᠯᠭᠡ ᠶᠢᠨ | ᠲᠠᠩᠬᠢᠮ︾ ᠢ ᠪᠠᠶᠢᠭᠤᠯᠤᠯ᠎ᠠ᠂ ᠬᠠᠰᠠᠷ ᠤᠨ ᠰᠤᠶᠤᠯ ᠢ ᠤᠯᠠᠨ ᠲᠠᠯ᠎ᠠ ᠠᠴᠠ ᠨᠡᠭᠡᠭᠡᠨ ᠠᠰᠢᠭᠯᠠᠬᠤ ᠪᠤᠯᠤᠮᠵᠢ ᠲᠠᠢ᠃ | ᠬᠠᠪᠤᠲᠤ ᠬᠠᠰᠠᠷ ᠤᠨ ᠲᠠᠬᠢᠯᠭ᠎ᠠ ᠶᠢᠨ ᠤᠷᠳᠤᠨ ᠪᠤᠯ ᠲᠤᠰ ᠬᠤᠰᠢᠭᠤᠨ ᠤ ᠵᠤᠭᠠᠴᠠᠯ ᠤᠨ ᠰᠤᠶᠤᠯ ᠢ ᠬᠦᠭᠵᠢᠭᠦᠯᠬᠦ | ᠭᠤᠤᠯ ᠴᠢᠮᠦᠭᠡ ᠪᠤᠯᠤᠨ᠎ᠠ᠂ ᠬᠦᠮᠦᠰ ᠤᠨ ᠰᠤᠨᠢᠷᠬᠠᠯ ᠢ ᠲᠠᠲᠠᠬᠤ ᠦᠵᠡᠮᠵᠢ ᠶᠢᠨ ᠷᠸᠢᠤᠶᠢᠨᠢᠶᠤᠩ ᠪᠤᠯᠭᠠᠨ ᠪᠦᠲᠦᠭᠡᠨ | ᠪᠠᠶᠢᠭᠤᠯᠵᠤ ᠪᠤᠯᠬᠤ ᠪᠤᠯᠤᠮᠵᠢ ᠲᠠᠢ᠃ | ᠦᠨᠢᠷᠰᠤᠳᠤ ︵ᠦᠪᠦᠷ ᠮᠤᠩᠭᠤᠯ ᠤᠨ ᠦᠨᠳᠦᠰᠦᠲᠡᠨ ᠤ ᠵᠠᠯᠠᠭᠤᠴᠤᠳ ᠪᠠᠭᠠᠴᠤᠳ ᠰᠡᠳᠬᠦᠯ ᠤᠨ | ᠬᠤᠷᠢᠶᠠᠨ ᠤ ᠳᠡᠳ᠋ ᠶᠡᠷᠦᠩᠬᠡᠢ ᠨᠠᠶᠢᠷᠠᠭᠤᠯᠤᠭᠴᠢ︶᠄ ᠡᠷᠲᠡᠨ ᠤ ᠬᠢ ᠶᠢ ᠡᠳᠦᠭᠡ ᠳᠤ ᠦᠢᠯᠡᠴᠢᠯᠡᠭᠦᠯᠬᠦ ᠭᠡᠳᠡᠭ ᠢᠶᠠᠷ | ᠪᠢᠳᠡ ᠠᠯᠤᠰ ᠬᠤᠯᠠ ᠶᠢᠨ ᠬᠠᠷᠠᠯᠲᠠ ᠲᠠᠢ ᠪᠠᠷ ᠬᠠᠰᠠᠷ ᠤᠨ ᠲᠠᠬᠢᠯᠭ᠎ᠠ ᠶᠢᠨ ᠭᠠᠵᠠᠷ ᠢᠶᠠᠨ ᠠᠯᠳᠠᠷᠲᠦ ᠲᠡᠦᠬᠡᠨ | ᠳᠤᠷᠠᠰᠬᠠᠯᠲᠤ ᠭᠠᠵᠠᠷ᠂ ᠲᠡᠦᠬᠡ ᠰᠤᠶᠤᠯ ᠤᠨ ᠮᠦᠽᠸᠢ᠂ ᠦᠵᠡᠮᠵᠢᠲᠦ ᠵᠤᠭᠠᠴᠠᠯ ᠤᠨ ᠤᠷᠤᠨ ᠪᠤᠯᠭᠠᠵᠤ ᠪᠦᠲᠦᠭᠡᠨ | ᠪᠠᠶᠢᠭᠤᠯᠬᠤ ᠵᠦᠭ ᠬᠦᠭᠵᠢᠭᠦᠯᠵᠦ᠂ ᠤᠷᠢᠳᠠᠪᠠᠷ ᠪᠤᠭᠤᠲᠤ ᠬᠤᠲᠠ ᠶᠢᠨ ᠳᠡᠰ ᠤᠨ ᠲᠡᠦᠬᠡᠨ ᠳᠤᠷᠠᠰᠬᠠᠯᠲᠤ | ᠵᠦᠢᠯ ᠤᠨ ᠬᠠᠮᠠᠭᠠᠯᠠᠯᠲᠠ ᠶᠢᠨ ᠤᠷᠤᠨ ᠪᠤᠯᠭᠠᠬᠤ ᠪᠠᠷ ᠴᠢᠷᠮᠠᠶᠢᠵᠤ ᠳᠠᠷᠠᠭᠠᠴᠢ ᠪᠠᠷ ᠨᠢ ᠤᠯᠤᠰ ᠪᠠ ᠤᠷᠤᠨ ᠤ | ᠳᠡᠰ ᠤᠨ ᠬᠠᠮᠠᠭᠠᠯᠠᠯᠲᠠ ᠶᠢᠨ ᠤᠷᠤᠨ ᠪᠤᠯᠭᠠᠵᠤ ᠪᠤᠯᠤᠨ᠎ᠠ᠃ | ᠰᠦᠨ ᠹᠦ᠋ ᠱᠠᠨ ︵ᠲᠠᠷᠬᠠᠨ ᠮᠤᠤᠮᠢᠩᠭᠠᠨ ᠬᠤᠯᠪᠤᠭᠠᠲᠤ ᠬᠤᠰᠢᠭᠤ ᠶᠢᠨ ᠵᠤᠭᠠᠴᠠᠯ ᠤᠨ ᠲᠤᠪᠴᠢᠶ᠎ᠠ ᠶᠢᠨ | ᠳᠠᠷᠤᠭ᠎ᠠ︶᠄ ᠪᠢᠳᠡ ᠬᠠᠪᠤᠲᠤ ᠬᠠᠰᠠᠷ ᠤᠨ ᠲᠠᠬᠢᠯᠭ᠎ᠠ ᠶᠢᠨ ᠤᠷᠳᠤᠨ ᠠᠴᠠ ᠤᠷᠤᠰ ᠤᠨ ᠪᠠᠶᠢᠭᠠᠯ ᠨᠠᠭᠤᠷ ᠬᠦᠷᠬᠦ | ᠦᠪᠡᠷ ᠲᠡᠭᠡᠨ ᠲᠡᠷᠭᠡ ᠵᠢᠯᠤᠭᠤᠳᠴᠤ ᠠᠶᠠᠯᠠᠯ ᠵᠤᠭᠠᠴᠠᠯ ᠬᠢᠬᠦ ᠤᠯᠤᠰ ᠠᠯᠤᠰᠯᠠᠭᠰᠠᠨ ᠦᠪᠡᠷᠮᠢᠴᠡ ᠤᠨᠴᠠᠯᠢᠭ | ᠪᠦᠬᠦᠢ ᠠᠶᠠᠯᠠᠯ ᠵᠤᠭᠠᠴᠠᠯ ᠤᠨ ᠱᠤᠭᠤᠮ ᠭᠠᠷᠭᠠᠬᠤ ᠪᠠᠷ ᠴᠢᠷᠮᠠᠶᠢᠵᠤ ᠪᠠᠶᠢᠨ᠎ᠠ᠃ ᠢᠩᠭᠢᠵᠦ ᠬᠢᠬᠦ ᠨᠢ ᠬᠠᠰᠠᠷ ᠤᠨ | ᠰᠤᠶᠤᠯ ᠢ ᠨᠡᠩ ᠤᠯᠠᠨ ᠬᠦᠮᠦᠰ ᠲᠤ ᠲᠠᠨᠢᠭᠤᠯᠵᠤ ᠮᠡᠳᠡᠭᠦᠯᠬᠦ ᠳᠤ ᠠᠰᠢᠭᠲᠠᠢ᠃ | ᠮᠤᠤᠮᠢᠩᠭᠠᠨᠴᠤᠳ ᠯᠠ ᠬᠠᠰᠠᠷ ᠤᠨ ᠲᠠᠬᠢᠯᠭ᠎ᠠ ᠶᠢᠨ ᠤᠷᠳᠤᠨ ᠢ ᠲᠠᠬᠢᠳᠠᠭ ᠤᠨ ᠤᠴᠢᠷ | ᠴᠢ᠊᠂ ᠰᠡᠴᠡᠨ ︵ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ | ᠫᠷᠦᠹᠧᠰᠰᠤᠷ︶᠄ ᠬᠠᠰᠠᠷ ᠤᠨ ᠲᠠᠬᠢᠯᠭ᠎ᠠ ᠶᠢᠨ ᠰᠤᠶᠤᠯ ᠰᠤᠳᠤᠯᠤᠯ ᠪᠤᠯ ᠬᠠᠰᠠᠷ ᠰᠤᠳᠤᠯᠤᠯ ᠳᠤ ᠪᠠᠭᠲᠠᠨ᠎ᠠ᠃ | ᠬᠠᠰᠠᠷ ᠪᠤᠯ ᠶᠡᠭᠡ ᠮᠤᠩᠭᠤᠯ ᠤᠯᠤᠰ ᠢ ᠪᠠᠶᠢᠭᠤᠯᠤᠭᠰᠠᠨ ᠭᠠᠪᠢᠶᠠᠲᠤ ᠬᠦᠮᠦᠨ᠃ ᠲᠡᠭᠦᠨ ᠤ ᠪᠠᠶᠢᠷᠢ ᠰᠠᠭᠤᠷᠢ | ᠴᠢᠩᠭᠢᠰ ᠬᠠᠭᠠᠨ ᠤ ᠳᠠᠷᠠᠭ᠎ᠠ ᠯᠠ ᠤᠷᠤᠳᠠᠭ᠂ ᠬᠠᠰᠠᠷ ᠤᠨ ᠦᠷ᠎ᠡ ᠬᠤᠶᠢᠴᠢᠰ ᠶᠤᠸᠠᠨ ᠤᠯᠤᠰ ᠤᠨ ᠡᠬᠢᠨ ᠤ | ᠪᠠᠷᠠᠭᠤᠨ ᠵᠠᠮ ᠤᠨ ᠢᠵᠠᠭᠤᠷᠲᠠᠨ ᠤ ᠤᠷᠪᠠᠯᠭᠠᠨ ᠤ ᠦᠶ᠎ᠡ ᠪᠠᠷ ᠶᠤᠸᠠᠨ ᠤᠯᠤᠰ ᠤᠨ ᠬᠠᠭᠠᠳ᠂ ︽ᠤᠮᠠᠷᠠᠲᠤ | ᠶᠤᠸᠠᠨ ᠤᠯᠤᠰ︾ ᠤᠨ ᠬᠠᠭᠠᠳ ᠢ ᠳᠡᠮᠵᠢᠭᠰᠡᠭᠡᠷ ᠢᠷᠡᠭᠰᠡᠨ ᠠᠴᠠ ᠪᠤᠯᠵᠤ᠂ ᠬᠤᠷᠴᠢᠨᠴᠤᠳ ᠤᠨ ᠬᠦᠴᠦᠨ ᠮᠠᠰᠢ | ᠶᠡᠭᠡ ᠪᠤᠵᠠᠭᠠᠶᠢᠷᠠᠭᠰᠠᠨ ᠪᠠᠶᠢᠨ᠎ᠠ᠂ ᠪᠦᠷᠢᠨ ᠪᠤᠰᠤ ᠪᠦᠷᠢᠳᠬᠡᠯ ᠢᠶᠠᠷ ᠪᠦᠬᠦ ᠤᠯᠤᠰ ᠤᠨ ᠮᠤᠩᠭᠤᠯᠴᠤᠳ ᠤᠨ | ᠭᠤᠷᠪᠠᠨ ᠤ ᠬᠤᠶᠠᠷ ᠨᠢ ᠬᠤᠷᠴᠢᠨ ᠬᠦᠮᠦᠰ ᠪᠤᠯᠤᠨ᠎ᠠ᠃ ᠲᠡᠭᠡᠬᠦ ᠪᠠᠷ ᠢᠶᠠᠨ ᠬᠤᠷᠴᠢᠨ ᠠᠶᠢᠮᠠᠭ ᠤᠨ ᠲᠡᠦᠬᠡ ᠶᠢ | ᠰᠤᠳᠤᠯᠬᠤ᠂ ᠰᠤᠶᠤᠯ ᠢ ᠰᠤᠳᠤᠯᠬᠤ ᠳᠤ ᠮᠠᠰᠢ ᠴᠢᠬᠤᠯᠠ ᠠᠴᠢ ᠬᠤᠯᠪᠤᠭᠳᠠᠯ ᠲᠠᠢ᠃ ᠬᠤᠷᠴᠢᠨ ᠠᠶᠢᠮᠠᠭ ᠤᠨ | ᠲᠡᠦᠬᠡ ᠬᠠᠰᠠᠷ ᠤᠨ ᠦᠷ᠎ᠡ ᠬᠤᠶᠢᠴᠢᠰ ᠤᠨ ᠲᠡᠦᠬᠡ ᠰᠤᠶᠤᠯ ᠠᠴᠠ ᠰᠠᠯᠵᠤ ᠴᠢᠳᠠᠬᠤ ᠦᠭᠡᠢ᠃ ᠡᠶᠢᠮᠦ ᠠᠴᠠ | ᠬᠠᠰᠠᠷ ᠤᠨ ᠰᠤᠳᠤᠯᠭᠠᠨ᠂ ᠬᠠᠰᠠᠷ ᠤᠨ ᠲᠠᠬᠢᠯᠭ᠎ᠠ ᠶᠢᠨ ᠰᠤᠶᠤᠯ ᠰᠤᠳᠤᠯᠤᠯ ᠨᠢ ᠬᠦᠮᠦᠨ ᠠᠮᠠ ᠶᠢᠨ ᠲᠤᠭ᠎ᠠ ᠪᠠᠷ | ᠠᠪᠴᠤ ᠬᠡᠯᠡᠭᠰᠡᠨ ᠴᠦ ᠮᠤᠩᠭᠤᠯ ᠰᠤᠳᠤᠯᠤᠯ ᠤᠨ ᠲᠤᠲᠤᠷ᠎ᠠ ᠴᠢᠬᠤᠯᠠ ᠪᠠᠶᠢᠷᠢ ᠰᠠᠭᠤᠷᠢ ᠶᠢ ᠡᠵᠡᠯᠡᠳᠡᠭ᠃ | ᠬᠠᠰᠠᠷ ᠤᠨ ᠲᠠᠬᠢᠯᠭ᠎ᠠ ᠨᠢ ᠤᠤᠯ ᠤᠨ ᠮᠤᠤᠮᠢᠩᠭᠠᠨ ᠬᠤᠰᠢᠭᠤᠨ ᠳᠤ ᠪᠠᠶᠢᠳᠠᠭ ᠤᠨ ᠤᠴᠢᠷ ᠭᠡᠪᠡᠯ ᠶᠤᠸᠠᠨ | ᠤᠯᠤᠰ ᠤᠨ ᠦᠶ᠎ᠡ ᠠᠴᠠ ︽ᠤᠮᠠᠷᠠᠲᠤ ᠶᠤᠸᠠᠨ ᠤᠯᠤᠰ︾ ᠬᠦᠷᠲᠡᠯ᠎ᠡ ᠶᠢᠰᠦᠩᠭᠡ ᠶᠢᠨ ᠦᠷ᠎ᠡ ᠬᠡᠦᠬᠡᠳ ᠲᠤ ᠴᠢ | ᠸᠠᠩ ᠵᠡᠷᠭᠡ ᠬᠦᠷᠲᠡᠭᠡᠵᠦ ᠪᠠᠶᠢᠵᠠᠢ᠃ ᠤᠷᠳᠤᠲᠠᠢ ᠨᠤᠶᠠᠨ ᠤ ᠦᠶ᠎ᠡ ᠳᠤ ᠬᠦᠷᠴᠦ ᠢᠷᠡᠭᠡᠳ ᠬᠤᠷᠴᠢᠨ ᠢ ᠳᠠᠬᠢᠨ | ᠨᠢᠭᠡ ᠤᠳᠠᠭ᠎ᠠ ᠬᠤᠪᠢᠶᠠᠬᠤ ᠦᠶ᠎ᠡ ᠳᠤ ᠤᠷᠳᠤᠲᠠᠢ ᠨᠤᠶᠠᠨ ᠬᠤᠷᠴᠢᠨ ᠤ ᠪᠠᠷᠠᠭᠤᠨ ᠭᠠᠷᠤᠨ ᠤᠲᠤᠭ ᠤᠨ ᠨᠤᠶᠠᠨ᠂ | ᠲᠡᠭᠦᠨ ᠤ ᠳᠡᠭᠦᠦ ᠲᠦᠮᠡᠨ ᠵᠠᠰᠠᠭᠴᠢ ᠵᠡᠭᠦᠨ ᠭᠠᠷᠤᠨ ᠬᠤᠷᠴᠢᠨ ᠤ ᠨᠤᠶᠠᠨ ᠪᠤᠯᠵᠤ᠂ ︽ᠤᠮᠠᠷᠠᠲᠤ ᠶᠤᠸᠠᠨ ᠤᠯᠤᠰ︾ | ᠮᠦᠬᠦᠬᠦ ᠪᠤᠯᠲᠠᠯ᠎ᠠ ᠪᠠᠨ ᠤᠷᠳᠤᠲᠠᠢ ᠨᠤᠶᠠᠨ ᠤ ᠬᠤᠶᠢᠴᠢᠰ ᠬᠤᠷᠴᠢᠨ ᠤ ᠡᠯ᠎ᠡ ᠠᠶᠢᠮᠠᠭ ᠤᠪᠤᠭ ᠤᠨ ᠲᠦᠷᠦᠭᠦᠦ | ᠪᠤᠯᠵᠤ ᠪᠠᠶᠢᠵᠠᠢ᠃ ᠤᠷᠳᠤᠲᠠᠢ ᠨᠤᠶᠠᠨ ᠲᠤᠬᠠᠢ ᠶᠢᠨ ᠦᠶ᠎ᠡ ᠶᠢᠨ ᠮᠤᠤᠮᠢᠩᠭᠠᠨ ᠤ ᠠᠬᠠᠯᠠᠭᠴᠢ ᠪᠦᠭᠡᠳ ᠪᠦᠬᠦ | ᠬᠤᠷᠴᠢᠨ ᠤ ᠠᠬᠠᠯᠠᠭᠴᠢ ᠲᠦᠷᠦᠭᠦᠦ ᠪᠠᠶᠢᠭᠰᠠᠨ᠃ ᠠᠬᠠᠮᠠᠳ ᠬᠦᠪᠡᠭᠦᠨ ᠨᠢ ᠦᠮᠴᠢ ᠵᠠᠯᠭᠠᠮᠵᠢᠯᠠᠳᠠᠭ ᠶᠤᠰᠤᠭᠠᠷ | ᠬᠠᠰᠠᠷ ᠤᠨ ᠲᠠᠬᠢᠯᠭ᠎ᠠ ᠶᠢᠨ ᠤᠷᠳᠤᠨ ᠢ ᠤᠷᠳᠤᠲᠠᠢ ᠨᠠᠶᠠᠨ ᠮᠤᠤᠮᠢᠩᠭᠠᠨ ᠳᠤ ᠠᠪᠴᠤ ᠢᠷᠡᠭᠰᠡᠨ ᠪᠠᠶᠢᠨ᠎ᠠ᠃ | ᠤᠷᠳᠤᠲᠠᠢ ᠭᠡᠬᠦ ᠨᠡᠷ᠎ᠡ ᠠᠴᠠ ᠨᠢ ᠠᠪᠴᠤ ᠦᠵᠡᠬᠦ ᠳᠤ ᠴᠦ ᠤᠷᠳᠤ ᠠᠪᠴᠤ ᠶᠠᠪᠤᠵᠤ ᠪᠠᠶᠢᠨ᠎ᠠ ᠭᠡᠬᠦ ᠤᠳᠬ᠎ᠠ ᠲᠠᠢ᠃ | | ᠬᠠᠪᠤᠲᠤ ᠬᠠᠰᠠᠷ ᠤᠨ ᠲᠠᠬᠢᠯᠭ᠎ᠠ ᠨᠢ ᠤᠯᠠᠨ ᠵᠠᠭᠤᠨ ᠵᠢᠯ ᠤᠨ ᠲᠡᠦᠬᠡ ᠶᠢ ᠡᠯᠡᠭᠡᠵᠦ᠂ ᠤᠳᠤ ᠪᠤᠯᠲᠠᠯ᠎ᠠ | ᠨᠢᠭᠡᠨᠲᠡ 700 ᠭᠠᠷᠤᠢ ᠵᠢᠯ ᠪᠤᠯᠤᠯ᠎ᠠ ᠭᠡᠵᠦ︔ ᠵᠠᠷᠢᠮ ᠡᠷᠳᠡᠮᠲᠡᠨ 800 ᠵᠢᠯ ᠪᠤᠯᠤᠯ᠎ᠠ ᠭᠡᠳᠡᠭ᠃ ᠨᠡᠶᠢᠲᠡ ᠶᠢᠨ | ᠤᠨ ᠲᠤᠭᠠᠯᠠᠯ ᠤᠨ 1633 ᠤᠨ ᠳᠤ ᠮᠤᠤᠮᠢᠩᠭᠠᠨ ᠠᠶᠢᠮᠠᠭ ᠨᠢ ᠴᠢᠩ ᠤᠯᠤᠰ ᠤᠨ ᠲᠦᠷᠦ ᠶᠢᠨ ᠵᠠᠷᠯᠢᠭ ᠢᠶᠠᠷ | ᠬᠦᠯᠦᠨ ᠪᠤᠶᠢᠷ ᠠᠴᠠ ᠮᠤᠨᠠ ᠠᠭᠤᠯᠠ ᠬᠦᠷᠲᠡᠯ᠎ᠡ ᠨᠡᠭᠦᠳᠡᠯᠯᠡᠬᠦ ᠳᠡᠭᠡᠨ ᠲᠠᠬᠢᠯᠭ᠎ᠠ ᠶᠢᠨ ᠦᠷᠦᠭᠡ ᠪᠠᠨ ᠳᠡᠭᠡᠳᠦᠯᠡᠨ | ᠰᠢᠲᠦᠵᠦ ᠨᠠᠨᠳᠢᠩᠨᠠᠨ ᠬᠠᠮᠠᠭᠠᠯᠠᠵᠤ᠂ ᠬᠠᠮᠲᠤ ᠠᠪᠴᠤ ᠢᠷᠡᠵᠡᠢ᠃ ᠮᠤᠤᠮᠢᠩᠭᠠᠨ ᠠᠶᠢᠮᠠᠭ ᠨᠢ 1710 ᠤᠨ ᠠᠴᠠ | 1917 ᠤᠨ ᠪᠤᠯᠲᠠᠯ᠎ᠠ ᠳᠦᠷᠪᠡ ᠤᠳᠠᠭ᠎ᠠ ᠨᠡᠭᠦᠳᠡᠯᠯᠡᠵᠦ᠂ ᠬᠠᠮᠤᠭ ᠤᠨ ᠰᠡᠭᠦᠯ ᠳᠤᠨᠢ ᠦᠨᠢᠷ ᠪᠠᠶᠠᠯᠢᠭ ᠦᠵᠡᠮᠵᠢ | ᠲᠡᠭᠦᠰ ᠲᠠᠷᠬᠠᠨ ᠮᠤᠤᠮᠢᠩᠭᠠᠨ ᠤ ᠲᠠᠯ᠎ᠠ ᠳᠤ ᠨᠢᠭᠤᠴᠠᠭᠠᠢ ᠪᠠᠶᠢᠷᠢᠯᠠᠭᠰᠠᠨ ᠲᠡᠭᠲᠡᠷᠯᠢᠭ ᠰᠠᠶᠢᠬᠠᠨ ᠬᠠᠳᠠ ᠲᠠᠢ᠂ ᠮᠤᠳᠤ | ᠲᠠᠢ᠂ ᠪᠤᠯᠠᠭ ᠲᠠᠢ ︽ᠪᠤᠷᠬᠠᠨ ᠤ ᠠᠭᠤᠯᠠ︾ ᠳᠤ ᠨᠤᠲᠤᠭᠯᠠᠨ ᠰᠠᠭᠠᠲᠠᠵᠠᠢ᠃ | 1960 ᠤᠨ ᠳᠤ ᠬᠤᠰᠢᠭᠤ ᠵᠠᠰᠠᠭ ᠤᠨ ᠤᠷᠳᠤᠨ ᠠᠴᠠ ᠰᠢᠨᠠᠪᠤᠯᠠᠭ ᠰᠤᠮᠤᠨ ᠳᠤ ᠴᠢᠯᠠᠭᠤᠨ ᠬᠠᠨ᠎ᠠ | ᠲᠠᠢ ᠲᠠᠬᠢᠯᠭ᠎ᠠ ᠶᠢᠨ ᠤᠷᠳᠤᠨ ᠪᠠᠶᠢᠭᠤᠯᠤᠨ ᠠᠮᠤᠷᠯᠢᠩᠭᠤᠢ ᠳᠦᠷᠢ᠂ ᠲᠤᠭᠰᠢᠨ ᠳᠦᠷᠢ᠂ ᠨᠤᠮ ᠰᠤᠳᠤᠷ᠂ ᠨᠤᠮᠤ᠂ | ᠡᠮᠡᠭᠡᠯ ᠵᠡᠷᠭᠡ ᠰᠢᠲᠦᠭᠡᠨ ᠤ ᠵᠦᠢᠯᠡᠰ ᠢ ᠲᠠᠬᠢᠭᠰᠠᠨ ᠪᠠ ︽ᠰᠤᠶᠤᠯ ᠤᠨ ᠶᠡᠭᠡ ᠬᠤᠪᠢᠰᠬᠠᠯ︾ ᠳᠤ ᠲᠠᠬᠢᠯᠭ᠎ᠠ ᠶᠢᠨ | ᠤᠷᠳᠤᠨ ᠨᠢ ᠡᠪᠳᠡᠭᠳᠡᠵᠡᠢ᠃ 1988 ᠤᠨ ᠳᠤ ᠮᠠᠯᠴᠢᠳ ᠪᠠ ᠲᠤᠬᠠᠢ ᠶᠢᠨ ᠭᠠᠵᠠᠷ ᠤᠨ ᠺᠠᠳ᠋ᠷ ᠠᠵᠢᠯᠲᠠᠨ ᠤ | ᠤᠶᠢᠭ᠎ᠠ ᠦᠭᠡᠢ ᠴᠢᠷᠮᠠᠶᠢᠯᠭ᠎ᠠ ᠪᠠᠷ ᠬᠠᠰᠠᠷ ᠤᠨ ᠲᠠᠬᠢᠯᠭ᠎ᠠ ᠰᠡᠷᠭᠦᠵᠦ᠂ 10 ᠰᠠᠷ᠎ᠠ ᠶᠢᠨ 27 ᠳᠤᠨᠢ ᠡᠪᠦᠯ ᠤᠨ | ᠲᠠᠬᠢᠯᠭ᠎ᠠ ᠪᠠᠨ ᠦᠪᠡᠳᠡᠭᠰᠢ ᠬᠢᠵᠡᠢ᠃ | ᠬᠠᠰᠠᠷ ᠤᠨ ᠲᠠᠬᠢᠯᠭ᠎ᠠ ᠶᠢᠨ ᠰᠤᠶᠤᠯ ᠤᠨ ᠠᠮᠢ ᠠᠬᠤᠢ ᠶᠢᠨ ᠬᠠᠮᠠᠭᠠᠯᠠᠯᠲᠠ | ᠬᠠᠰᠠᠷ ᠤᠨ ᠲᠠᠬᠢᠯᠭ᠎ᠠ ᠨᠢ ᠤᠯᠠᠨ ᠵᠠᠭᠤᠨ ᠵᠢᠯ ᠤᠨ ᠲᠤᠷᠰᠢ ᠮᠤᠤᠮᠢᠩᠭᠠᠨᠴᠤᠳ ᠤᠨ ᠡᠷᠬᠢᠯᠡᠭᠡ ᠪᠠᠷ ᠤᠳᠤ | ᠪᠤᠯᠲᠠᠯ᠎ᠠ ᠤᠯᠠᠮᠵᠢᠯᠠᠭᠳᠠᠭᠰᠠᠨ ᠮᠤᠩᠭᠤᠯᠴᠤᠳ ᠤᠨ ᠲᠠᠬᠢᠯᠭ᠎ᠠ ᠲᠠᠶᠢᠯᠭ᠎ᠠ ᠶᠢᠨ ᠵᠠᠩ ᠦᠢᠯᠡ ᠶᠢᠨ ᠰᠤᠶᠤᠯ ᠤᠨ | ᠪᠦᠷᠢᠯᠳᠦᠭᠦᠨ ᠬᠡᠰᠡᠭ ᠪᠤᠯᠵᠤ᠂ 2007 ᠤᠨ ᠳᠤ ᠦᠪᠡᠷᠲᠡᠭᠡᠨ ᠵᠠᠰᠠᠬᠤ ᠤᠷᠤᠨ ᠤ ᠳᠡᠰ ᠤᠨ ᠪᠤᠳᠠᠰ ᠤᠨ ᠪᠤᠰᠤ | ᠰᠤᠶᠤᠯ ᠤᠨ ᠦᠪ ᠢᠶᠠᠷ ᠪᠦᠷᠢᠳᠬᠡᠭᠦᠯᠵᠦ᠂ ᠲᠦᠷᠦ ᠵᠠᠰᠠᠭ ᠤᠨ ᠬᠠᠮᠠᠭᠠᠯᠠᠯᠲᠠ ᠲᠠᠢ ᠪᠤᠯᠵᠠᠢ᠃ ᠭᠡᠪᠡᠴᠦ ᠬᠠᠰᠠᠷ ᠤᠨ | ᠲᠠᠬᠢᠯᠭ᠎ᠠ ᠶᠢᠨ ᠦᠨ᠎ᠡ ᠴᠡᠨ᠎ᠡ ᠶᠢ ᠭᠦᠢᠴᠡᠳ ᠤᠶᠢᠯᠠᠭᠠᠨ᠂ ᠰᠡᠷᠭᠦᠭᠡᠨ ᠬᠦᠭᠵᠢᠭᠦᠯᠵᠦ᠂ ᠨᠡᠩ ᠰᠠᠶᠢᠨ ᠦᠪᠯᠡᠨ | ᠤᠯᠠᠮᠵᠢᠯᠠᠬᠤ ᠳᠤ ᠪᠠᠰᠠ ᠤᠯᠠᠨ ᠲᠠᠯ᠎ᠠ ᠶᠢᠨ ᠪᠤᠳᠠᠳᠤ ᠠᠵᠢᠯ ᠱᠠᠭᠠᠷᠳᠠᠭᠳᠠᠬᠤ ᠶᠤᠮ᠃ | ᠬᠢᠴᠢᠶᠡᠯᠲᠦ ︵ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠲᠡᠦᠬᠡ ᠰᠤᠶᠤᠯ ᠤᠨ ᠳᠡᠭᠡᠳᠦ | ᠰᠤᠷᠭᠠᠭᠤᠯᠢ ᠶᠢᠨ ᠫᠷᠦᠹᠧᠰᠰᠤᠷ︶᠄ ᠬᠠᠰᠠᠷ ᠤᠨ ᠲᠠᠬᠢᠯᠭ᠎ᠠ ᠪᠤᠯ ᠭᠠᠭᠴᠠ ᠬᠦ ᠲᠡᠦᠬᠡᠲᠦ ᠬᠦᠮᠦᠨ ᠢ ᠲᠠᠬᠢᠵᠦ | ᠪᠠᠶᠢᠭ᠎ᠠ ᠶᠠᠪᠤᠳᠠᠯ ᠪᠢᠰᠢ᠂ ᠬᠠᠷᠢᠨ ᠮᠤᠩᠭᠤᠯ ᠤᠨ ᠤᠨᠴᠠᠯᠢᠭᠲᠤ ᠰᠤᠶᠤᠯ ᠤᠨ ᠤᠯᠠᠨ ᠲᠠᠯ᠎ᠠ ᠶᠢᠨ ᠡᠯᠧᠮᠧᠨ᠋ᠲ ᠢ | ᠠᠴᠢᠶᠠᠯᠠᠵᠤ ᠪᠠᠶᠢᠭ᠎ᠠ ᠪᠤᠯᠬᠤᠷ ᠤᠯᠠᠮᠵᠢᠯᠠᠯᠲᠤ ᠰᠤᠶᠤᠯ ᠢᠶᠠᠨ ᠤᠯᠠᠮᠵᠢᠯᠠᠵᠤ ᠬᠦᠭᠵᠢᠭᠦᠯᠬᠦ ᠳᠤ ᠮᠠᠰᠢ ᠶᠡᠭᠡ ᠠᠴᠢ | ᠲᠤᠰᠠ ᠲᠠᠢ᠂ ᠠᠵᠤ ᠠᠬᠤᠢ ᠨᠡᠶᠢᠭᠡᠮ ᠤᠨ ᠬᠦᠭᠵᠢᠯᠲᠡ ᠶᠢ ᠠᠬᠢᠭᠤᠯᠬᠤ ᠳᠤ ᠠᠬᠤᠶᠢᠴᠢ ᠠᠴᠢ ᠲᠤᠰᠠ ᠲᠠᠢ᠃ | ᠤᠳᠤᠬᠠᠨ ᠳᠤ ᠮᠠᠨ ᠤ ᠬᠢᠨ ᠪᠠᠶᠢᠭᠠᠯᠢ ᠶᠢᠨ ᠠᠮᠢ ᠠᠬᠤᠢ ᠶᠢ ᠬᠠᠮᠠᠭᠠᠯᠠᠬᠤ ᠶᠢ ᠬᠦᠨᠳᠦᠳᠬᠡᠨ ᠴᠢᠬᠤᠯᠠᠴᠢᠯᠠᠵᠤ᠂ | ᠰᠤᠶᠤᠯ ᠤᠨ ᠠᠮᠢ ᠠᠬᠤᠢ ᠶᠢ ᠬᠠᠮᠠᠭᠠᠯᠠᠬᠤ ᠲᠠᠯ᠎ᠠ ᠪᠠᠷ ᠤᠮᠳᠤᠭᠠᠶᠢᠯᠠᠵᠤ ᠪᠠᠶᠢᠨ᠎ᠠ᠂ ᠰᠤᠶᠤᠯ ᠤᠨ ᠠᠮᠢ ᠠᠬᠤᠢ ᠶᠢ | ᠬᠠᠮᠠᠭᠠᠯᠠᠬᠤ ᠶᠢᠨ ᠴᠢᠬᠤᠯᠠ ᠴᠢᠨᠠᠷ ᠢ ᠪᠦᠷᠢᠨ ᠤᠶᠢᠯᠠᠭᠠᠵᠤ ᠴᠢᠳᠠᠭ᠎ᠠ ᠦᠭᠡᠢ᠂ ᠲᠠᠷᠬᠠᠨ ᠮᠤᠤᠮᠢᠩᠭᠠᠨ ᠬᠤᠯᠪᠤᠭᠠᠲᠤ | ᠬᠤᠰᠢᠭᠤ ᠤᠯᠤᠰ ᠤᠨ ᠬᠡᠪᠴᠢᠶ᠎ᠡ ᠲᠠᠢ ᠨᠡᠭᠦᠳᠡᠯ ᠮᠠᠯᠵᠢᠯ ᠰᠤᠶᠤᠯ ᠤᠨ ᠨᠠᠶᠢᠷ ᠢ ᠵᠢᠯ ᠪᠤᠯᠭᠠᠨ ᠡᠷᠬᠢᠯᠡᠵᠦ᠂ ᠨᠡᠭᠦᠳᠡᠯ | ᠮᠠᠯᠵᠢᠯ ᠤᠨ ᠰᠤᠶᠤᠯ ᠤᠨ ᠨᠡᠷᠡᠲᠦ ᠲᠡᠮᠳᠡᠭ ᠢ ᠡᠭᠦᠳᠴᠦ ᠪᠠᠶᠢᠭ᠎ᠠ ᠪᠤᠯᠪᠠᠴᠤ ᠪᠡᠯᠴᠢᠭᠡᠷ ᠤᠨ ᠮᠠᠯ ᠠᠵᠤ ᠠᠬᠤᠢ ᠶᠢ | ᠵᠤᠭᠰᠤᠭᠠᠵᠤ ᠪᠦᠬᠦ ᠵᠢᠯ ᠢᠶᠠᠷ ᠬᠠᠰᠢᠶᠠᠯᠠᠵᠤ ᠲᠡᠵᠢᠭᠡᠬᠦ ᠪᠤᠯᠠᠭᠰᠠᠨ ᠨᠢ ᠬᠤᠭᠤᠷᠤᠨᠳᠤ ᠪᠠᠨ ᠵᠦᠷᠢᠴᠡᠯᠳᠦᠵᠦ ᠪᠠᠶᠢᠨ᠎ᠠ᠃ | ᠡᠶᠢᠮᠦᠷᠬᠦ ᠰᠤᠶᠤᠯ ᠤᠨ ᠠᠮᠢ ᠠᠬᠤᠢ ᠡᠪᠳᠡᠭᠳᠡᠵᠦ ᠪᠠᠶᠢᠭ᠎ᠠ ᠪᠠᠶᠢᠳᠠᠯ ᠳᠤ ᠬᠠᠰᠠᠷ ᠰᠤᠶᠤᠯ ᠢ ᠬᠡᠷᠬᠢᠨ ᠬᠦᠭᠵᠢᠭᠦᠯᠬᠦ | ᠭᠡᠭᠴᠢ ᠪᠤᠳᠤᠭᠤᠰᠢᠲᠠᠢ ᠠᠰᠠᠭᠤᠳᠠᠯ ᠪᠤᠯᠵᠤ ᠪᠠᠶᠢᠨ᠎ᠠ᠃ | ᠰᠤᠶᠤᠯ ᠤᠨ ᠤᠷᠴᠢᠨ ᠢ ᠬᠠᠮᠠᠭᠠᠯᠠᠬᠤ ᠳᠤ ᠰᠤᠶᠤᠯ ᠤᠨ ᠬᠦᠷᠦᠰᠦᠨ ᠠᠴᠠ ᠪᠠᠨ ᠰᠠᠯᠵᠤ ᠪᠤᠯᠬᠤ ᠦᠭᠡᠢ᠃ | ᠨᠡᠭᠦᠳᠡᠯ ᠮᠠᠯ ᠠᠵᠤ ᠠᠬᠤᠢ ᠪᠤᠯ ᠪᠠᠶᠢᠭᠠᠯᠢ ᠲᠠᠢ ᠬᠠᠮᠤᠭ ᠠᠴᠠ ᠵᠤᠬᠢᠴᠠᠭᠰᠠᠨ ᠠᠮᠢ ᠠᠬᠤᠢ ᠬᠠᠮᠤᠭ ᠤᠨ | ᠲᠡᠩᠴᠡᠭᠦᠷᠢᠲᠡᠢ ᠰᠢᠯᠢᠳᠡᠭ ᠦᠢᠯᠡᠳᠪᠦᠷᠢᠯᠡᠯ ᠤᠨ ᠠᠷᠭ᠎ᠠ ᠮᠠᠶ᠋ᠢᠭ ᠪᠤᠯᠤᠨ᠎ᠠ᠃ ᠡᠶᠢᠮᠦ ᠠᠴᠠ ᠤᠯᠠᠮᠵᠢᠯᠠᠯᠲᠤ ᠮᠠᠯ ᠠᠵᠤ | ᠠᠬᠤᠢ ᠶᠢᠨ ᠰᠤᠶᠤᠯ ᠤᠨ ᠤᠷᠴᠢᠨ ᠢ ᠵᠤᠬᠢᠮᠵᠢᠲᠠᠢ ᠬᠠᠮᠠᠭᠠᠯᠠᠬᠤ ᠨᠢ ᠲᠤᠰ ᠭᠠᠵᠠᠷ ᠤᠷᠤᠨ ᠤ ᠪᠠᠶᠢᠭᠠᠯᠢ ᠶᠢᠨ ᠠᠮᠢ | ᠠᠬᠤᠢ ᠪᠠ ᠰᠤᠶᠤᠯ ᠤᠨ ᠠᠮᠢ ᠠᠬᠤᠢ ᠶᠢ ᠵᠡᠷᠭᠡ ᠳᠤᠨᠢ ᠬᠠᠮᠠᠭᠠᠯᠠᠵᠤ ᠴᠢᠳᠠᠬᠤᠶᠢᠴᠠ ᠴᠤᠷ ᠤᠨ ᠭᠠᠭᠴᠠ ᠪᠤᠯᠤᠮᠵᠢ | ᠲᠠᠢ ᠠᠷᠭ᠎ᠠ ᠵᠠᠮ ᠪᠤᠯᠤᠨ᠎ᠠ᠃ ᠳᠡᠭᠡᠷ᠎ᠡ ᠵᠠᠭᠤᠨ ᠤ ᠰᠡᠭᠦᠯᠴᠢ ᠠᠴᠠ ᠨᠤᠲᠤᠭ ᠪᠡᠯᠴᠢᠭᠡᠷ ᠤᠨ ᠳᠠᠭᠠᠭᠠᠴᠢᠯᠠᠯᠲᠠ ᠶᠢᠨ | ᠳᠦᠷᠢᠮ ᠢ ᠬᠡᠷᠡᠭᠵᠢᠭᠦᠯᠵᠦ᠂ ᠢᠯᠠᠩᠭᠤᠶ᠎ᠠ ᠪᠦᠬᠦ ᠬᠤᠰᠢᠭᠤᠨ ᠤ ᠬᠡᠪᠴᠢᠶᠡᠨ ᠳᠤ ᠪᠡᠯᠴᠢᠭᠡᠷ ᠤᠨ ᠮᠠᠯ ᠠᠵᠤ | ᠠᠬᠤᠢ ᠶᠢ ᠪᠦᠷᠢᠮᠦᠰᠦᠨ ᠬᠤᠷᠢᠭᠯᠠᠭᠰᠠᠨ ᠠᠴᠠ ᠮᠤᠩᠭᠤᠯᠴᠤᠳ ᠤᠨ ᠠᠵᠤ ᠠᠮᠢᠳᠤᠷᠠᠯ ᠳᠤ ᠬᠤᠪᠢᠷᠠᠯᠲᠠ ᠭᠠᠷᠴᠤ | ᠤᠯᠠᠮᠵᠢᠯᠠᠯᠲᠤ ᠰᠤᠶᠤᠯ ᠤᠷᠤᠰᠢᠨ ᠬᠦᠭᠵᠢᠬᠦ ᠬᠦᠷᠦᠰᠦ ᠰᠢᠷᠤᠢ ᠪᠠᠨ ᠠᠯᠳᠠᠵᠤ᠂ ᠬᠠᠰᠠᠷ ᠤᠨ ᠲᠠᠬᠢᠯᠭ᠎ᠠ ᠶᠢᠨ | ᠰᠤᠶᠤᠯ ᠤᠨ ᠠᠮᠢ ᠠᠬᠤᠢ ᠶᠢᠨ ᠤᠷᠴᠢᠨ ᠴᠦ ᠬᠦᠴᠦᠲᠡᠢ ᠳᠠᠭᠠᠷᠢᠯᠲᠠ ᠳ᠋ᠤ᠋ᠤᠴᠠᠷᠠᠵᠤ ᠡᠬᠢᠯᠡᠵᠡᠢ᠃ ᠪᠢᠳᠡ ᠵᠦᠪᠬᠡᠨ | ᠪᠠᠶᠢᠭᠠᠯᠢ ᠶᠢᠨ ᠠᠮᠢ ᠠᠬᠤᠢ ᠶᠢ ᠬᠠᠮᠠᠭᠠᠯᠠᠬᠤ ᠶᠢᠨ ᠠᠴᠢ ᠲᠤᠰᠠ ᠶᠢ ᠤᠯᠵᠤ ᠬᠠᠷᠠᠭᠠᠳ᠂ ᠨᠡᠭᠦᠳᠡᠯᠯᠡᠨ ᠮᠠᠯᠵᠢᠬᠤ | ᠰᠤᠶᠤᠯ ᠤᠨ ᠠᠮᠢ ᠠᠬᠤᠢ ᠶᠢ ᠬᠠᠮᠠᠭᠠᠯᠠᠬᠤ ᠶᠢ ᠤᠮᠳᠤᠭᠠᠶᠢᠯᠠᠨ᠂ ᠮᠠᠯᠴᠢᠳ ᠤᠨ ᠦᠢᠯᠡᠳᠪᠦᠷᠢᠯᠡᠯ ᠤᠨ ᠠᠷᠭ᠎ᠠ | ᠮᠠᠶ᠋ᠢᠭ ᠢ ᠬᠤᠪᠢᠷᠠᠭᠤᠯᠵᠤ ᠰᠤᠶᠤᠯ ᠤᠨ ᠤᠷᠴᠢᠨ ᠠᠴᠠ ᠨᠢ ᠰᠠᠯᠭᠠᠵᠤ ᠪᠠᠶᠢᠬᠤ ᠨᠢ ᠬᠠᠰᠠᠷ ᠤᠨ ᠲᠠᠬᠢᠯᠭ᠎ᠠ ᠶᠢᠨ | ᠰᠤᠶᠤᠯ ᠤᠨ ᠠᠮᠢ ᠠᠬᠤᠢ ᠶᠢ ᠶᠡᠬᠡᠲᠡ ᠡᠪᠳᠡᠵᠦ ᠪᠠᠶᠢᠨ᠎ᠠ᠃ ᠡᠭᠦᠨ ᠠᠴᠠ ᠭᠠᠳᠠᠨ᠎ᠠ᠂ ᠬᠠᠰᠠᠷ ᠤᠨ ᠲᠠᠬᠢᠯᠭ᠎ᠠ ᠶᠢᠨ | ᠰᠤᠶᠤᠯ ᠢ ᠨᠡᠭᠡᠭᠡᠨ ᠠᠰᠢᠭᠯᠠᠬᠤ ᠲᠠᠯ᠎ᠠ ᠪᠠᠷ ᠲᠠᠶᠢᠯᠭ᠎ᠠ ᠲᠠᠬᠢᠯᠭ᠎ᠠ ᠶᠢᠨ ᠲᠤᠰ ᠪᠡᠶ᠎ᠡ ᠶᠢ ᠲᠠᠸᠠᠷᠴᠢᠯᠠᠵᠤ ᠪᠠᠶᠢᠬᠤ | ᠲᠠᠯ᠎ᠠ ᠪᠠᠷ ᠠᠯᠳᠠᠭ᠎ᠠ ᠲᠠᠢ᠃ ᠬᠠᠰᠠᠷ ᠤᠨ ᠲᠠᠬᠢᠯᠭ᠎ᠠ ᠶᠢᠨ ᠵᠠᠩ ᠦᠢᠯᠡ ᠶᠢᠨ ᠰᠤᠶᠤᠯ ᠤᠨ ᠡᠬᠢ ᠪᠠᠶᠠᠯᠢᠭ ᠢ ᠨᠡᠭᠡᠭᠡᠨ | ᠠᠰᠢᠭᠯᠠᠬᠤ ᠳᠤ ᠲᠠᠬᠢᠯᠭ᠎ᠠ ᠶᠢᠨ ᠤᠷᠳᠤ ᠪᠠ ᠲᠠᠬᠢᠯᠭ᠎ᠠ ᠶᠢᠨ ᠦᠢᠯᠡ ᠠᠵᠢᠯᠯᠠᠭ᠎ᠠ ᠶᠢ ᠪᠠᠭᠲᠠᠭᠠᠬᠤ ᠠᠴᠠ ᠭᠠᠳᠠᠨ᠎ᠠ | ᠲᠡᠭᠦᠨ ᠤ ᠤᠷᠤᠰᠢᠨ ᠲᠤᠭᠲᠠᠨᠢᠵᠤ ᠪᠦᠬᠦᠢ ᠰᠤᠶᠤᠯ ᠤᠨ ᠠᠮᠢ ᠠᠬᠤᠢ ᠶᠢᠨ ᠤᠷᠴᠢᠨ ᠢ ᠬᠠᠮᠤᠷᠤᠭᠰᠠᠨ ᠪᠠᠶᠢᠬᠤ | ᠬᠡᠷᠡᠭᠲᠡᠢ᠃ ᠬᠠᠰᠠᠷ ᠤᠨ ᠲᠠᠬᠢᠯᠭ᠎ᠠ ᠶᠢᠨ ᠵᠠᠩ ᠦᠢᠯᠡ ᠶᠢᠨ ᠰᠤᠶᠤᠯ ᠢ ᠨᠡᠭᠡᠭᠡᠨ ᠠᠰᠢᠭᠯᠠᠬᠤ ᠳᠠᠭᠠᠨ ᠲᠠᠬᠢᠯᠭ᠎ᠠ ᠶᠢᠨ | ᠰᠤᠶᠤᠯ ᠤᠨ ᠡᠬᠢ ᠪᠠᠶᠠᠯᠢᠭ ᠢ ᠠᠰᠢᠭᠯᠠᠵᠤ ᠠᠷᠠᠯᠵᠢᠶ᠎ᠠ ᠮᠠᠶᠢᠮᠠᠢ ᠶᠢᠨ ᠡᠵᠡᠩᠨᠡᠯᠲᠡ ᠬᠢᠵᠦ ᠪᠤᠯᠤᠨ᠎ᠠ᠂ ᠪᠠᠰᠠ | ᠲᠠᠬᠢᠯᠭ᠎ᠠ ᠶᠢᠨ ᠰᠤᠶᠤᠯ ᠤᠨ ᠠᠮᠢ ᠠᠬᠤᠢ ᠢ ᠬᠠᠮᠠᠭᠠᠯᠠᠬᠤ ᠳᠤ ᠠᠰᠢᠭᠲᠠᠢ ᠮᠠᠯᠴᠢᠳ ᠤᠨ ᠤᠯᠠᠮᠵᠢᠯᠠᠯᠲᠤ | ᠦᠢᠯᠡᠳᠪᠦᠷᠢᠯᠡᠯ ᠠᠮᠢᠳᠤᠷᠠᠯ ᠢ ᠰᠡᠷᠭᠦᠭᠡᠵᠦ ᠮᠤᠩᠭᠤᠯᠴᠤᠳ ᠤᠨ ᠤᠯᠠᠮᠵᠢᠯᠠᠯᠲᠤ ᠵᠠᠩ ᠦᠢᠯᠡ ᠪᠠᠷ | ᠭᠤᠤᠯᠯᠠᠭᠤᠯᠤᠭᠰᠠᠨ ᠠᠶᠠᠯᠠᠯ ᠵᠤᠭᠠᠴᠠᠯ ᠤᠨ ᠦᠢᠯᠡᠰ ᠢ ᠬᠦᠭᠵᠢᠭᠦᠯᠵᠦ ᠪᠤᠯᠤᠨ᠎ᠠ᠃ | ᠬᠠᠮᠢᠶ᠎ᠠ ᠪᠦᠬᠦᠢ ᠬᠤᠯᠪᠤᠭᠠᠰᠤ | ᠬᠠᠪᠤᠲᠤ ᠬᠠᠰᠠᠷ ᠪᠠ ᠲᠡᠭᠦᠨ ᠤ ᠬᠤᠶᠢᠴᠢᠰ | ᠬᠠᠪᠤᠲᠤ ᠬᠠᠰᠠᠷ ︵1164-︖︶ ᠪᠠᠰᠠ ᠵᠦᠴᠢ ᠬᠠᠰᠠᠷ᠂ ᠲᠠᠶᠢᠯ ᠪᠤᠭᠳᠠ ᠭᠡᠮᠡᠬᠦ ᠠᠯᠳᠠᠷ ᠲᠠᠢ᠃ | ᠶᠢᠰᠦᠭᠡᠢ ᠪᠠᠭᠠᠲᠤᠷ ᠤᠨ ᠬᠤᠶᠠᠳᠤᠭᠠᠷ ᠬᠦᠦ᠂ ᠴᠢᠩᠭᠢᠰ ᠤᠨ ᠳᠡᠭᠦᠦ᠂ ᠲᠡᠷᠡ ᠬᠠᠷᠠᠬᠠᠨ ᠪᠠᠭ᠎ᠠ ᠠᠴᠠ ᠪᠠᠨ | ᠲᠦᠷᠦᠭᠰᠡᠨ ᠠᠬ᠎ᠠ ᠲᠡᠮᠦᠵᠢᠨ ᠢᠶᠠᠨ ᠲᠠᠭᠠᠨ ᠳᠡᠭᠦᠦ ᠪᠡᠯᠭᠦᠳᠡᠢ ᠲᠠᠢ ᠪᠠᠨ ᠬᠠᠮᠲᠤ ᠴᠢᠩᠭᠢᠰ ᠤᠨ ᠵᠡᠭᠦᠨ ᠪᠠᠷᠠᠭᠤᠨ | ᠮᠦᠷᠦ ᠶᠢᠨ ᠬᠦᠴᠦᠨ ᠪᠤᠯᠵᠤ᠂ ᠮᠤᠩᠭᠤᠯ ᠦᠨᠳᠦᠰᠦᠲᠡᠨ ᠤ ᠨᠢᠭᠡᠲᠦᠯ᠂ ᠮᠤᠩᠭᠤᠯ ᠤᠨ ᠬᠠᠭᠠᠨᠲᠤ ᠲᠦᠷᠦ ᠶᠢ | ᠪᠠᠶᠢᠭᠤᠯᠬᠤ ᠳᠤ ᠪᠠᠯᠠᠷᠠᠰᠢ ᠦᠭᠡᠢ ᠭᠠᠪᠢᠶ᠎ᠠ ᠵᠢᠳᠬᠦᠯ ᠦᠵᠡᠭᠦᠯᠦᠭᠰᠡᠨ ᠭᠠᠪᠢᠶᠠᠲᠤ ᠵᠢᠳᠬᠦᠯᠲᠡᠨ ᠬᠠᠷᠪᠤᠵᠤ | ᠨᠠᠮᠨᠠᠬᠤ ᠳᠠᠭᠠᠨ ᠬᠠᠪᠤᠲᠤ ᠵᠦᠴᠢ᠂ ᠡᠷᠡᠯᠬᠡᠭ ᠪᠠᠭᠠᠲᠤᠷ ᠬᠠᠰᠠᠷ ᠪᠤᠭᠳᠠ᠂ ᠪᠢᠴᠢᠭ ᠴᠡᠷᠢᠭ ᠤᠨ ᠡᠷᠳᠡᠮ | ᠬᠤᠤᠰᠯᠠᠭᠰᠠᠨ ᠭᠠᠶᠢᠬᠠᠮᠰᠢᠭᠲᠤ ᠬᠦᠴᠦᠲᠡᠨ ᠪᠢᠯᠡ᠃ 1189 ᠤᠨ ᠳᠤ ᠴᠢᠩᠭᠢᠰ ᠬᠠᠭᠠᠨ ᠤ ᠬᠡᠰᠢᠭᠲᠡᠨ | ᠴᠡᠷᠢᠭ ᠤᠨ ᠠᠬᠠᠯᠠᠭᠴᠢ ᠡᠷᠭᠦᠮᠵᠢᠯᠡᠭᠳᠡᠨ᠂ ᠬᠠᠭᠠᠨ ᠤᠷᠳᠤᠨ ᠢ ᠰᠠᠬᠢᠨ ᠬᠠᠮᠠᠭᠠᠯᠠᠬᠤ ᠴᠢᠬᠤᠯᠠ ᠡᠭᠦᠷᠭᠡ ᠶᠢ ᠳᠠᠭᠠᠭᠠᠨ | ᠂ ᠴᠢᠩᠭᠢᠰ ᠬᠠᠭᠠᠨ ᠤ ᠰᠢᠲᠠᠷ ᠬᠠᠮᠠᠭᠠᠯᠠᠭᠴᠢ᠂ ᠭᠤᠤᠯ ᠲᠤᠰᠠᠯᠠᠭᠴᠢ ᠪᠤᠯᠵᠤ ᠶᠠᠪᠤᠵᠠᠢ᠃ | 1206 ᠤᠨ ᠳᠤ ᠳᠦᠷᠪᠡᠨ ᠮᠢᠩᠭᠠᠨ ᠡᠷᠦᠬᠡ ᠶᠢᠨ ᠦᠮᠴᠢ ᠢᠷᠭᠡᠳ ᠬᠦᠷᠲᠡᠵᠦ᠂ 1211 ᠤᠨ ᠳᠤ | ᠠᠯᠲᠠᠨ ᠤᠯᠤᠰ ᠢ ᠲᠠᠶᠢᠯᠠᠬᠤ ᠪᠠᠷ ᠮᠤᠩᠭᠤᠯ ᠤᠨ ᠵᠡᠭᠦᠨ ᠵᠠᠮ ᠤᠨ ᠴᠡᠷᠢᠭ ᠢ ᠳᠠᠶᠢᠴᠢᠯᠠᠵᠤ᠂ 1214 ᠤᠨ ᠳᠤ | ᠬᠦᠯᠦᠨ ᠨᠠᠭᠤᠷ ᠤᠨ ᠬᠠᠪᠢ ᠪᠠ ᠡᠷᠭᠦᠨ᠎ᠡ ᠭᠤᠤᠯ ᠤᠨ ᠰᠠᠪᠠ ᠭᠠᠵᠠᠷ ᠤᠷᠤᠨ ᠳᠤ ᠨᠤᠲᠤᠭ ᠬᠤᠪᠢᠳᠠᠨ | ᠰᠠᠭᠤᠷᠢᠰᠢᠭᠰᠠᠨ ᠪᠦᠭᠡᠳ ᠬᠤᠶᠢᠴᠢᠰ ᠨᠢ ᠬᠤᠷᠴᠢᠨ ᠠᠶᠢᠮᠠᠭ ᠪᠤᠯᠵᠤ ᠪᠦᠷᠢᠯᠳᠦᠵᠡᠢ᠃ ᠲᠡᠦᠬᠡ ᠶᠢᠨ ᠶᠠᠪᠤᠴᠠ ᠳᠤ | ᠬᠤᠷᠴᠢᠨ ᠠᠶᠢᠮᠠᠭ ᠨᠢ ᠤᠯᠠᠮ ᠢᠶᠠᠷ ᠨᠡᠮᠡᠭᠳᠡᠨ ᠨᠤᠨ ᠬᠤᠷᠴᠢᠨ᠂ ᠠᠷᠤ ᠬᠤᠷᠴᠢᠨ᠂ ᠮᠤᠤᠮᠢᠩᠭᠠᠨ᠂ ᠤᠷᠠᠳ᠂ | ᠳᠦᠷᠪᠡᠳ᠂ ᠬᠤᠱᠤᠳ ᠵᠡᠷᠭᠡ ᠠᠶᠢᠮᠠᠭ ᠪᠤᠯᠤᠨ ᠰᠠᠯᠪᠤᠷᠢᠯᠠᠵᠤ᠂ ᠤᠳᠤᠬᠠᠨ ᠳᠤ ᠦᠪᠦᠷ ᠮᠤᠩᠭᠤᠯ᠂ ᠰᠢᠨᠵᠢᠶᠠᠩ᠂ | ᠬᠦᠬᠡᠨᠠᠭᠤᠷ᠂ ᠭᠢᠷᠢᠨ᠂ ᠬᠠᠷᠠᠮᠦ᠋ᠷᠡᠨ ᠵᠡᠷᠭᠡ ᠮᠤᠵᠢ᠂ ᠦᠪᠡᠷᠲᠡᠭᠡᠨ ᠵᠠᠰᠠᠬᠤ ᠤᠷᠤᠨ ᠢᠶᠠᠷ ᠲᠠᠷᠬᠠᠨ ᠰᠠᠭᠤᠷᠢᠰᠢᠵᠦ | ᠪᠠᠶᠢᠨ᠎ᠠ᠃ | ᠬᠠᠰᠠᠷ ᠤᠨ ᠲᠠᠬᠢᠯᠭ᠎ᠠ ᠶᠢᠨ ᠰᠤᠶᠤᠯ ᠨᠢ ᠮᠠᠰᠢ ᠴᠢᠬᠤᠯᠠ ᠨᠡᠶᠢᠭᠡᠮᠴᠢ ᠠᠴᠢ ᠬᠤᠯᠪᠤᠭᠲᠠᠯ ᠲᠠᠢ ᠪᠠᠷ ᠪᠠᠷᠠᠬᠤ | ᠦᠭᠡᠢ᠂ ᠴᠢᠨᠠᠭᠰᠢᠲᠠ ᠨᠡᠩ ᠦᠷᠭᠡᠨ ᠳᠡᠯᠭᠡᠷ ᠨᠡᠭᠡᠭᠡᠨ ᠠᠰᠢᠭᠯᠠᠵᠤ ᠪᠤᠯᠬᠤᠶᠢᠴᠠ ᠠᠵᠤ ᠠᠬᠤᠢ ᠶᠢᠨ ᠨᠦᠭᠡᠴᠡ ᠲᠠᠢ | ᠃ 2007 ᠤᠨ ᠳᠤ ᠦᠪᠦᠷ ᠮᠤᠩᠭᠤᠯ ᠤᠨ ᠪᠤᠳᠠᠰ ᠤᠨ ᠰᠤᠶᠤᠯ ᠤᠨ ᠦᠪ ᠢᠶᠠᠷ ᠪᠦᠷᠢᠳᠬᠡᠭᠦᠯᠵᠦ᠂ 2013 | ᠤᠨ ᠳᠤ ᠬᠠᠰᠠᠷ ᠪᠤᠭᠳᠠ ᠶᠢᠨ ᠲᠠᠬᠢᠯᠭ᠎ᠠ ᠶᠢᠨ ᠨᠡᠷ᠎ᠡ ᠨᠦᠯᠦᠭᠡ ᠪᠠᠷ ᠲᠠᠷᠬᠠᠨ ᠮᠤᠤᠮᠢᠩᠭᠠᠨ ᠬᠤᠯᠪᠤᠭᠠᠲᠤ ᠬᠤᠰᠢᠭᠤ | ᠨᠢ ︽ᠳᠤᠮᠳᠠᠳᠤ ᠤᠯᠤᠰ ᠤᠨ ᠬᠠᠰᠠᠷ ᠤᠨ ᠲᠠᠬᠢᠯᠭ᠎ᠠ ᠶᠢᠨ ᠰᠤᠶᠤᠯ ᠤᠨ ᠨᠤᠲᠤᠭ︾ ᠢᠶᠠᠷ ᠨᠡᠷᠡᠶᠢᠳᠦᠭᠳᠡᠵᠡᠢ᠃ | ᠬᠠᠰᠠᠷ ᠤᠨ ᠠᠯᠠᠭ ᠰᠦᠯᠳᠡ ᠶᠢᠨ ᠰᠢᠲᠦᠭᠡᠨ ᠤ ᠴᠤᠮᠴᠤᠭ ᠤᠷᠳᠤᠨ | ᠠᠯᠠᠭ ᠰᠦᠯᠳᠡ ᠶᠢᠨ ᠰᠢᠲᠦᠭᠡᠨ ᠢ ᠪᠠᠰᠠ ᠬᠠᠰᠠᠷ ᠤᠨ ᠠᠯᠠᠭ ᠰᠦᠯᠳᠡ ᠭᠡᠳᠡᠭ᠃ ᠲᠦᠷᠦ ᠶᠢᠨ ᠶᠡᠭᠡ | ᠴᠠᠭᠠᠨ ᠰᠦᠯᠳᠡ᠂ ᠴᠡᠷᠢᠭ ᠤᠨ ᠬᠠᠷᠠᠭ᠎ᠠ ᠶᠡᠬᠡᠲᠦ ᠬᠠᠷ᠎ᠠ ᠰᠦᠯᠳᠡ ᠲᠠᠢ ᠬᠠᠮᠲᠤᠳᠠ ᠨᠢ ᠮᠤᠩᠭᠤᠯ ᠲᠦᠮᠡᠨ ᠤ | ᠭᠤᠷᠪᠠᠨ ᠶᠡᠭᠡ ᠰᠦᠯᠳᠡ ᠰᠢᠲᠦᠭᠡᠨ ᠢ ᠪᠦᠷᠢᠳᠦᠭᠦᠯᠦᠨ᠂ ᠤᠯᠠᠨ ᠵᠠᠭᠤᠨ ᠵᠢᠯ ᠢᠶᠠᠷ ᠤᠯᠠᠮᠵᠢᠯᠠᠭᠳᠠᠨ ᠲᠠᠬᠢᠭᠳᠠᠵᠤ | ᠢᠷᠡᠵᠡᠢ᠃ ᠠᠯᠠᠭ ᠰᠦᠯᠳᠡ ᠨᠢ ᠮᠤᠩᠭᠤᠯ ᠦᠨᠳᠦᠰᠦᠲᠡᠨ ᠤ ᠰᠦᠭ ᠰᠦᠯᠳᠡ ᠶᠢᠨ ᠪᠡᠯᠭᠡ ᠲᠡᠮᠳᠡᠭ ᠪᠤᠯᠬᠤ ᠪᠦᠭᠡᠳ | ᠮᠤᠩᠭᠤᠯ ᠲᠦᠮᠡᠨ ᠤ ᠤᠶᠤᠨ ᠰᠠᠨᠠᠭ᠎ᠠ᠂ ᠰᠤᠶᠤᠯ ᠰᠡᠳᠬᠢᠯᠭᠡᠨ᠂ ᠰᠦᠰᠦᠭ ᠪᠢᠰᠢᠷᠡᠯ᠂ ᠪᠠᠭᠠᠲᠤᠷ ᠵᠤᠷᠢᠭ ᠤᠨ | ᠲᠦᠪᠯᠡᠷᠡᠭᠰᠡᠨ ᠢᠯᠡᠷᠡᠯ ᠪᠤᠯᠤᠭᠰᠠᠨ ᠬᠤᠷᠢᠶᠠᠩᠭᠤᠢ ᠰᠦᠯᠳᠡ ᠰᠠᠬᠢᠭᠤᠰᠤ ᠶᠤᠮ᠃ | ᠠᠯᠠᠭ ᠰᠦᠯᠳᠡ ᠨᠢ ᠬᠠᠷᠠᠭ᠎ᠠ ᠶᠡᠬᠡᠲᠦ ᠬᠠᠷ᠎ᠠ ᠰᠦᠯᠳᠡ ᠲᠠᠢ ᠠᠳᠠᠯᠢ ᠪᠠᠷ ᠴᠡᠷᠢᠭ ᠳᠠᠶᠢᠨ ᠤ ᠰᠦᠯᠳᠡ ᠪᠠᠷ | ᠲᠠᠬᠢᠭᠳᠠᠵᠤ ᠢᠷᠡᠵᠡᠢ᠃ ᠬᠠᠪᠤᠲᠤ ᠬᠠᠰᠠᠷ ᠤᠨ ᠲᠠᠬᠢᠯᠭ᠎ᠠ ᠶᠢᠨ ᠤᠷᠳᠤᠨ ᠤ ᠭᠤᠷᠪᠠᠨ ᠶᠡᠭᠡ ᠲᠠᠬᠢᠯᠭ᠎ᠠ ᠶᠢᠨ ᠨᠢᠭᠡ ᠨᠢ | ᠠᠯᠠᠭ ᠰᠦᠯᠳᠡ ᠶᠢᠨ ᠲᠠᠬᠢᠯᠭ᠎ᠠ ᠪᠤᠯᠤᠨ᠎ᠠ᠃ ᠡᠶᠢᠮᠦ ᠠᠴᠠ ᠮᠤᠤᠮᠢᠩᠭᠠᠨᠴᠤᠳ ᠠᠯᠠᠭ ᠰᠦᠯᠳᠡ ᠶᠢᠨ ᠬᠤᠪᠢᠯᠭᠠᠭᠰᠠᠨ | ᠳᠦᠷᠢ ᠶᠢ ᠤᠷᠳᠤᠰ ᠬᠤᠲᠠ ᠶᠢᠨ ᠤᠲᠤᠭ ᠤᠨ ᠡᠮᠦᠨᠡᠲᠦ ᠬᠤᠰᠢᠭᠤᠨ ᠤ ᠨᠠᠩᠰᠤ ᠪᠠᠯᠭᠠᠰᠤᠨ ᠳᠤ ᠪᠠᠶᠢᠭ᠎ᠠ ︽ | ᠬᠠᠪᠤᠲᠤ ᠬᠠᠰᠠᠷ ᠤᠨ ᠠᠯᠠᠭ ᠰᠦᠯᠳᠡ ᠶᠢᠨ ᠰᠢᠲᠦᠭᠡᠨ ᠤ ᠴᠤᠮᠴᠤᠭ ᠤᠷᠳᠤᠨ︾ ᠠᠴᠠ ᠠᠳᠢᠰ ᠬᠡᠰᠢᠭᠯᠡᠨ᠂ | ᠴᠢᠩᠭᠢᠰ ᠤᠨ ᠤᠩᠭᠤᠨ ᠳᠤ ᠠᠮᠢᠯᠠᠭᠤᠯᠵᠤ ᠲᠠᠶᠢᠯ ᠪᠤᠭᠳᠠ ᠶᠢᠨ ᠤᠷᠳᠤᠨ ᠤ ᠪᠠᠷᠠᠭᠤᠨ ᠡᠮᠦᠨ᠎ᠡ ᠶᠢᠨ ᠲᠤᠰᠬᠠᠢ | ᠴᠤᠮᠴᠤᠭ ᠲᠤ ᠡᠷᠬᠡᠰᠢᠭᠦᠯᠦᠨ ᠵᠠᠯᠠᠵᠠᠢ᠃ | ᠤᠷᠠᠳᠴᠤᠳ ᠤᠨ ᠬᠠᠰᠠᠷ ᠤᠨ ᠪᠠᠶᠢᠭᠠᠯᠢᠯᠢᠭ ᠲᠠᠬᠢᠯᠭ᠎ᠠ | ᠤᠷᠠᠳ ᠤᠨ ᠡᠮᠦᠨᠡᠲᠦ ᠬᠤᠰᠢᠭᠤᠨ ᠤ ᠰᠠᠭᠠᠳᠠᠭ ᠰᠤᠮᠤᠨ ᠤ ᠮᠠᠯᠴᠢᠳ ᠮᠤᠨᠠ ᠠᠭᠤᠯᠠ ᠶᠢᠨ ᠮᠡᠷᠭᠡᠨ ᠰᠢᠷ᠎ᠠ | ᠤᠷᠤᠢ ᠶᠢᠨ ᠠᠷᠤ ᠳᠤ ᠪᠠᠶᠢᠭ᠎ᠠ ᠬᠠᠰᠠᠷ ᠪᠤᠭᠳᠠ ᠶᠢᠨ ᠰᠠᠭᠠᠳᠠᠭ ᠬᠠᠳᠬᠤᠭᠰᠠᠨ ᠬᠠᠳᠠᠨ ᠬᠤᠪᠲᠤ ᠪᠦᠬᠦᠢ | ᠤᠯᠠᠭᠠᠨ ᠤ ᠤᠷᠤᠢ ᠪᠠ ᠪᠠᠶᠢᠭᠠᠯᠢᠯᠢᠭ ᠪᠦᠲᠦᠭᠰᠡᠨ ᠬᠠᠰᠠᠷ ᠪᠤᠭᠳᠠ ᠶᠢᠨ ᠬᠠᠳᠠᠨ ᠳᠦᠷᠢ ᠶᠢ ᠦᠶ᠎ᠡ ᠤᠯᠠᠮᠵᠢᠯᠠᠨ | ᠲᠠᠬᠢᠭᠰᠠᠭᠠᠷ ᠢᠷᠡᠵᠡᠢ᠃ | 2014 ᠤᠨ ᠤ 8 ᠰᠠᠷ᠎ᠠ ᠶᠢᠨ 22 ᠤ ᠡᠳᠦᠷ ᠬᠤᠰᠢᠭᠤᠨ ᠤ ᠵᠠᠰᠠᠭ ᠤᠨ ᠤᠷᠳᠤᠨ ᠤ ᠵᠦᠪᠰᠢᠶᠡᠷᠡᠯ ᠢᠶᠠᠷ | ᠤᠷᠠᠳ ᠤᠨ ᠮᠤᠩᠭᠤᠯᠴᠤᠳ ᠬᠠᠰᠠᠷ ᠤᠨ ᠲᠠᠬᠢᠯᠭ᠎ᠠ ᠶᠢᠨ ᠭᠠᠯ ᠢ ᠪᠠᠳᠠᠷᠠᠭᠠᠵᠤ᠂ ᠭᠤᠯᠤᠮᠲᠠ ᠶᠢ ᠨᠢ ᠰᠡᠷᠭᠦᠭᠡᠭᠰᠡᠨ | ᠪᠦᠭᠡᠳ 8 ᠰᠠᠷ᠎ᠠ ᠶᠢᠨ 22 ᠤ ᠡᠳᠦᠷ ᠢ ᠬᠠᠰᠠᠷ ᠤᠨ ᠪᠠᠶᠢᠭᠠᠯᠢᠯᠢᠭ ᠲᠠᠬᠢᠯᠭ᠎ᠠ ᠶᠢᠨ ᠡᠳᠦᠷ ᠢᠶᠠᠷ ᠲᠤᠭᠲᠠᠭᠠᠵᠠᠢ᠃ |