| 1902 ᠤᠨ ᠤ 5 ᠳ᠋ᠤᠭᠠᠷ ᠰᠠᠷ᠎ᠠ ᠶᠢᠨ 13 ᠤ ᠡᠳᠦᠷ ᠤᠤᠯ ᠤᠨ ᠵᠢᠷᠢᠮ ᠠᠶᠢᠮᠠᠭ ᠤᠨ ᠨᠠᠢᠮᠠᠨ | ᠬᠤᠰᠢᠭᠤᠨ ᠤ ᠪᠠᠬᠢ ᠤᠰᠤ ᠠᠶᠢᠯ ᠳᠤ ᠲᠦᠷᠦᠵᠡᠢ᠃ ᠳᠡᠷᠡᠪᠡᠷ ᠪᠠᠭ᠎ᠠ ᠨᠠᠰᠤᠨ ᠳᠠᠭᠠᠨ ᠴᠤᠤᠶᠠᠩ ᠤᠨ ᠳᠤᠮᠳᠠᠳᠤ | ᠰᠤᠷᠭᠠᠭᠤᠯᠢ ᠶᠢ ᠳᠡᠬᠦᠰᠴᠦ᠂ 1922 ᠤᠨ ᠳᠤ ᠪᠡᠭᠡᠵᠢᠩ ᠤᠨ ᠬᠠᠤᠯᠢ ᠵᠠᠰᠠᠭ ᠤᠨ ᠶᠡᠭᠡ ᠰᠤᠷᠭᠠᠭᠤᠯᠢ ᠳᠤ | ᠰᠢᠯᠭᠠᠨ ᠤᠷᠤᠵᠦ᠂ ᠠᠩᠯᠢ᠂ ᠤᠷᠤᠰ᠂ ᠶᠠᠫᠤᠨ ᠬᠡᠯᠡ ᠰᠤᠷᠤᠯᠴᠠᠵᠦ᠂ 1926 ᠤᠨ ᠳᠤ ᠰᠤᠷᠭᠠᠭᠤᠯᠢ ᠪᠠᠨ | ᠳᠡᠬᠦᠰᠭᠡᠭᠡᠳ ᠪᠡᠭᠡᠵᠢᠩ ᠳᠠᠬᠢ ᠮᠤᠩᠭᠤᠯ ᠳᠦᠪᠡᠳ ᠤᠨ ᠳᠡᠭᠡᠳᠦ ᠰᠤᠷᠭᠠᠭᠤᠯᠢ ᠶᠢᠨ ᠮᠤᠩᠭᠤᠯ ᠬᠡᠯᠡ ᠪᠢᠴᠢᠭ ᠤᠨ | ᠪᠠᠭᠰᠢ ᠪᠠᠷ ᠠᠵᠢᠯᠯᠠᠪᠠ᠃ | ᠰᠤᠷᠭᠠᠭᠤᠯᠢ ᠳᠤ ᠪᠠᠭᠰᠢᠯᠠᠵᠦ ᠪᠠᠶᠢᠬᠤ ᠬᠤᠭᠤᠴᠠᠭᠠᠨ ᠳᠠᠭᠠᠨ ᠬᠦᠬᠡᠪᠠᠭᠠᠳᠤᠷ᠂ ᠮᠠᠭᠰᠠᠷ ᠨᠠᠷ ᠲᠠᠢ | ᠬᠠᠮᠵᠢᠯᠴᠠᠵᠦ᠂ 1928 ᠤᠨ ︵ᠤᠯᠠᠭᠠᠨ ᠪᠠᠷᠰ ᠵᠢᠯ︶ ᠳᠤ ︽ᠮᠤᠩᠭᠤᠯ ᠤᠳᠬ᠎ᠠ ᠶᠢᠨ ᠰᠤᠷᠭᠠᠯ ᠤᠨ ᠬᠤᠷᠠᠯ︾ | ᠢ ᠪᠠᠶᠢᠭᠤᠯᠵᠦ᠂ ︽ᠤᠯᠠᠭᠠᠨ ᠪᠠᠷᠰ︾ ᠭᠡᠳᠡᠭ ᠰᠡᠳᠬᠦᠯ ᠡᠷᠬᠢᠯᠡᠨ ᠬᠢᠪᠡ᠃ ︽ᠮᠤᠩᠭᠤᠯ ᠤᠳᠬ᠎ᠠ ᠶᠢᠨ ᠰᠤᠷᠭᠠᠯ | ᠤᠨ ᠬᠤᠷᠠᠯ︾ ᠤᠨ ᠵᠤᠷᠢᠯᠳᠠ ᠶᠢᠨ ᠳᠤᠬᠠᠢ ᠳᠡᠷᠡᠪᠡᠷ ︽ᠡᠨᠡ ᠬᠤᠷᠠᠯ ᠪᠤᠯᠪᠠᠰᠤ ᠮᠤᠩᠭᠤᠯ ᠤᠳᠬ᠎ᠠ ᠪᠠᠨ | ᠰᠦᠪᠡᠭᠴᠢᠯᠡᠨ ᠨᠢᠭᠳᠠᠯᠠᠵᠦ᠂ ᠠᠯᠢᠪᠠ ᠰᠤᠷᠭᠠᠯ ᠡᠷᠳᠡᠮ ᠢ ᠮᠤᠩᠭᠤᠯ ᠤᠳᠬ᠎ᠠ ᠳᠡᠭᠡᠷ᠎ᠡ ᠪᠠᠨ ᠳᠡᠯᠭᠡᠷᠡᠬᠦᠯᠦᠨ᠂ | ᠦᠵᠡᠯ ᠰᠠᠨᠠᠭ᠎ᠠ ᠶᠢ ᠰᠢᠨᠡᠳᠭᠡᠨ ᠰᠠᠶᠢᠵᠢᠷᠠᠭᠤᠯᠵᠦ᠂ ᠮᠤᠩᠭᠤᠯ ᠤᠭᠰᠠᠭᠠᠳᠠᠨ ᠤ ᠤᠶᠤᠨ ᠪᠢᠯᠢᠭ ᠢ ᠨᠡᠭᠡᠭᠡᠭᠳᠡᠬᠦᠯᠦᠨ | ᠬᠡᠭᠡᠷᠡᠬᠦᠯᠦᠭᠡᠳ᠂ ᠮᠤᠩᠭᠤᠯ ᠤᠭᠰᠠᠭ᠎ᠠ ᠶᠢᠨ ᠤᠳᠬ᠎ᠠ ᠰᠤᠶᠤᠯ ᠢ ᠪᠤᠯᠪᠠᠰᠤᠷᠠᠭᠤᠯᠤᠨ ᠬᠦᠭᠵᠢᠬᠦᠯᠬᠦ ᠪᠠᠷ ᠭᠤᠤᠯ | ᠵᠤᠷᠢᠯᠳᠠ ᠪᠤᠯᠭᠠᠮᠤᠢ︾ ᠭᠡᠵᠦ ᠦᠬᠦᠯᠡᠭᠰᠡᠨ ᠪᠢᠯᠡ᠃ | ︽ᠮᠤᠩᠭᠤᠯ ᠤᠳᠬ᠎ᠠ ᠶᠢᠨ ᠰᠤᠷᠭᠠᠯ ᠤᠨ ᠬᠤᠷᠠᠯ︾ ᠤᠨ ᠪᠠᠶᠢᠭᠤᠯᠤᠭᠳᠠᠭᠰᠠᠨ 10 ᠵᠢᠯ ᠤᠨ ᠤᠢ ᠶᠢ | ᠳᠤᠷᠠᠰᠬᠠᠵᠦ᠂ ︽ᠤᠯᠠᠭᠠᠨ ᠪᠠᠷᠰ︾ ᠰᠡᠳᠬᠦᠯ ᠤᠨ ᠳᠦᠷᠪᠡᠳᠦᠭᠡᠷ ᠬᠤᠭᠤᠴᠠᠭᠠᠨ ᠳᠤ ᠪᠢᠴᠢᠭᠰᠡᠨ ︽ᠤᠤᠯ ᠬᠤᠷᠠᠯ | ᠢ ᠤᠯᠠᠭᠠᠨ ᠪᠠᠷᠰ ᠵᠢᠯ ᠪᠠᠶᠢᠭᠤᠯᠤᠭᠠᠳ ᠡᠨᠡ ᠬᠦ ᠤᠯᠠᠭᠠᠨ ᠬᠤᠯᠤᠭᠠᠨ᠎ᠠ ᠵᠢᠯ ᠪᠤᠯᠳᠠᠯ᠎ᠠ ᠬᠠᠷᠠᠬᠠᠨ 10 ᠤᠨ ᠤ ᠤᠢ | ᠪᠤᠯᠪᠠ᠃ ᠡᠨᠡ 10 ᠤᠨ ᠤ ᠳᠤᠳᠤᠷ᠎ᠠ ᠴᠠᠭ ᠰᠠᠮᠠᠭᠤᠨ ᠳᠤ ᠳᠠᠷᠠᠭᠠᠴᠠᠪᠠᠷ ᠳᠤᠬᠢᠶᠠᠯᠳᠤᠵᠦ᠂ ᠳᠠᠪᠠᠳᠠᠢ ᠰᠠᠶᠢᠬᠠᠨ | ᠳᠤᠭᠳᠠᠪᠤᠷᠢᠳᠠᠢ ᠭᠠᠵᠠᠷ ᠢ ᠤᠯᠤᠭᠰᠠᠨ ᠦᠭᠡᠢ ᠳᠡᠭᠡᠷ᠎ᠡ᠂ ᠭᠤᠤᠯ ᠬᠡᠷᠡᠭ ᠮᠡᠳᠡᠭᠴᠢ ᠬᠡᠮᠡᠭᠳᠡᠬᠦ ᠪᠦᠭᠡᠭᠡᠰᠢᠭ ᠮᠢᠨᠤ | ᠴᠢᠳᠠᠯ ᠡᠷᠳᠡᠮ ᠦᠭᠡᠢ ᠶᠢᠨ ᠬᠠᠷᠠᠭ᠎ᠠ ᠪᠠᠷ ᠦᠴᠦᠭᠡᠨ ᠳᠡᠳᠦᠢ ᠳᠤᠰᠠ ᠭᠠᠷᠭᠠᠵᠦ ᠴᠢᠳᠠᠭᠰᠠᠨ ᠦᠭᠡᠢ ᠳᠡᠭᠡᠨ ᠳᠤᠶᠢᠯ | ᠢᠶᠠᠷ ᠢᠴᠢᠩᠬᠦᠷᠡᠮᠦᠢ ᠁ ᠡᠬᠦᠷᠢ ᠬᠡᠷᠡᠭ ᠮᠡᠳᠡᠭᠴᠢ ᠬᠦᠬᠡᠪᠠᠭᠠᠳᠤᠷ᠂ ᠮᠠᠭᠰᠠᠷ ᠪᠤᠰᠤᠳ ᠭᠠᠵᠠᠷ ᠪᠠᠶᠢᠵᠦ᠂ | ᠵᠠᠷᠤᠳᠠᠯ ᠰᠦᠢᠳᠭᠡᠯ ᠦᠭᠡᠢ ᠳᠤᠯᠠ ᠬᠡᠰᠢᠬᠦᠳ ᠤᠨ ᠡᠬᠡᠯᠵᠢᠳᠦ ᠬᠤᠷᠠᠯ ᠢ ᠬᠢᠭᠰᠡᠨ ᠦᠭᠡᠢ ᠁ ᠪᠡᠷᠭᠡ ᠬᠠᠳᠠᠭᠤ | ᠭᠠᠰᠢᠭᠤᠨ ᠵᠤᠪᠠᠯᠠᠩ ᠠᠮᠰᠠᠭᠰᠠᠨ ᠢ ᠶᠠᠭᠤᠨ ᠳᠤᠭᠠᠴᠢᠬᠤ ᠠᠵᠢ︾ ᠬᠡᠬᠦ ᠤᠷᠤᠰᠢᠯ ᠠᠴᠠ ᠨᠢ ᠳᠡᠬᠦᠨ ᠤ ᠮᠤᠩᠭᠤᠯ | ᠦᠨᠳᠦᠰᠦᠳᠡᠨ ᠤ ᠪᠠᠨ ᠮᠠᠨᠳᠤᠯ ᠪᠠᠳᠠᠷᠠᠯ ᠤᠨ ᠳᠦᠯᠦᠭᠡᠨ᠎ᠡ ᠴᠢᠷᠮᠠᠶᠢᠨ ᠵᠢᠳᠬᠦᠵᠦ ᠶᠠᠪᠤᠬᠤ ᠳᠠᠭᠠᠨ ᠠᠮᠰᠠᠭᠰᠠᠨ | ᠭᠠᠰᠢᠭᠤᠨ ᠵᠤᠪᠠᠯᠠᠩ ᠢ ᠨᠢ ᠤᠶᠢᠯᠭᠠᠵᠦ ᠪᠤᠯᠤᠨ᠎ᠠ᠃ | ᠪᠦᠭᠡᠭᠡᠰᠢᠭ ᠤᠨ ᠡᠬᠦᠰᠭᠡᠨ ᠪᠠᠶᠢᠭᠤᠯᠵᠦ ᠤᠳᠤᠷᠢᠳᠤᠨ ᠪᠠᠶᠢᠭᠰᠠᠨ ︽ᠮᠤᠩᠭᠤᠯ ᠤᠳᠬ᠎ᠠ ᠶᠢᠨ ᠰᠤᠷᠭᠠᠯ | ᠤᠨ ᠬᠤᠷᠠᠯ︾ ᠠᠴᠠ ᠤᠷᠢᠳ ᠬᠤᠵᠢᠳ ᠢᠨᠵᠠᠠᠨᠠᠰᠢ ᠶᠢᠨ ︽ᠬᠦᠭᠡ ᠰᠤᠳᠤᠷ︾᠂ ︽ᠨᠢᠭᠡᠨ ᠳᠠᠪᠬᠤᠷ ᠠᠰᠠᠷ︾᠂ | ︽ᠤᠯᠠᠭᠠᠨ᠎ᠠ ᠤᠬᠢᠯᠠᠬᠤ ᠲᠢᠩᠬᠢᠮ︾᠂ ︽ᠬᠦᠭᠡ ᠮᠤᠩᠭᠤᠯ ᠤᠨ ᠬᠦᠭᠡ ᠳᠤᠭ︾᠂ ᠰᠠᠭᠠᠩ ᠰᠡᠴᠡᠨ ᠤ ︽ | ᠮᠤᠩᠭᠤᠯ ᠢᠵᠠᠭᠤᠷ ᠤᠨ ᠳᠡᠦᠭᠡ︾᠂ ︽ᠮᠤᠩᠭᠤᠯ ᠤᠨ ᠨᠢᠭᠤᠴᠠ ᠳᠤᠪᠴᠢᠶᠠᠨ︾ ᠵᠡᠷᠭᠡ ᠦᠨ᠎ᠡ ᠴᠠᠨ᠎ᠠ ᠲᠠᠢ | ᠮᠤᠩᠭᠤᠯ ᠤᠨ ᠳᠡᠦᠭᠡᠨ ᠨᠤᠮ ᠪᠢᠴᠢᠭ ᠤᠳ ᠢ ᠬᠡᠪᠯᠡᠨ ᠳᠠᠷᠬᠠᠭᠠᠵᠦ ᠪᠠᠶᠢᠭᠰᠠᠨ ᠪᠦᠭᠡᠳ ︽ᠠᠷᠠᠳ ᠤᠨ ᠠᠮᠠᠨ | ᠵᠤᠬᠢᠶᠠᠯ︾᠂ ︽ᠶᠠᠫᠤᠨ ᠤ ᠰᠤᠷᠭᠠᠨ ᠬᠦᠮᠦᠵᠢᠯ ᠢ ᠪᠠᠶᠢᠴᠠᠭᠠᠭᠰᠠᠨ ᠡᠳᠦᠷ ᠪᠦᠷᠢ ᠶᠢᠨ ᠳᠡᠮᠳᠡᠭᠯᠡᠯ︾ ᠵᠢᠴᠢ | ᠡᠷᠳᠡᠨᠢᠳᠤᠭᠳᠠᠬᠤ ᠶᠢᠨ ᠵᠤᠬᠢᠶᠠᠭᠰᠠᠨ ︽ᠮᠤᠩᠭᠤᠯ ᠦᠰᠦᠭ ᠤᠨ ᠰᠢᠨ᠎ᠡ ᠳᠤᠯᠢ︾ ᠵᠡᠷᠭᠡ ᠤᠷᠴᠢᠨ ᠦᠶ᠎ᠡ ᠶᠢᠨ | ᠵᠤᠬᠢᠶᠠᠯ ᠪᠦᠳᠦᠭᠡᠯ ᠢ ᠴᠦ ᠤᠯᠠᠨ᠎ᠠ ᠳᠠᠨᠢᠯᠴᠠᠭᠤᠯᠵᠦ ᠪᠠᠶᠢᠭᠰᠠᠨ ᠶᠤᠮ᠃ ᠡᠬᠦᠨ ᠤ ᠬᠠᠮᠳᠤ ︽ᠤᠯᠠᠭᠠᠨ ᠪᠠᠷᠰ︾ | ᠰᠡᠳᠬᠦᠯ ᠳᠡᠭᠡᠨ ᠭᠤᠤᠯᠳᠠᠭᠤ ᠳᠡᠦᠭᠡ᠂ ᠦᠬᠦᠯᠡᠯ᠂ ᠨᠠᠶᠢᠷᠠᠭᠤᠯᠤᠯ᠂ ᠰᠢᠯᠦᠭ᠂ ᠳᠤᠭᠤᠵᠢ᠂ ᠠᠷᠠᠳ ᠤᠨ ᠠᠮᠠᠨ | ᠵᠤᠬᠢᠶᠠᠯ᠂ ᠶᠡᠷᠦ ᠶᠢᠨ ᠮᠡᠳᠡᠯᠭᠡ᠂ ᠨᠡᠷ᠎ᠡ ᠳᠤᠮᠢᠶᠠᠨ ᠤ ᠮᠡᠳᠡᠯᠭᠡ᠂ ᠠᠵᠦ ᠠᠬᠤᠢ᠂ ᠪᠠᠶᠢᠭᠠᠯᠢ ᠶᠢᠨ ᠰᠢᠨᠵᠢᠯᠡᠬᠦ | ᠤᠬᠠᠭᠠᠨ᠂ ᠡᠷᠡᠬᠦᠯ ᠬᠠᠮᠠᠭᠠᠯᠠᠯ ᠵᠡᠷᠭᠡ ᠤᠳᠤ ᠶᠢᠨ ᠠᠭᠤᠯᠭ᠎ᠠ ᠪᠦᠬᠦᠢ ᠡᠷᠳᠡᠮ ᠮᠡᠳᠡᠯᠭᠡ ᠶᠢ ᠰᠤᠷᠳᠠᠯᠴᠢᠯᠠᠨ | ᠤᠬᠠᠭᠤᠯᠵᠦ ᠪᠠᠶᠢᠭᠰᠠᠨ ᠪᠢᠯᠡ᠃ | ᠬᠡᠪᠯᠡᠬᠦᠯᠦᠭᠰᠡᠨ ᠪᠦᠳᠦᠭᠡᠯ ᠤᠳ ᠤᠨ ᠳᠤᠳᠤᠷ᠎ᠠ ᠳᠡᠬᠦᠨ ᠤ ᠦᠪᠡᠷ ᠤᠨ ᠬᠢᠨᠢ ᠪᠦᠳᠦᠭᠡᠯ ᠪᠤᠯᠬᠤ ︽ | ᠶᠠᠫᠤᠨ ᠤ ᠰᠤᠷᠭᠠᠨ ᠬᠦᠮᠦᠵᠢᠯ ᠢ ᠪᠠᠶᠢᠴᠠᠭᠠᠭᠰᠠᠨ ᠡᠳᠦᠷ ᠪᠦᠷᠢ ᠶᠢᠨ ᠳᠡᠮᠳᠡᠭᠯᠡᠯ︾᠂ ︽ᠤᠯᠠᠭᠠᠨ ᠪᠠᠷᠰ ᠰᠡᠳᠬᠦᠯ | ᠤᠨ ᠤᠷᠤᠰᠢᠯ︾ ᠵᠡᠷᠭᠡ ᠪᠠᠶᠢᠳᠠᠭ ᠪᠦᠭᠡᠳ ᠡᠮᠬᠢᠳᠭᠡᠨ ᠨᠠᠶᠢᠷᠠᠭᠤᠯᠤᠭᠰᠠᠨ ᠵᠤᠬᠢᠶᠠᠯ ᠬᠡᠪᠡᠯ ︽ᠨᠠᠢᠮᠠᠨ ᠬᠤᠰᠢᠭᠤᠨ ᠤ | ᠬᠡᠯᠡᠮᠦᠷᠴᠢ ᠶᠢᠨ ᠦᠭᠡ︾ ︵ᠨᠡᠷ᠎ᠡ ᠵᠢᠯ ᠠᠰᠠᠭᠤᠬᠤ᠂ ᠰᠤᠮᠤ ᠢᠷᠦᠭᠡᠬᠦ᠂ ᠨᠤᠳᠤᠭ ᠵᠢᠭᠠᠵᠦ ᠦᠭᠬᠦ᠂ ᠬᠦᠰᠢᠭᠡ | ᠮᠢᠯᠢᠶᠠᠬᠤ᠂ ᠬᠦᠰᠢᠭᠡ ᠳᠠᠶᠢᠯᠬᠤ ᠵᠡᠷᠭᠡ ᠪᠤᠯᠤᠨ᠎ᠠ︶᠂ ︽ᠬᠡᠰᠢᠭᠳᠡᠨ ᠤ ᠬᠡᠯᠡᠮᠦᠷᠴᠢ ᠶᠢᠨ ᠦᠭᠡᠰ︾ ︵ᠬᠤᠷᠢᠮ ᠤᠨ | ᠴᠠᠢ ᠤᠤᠭᠤᠯᠭᠠᠬᠤ ᠨᠠᠶᠢᠷ ᠲᠤ ᠬᠡᠯᠡᠬᠦ ᠦᠭᠡ᠂ ᠬᠤᠷᠢᠮ ᠤᠨ ᠨᠠᠶᠢᠷ ᠤᠨ ᠪᠡᠯᠭᠡ ᠮᠡᠳᠡᠬᠦᠯᠬᠦ ᠦᠭᠡ᠂ ᠡᠬᠦᠳᠡᠨ ᠤ | ᠦᠭᠡ ᠵᠡᠷᠭᠡ ᠪᠤᠯᠤᠨ᠎ᠠ︶᠂ ᠵᠢᠴᠢ 415 ᠪᠠᠳᠠᠭ ᠵᠦᠢᠷ ᠦᠭᠡ ᠪᠦᠬᠦᠢ ︽ᠬᠠᠪᠤᠳᠤ ᠦᠭᠡ︾ ᠵᠡᠷᠭᠡ ᠠᠷᠠᠳ ᠤᠨ | ᠠᠮᠠᠨ ᠵᠤᠬᠢᠶᠠᠯ ᠤᠨ ᠵᠦᠢᠯᠡᠰ ᠪᠠᠶᠢᠳᠠᠭ ᠶᠤᠮ᠃ ᠢᠯᠠᠩᠭᠤᠶ᠎ᠠ ᠬᠢᠳᠡᠳ ᠤᠨ ᠲᠦᠷᠪᠡᠯᠵᠢᠨ ᠦᠰᠦᠭ ᠢᠶᠠᠷ | ᠳᠡᠮᠳᠡᠭᠯᠡᠭᠳᠡᠵᠦ ᠪᠠᠶᠢᠭᠰᠠᠨ ︽ᠮᠤᠩᠭᠤᠯ ᠤᠨ ᠨᠢᠭᠤᠴᠠ ᠳᠤᠪᠴᠢᠶᠠᠨ︾ ᠢ ᠮᠤᠩᠭᠤᠯ ᠦᠰᠦᠭ ᠢᠶᠠᠷ ᠪᠠᠭᠤᠯᠭᠠᠵᠦ | ᠬᠡᠪᠯᠡᠬᠦᠯᠦᠭᠰᠡᠨ ᠨᠢ ᠳᠡᠬᠦᠨ ᠤ ᠤᠨᠴᠠ ᠭᠠᠪᠢᠶ᠎ᠠ ᠪᠤᠯᠳᠠᠭ ᠶᠤᠮ᠃ | 1934 ᠤᠨ ᠳᠤ ︽ᠮᠤᠩᠭᠤᠯ ᠤᠳᠬ᠎ᠠ ᠶᠢᠨ ᠰᠤᠷᠭᠠᠯ ᠤᠨ ᠬᠤᠷᠠᠯ︾ ᠺᠠᠶᠢᠯᠤ ᠳᠤ ᠰᠢᠯᠵᠢᠵᠦ᠂ | ᠮᠤᠩᠭᠤᠯ ᠨᠤᠮ ᠪᠢᠴᠢᠭ ᠬᠡᠪᠯᠡᠬᠦᠯᠬᠦ ᠠᠵᠢᠯ ᠢᠶᠠᠨ ᠦᠷᠬᠦᠯᠵᠢᠯᠡᠬᠦᠯᠵᠡᠢ᠃ ᠡᠨᠡ ᠬᠤᠭᠤᠴᠠᠭᠠᠨ ᠳᠤ ᠳᠡᠷᠡᠪᠡᠷ ᠪᠠᠰᠠ | ᠬᠠᠭᠤᠷᠮᠠᠭ ᠮᠠᠨᠵᠦ ᠤᠯᠤᠰ ᠤᠨ ᠬᠢᠩᠭᠠᠨ ᠪᠠᠷᠠᠭᠤᠨ ᠮᠤᠵᠢ ᠶᠢᠨ ᠢᠷᠭᠡᠨ ᠤ ᠬᠡᠷᠡᠭ ᠤᠨ ᠲᠢᠩᠬᠢᠮ ᠤᠨ ᠳᠠᠷᠤᠭ᠎ᠠ ᠶᠢᠨ | ᠳᠤᠰᠢᠶᠠᠯ ᠢ ᠡᠬᠦᠷᠭᠡᠯᠡᠵᠦ᠂ ᠰᠤᠶᠤᠯ ᠰᠤᠷᠭᠠᠨ ᠬᠦᠮᠦᠵᠢᠯ ᠳᠤ ᠬᠤᠯᠪᠤᠭᠳᠠᠬᠤ ᠠᠵᠢᠯ ᠢ ᠬᠠᠷᠢᠭᠤᠴᠠᠵᠦ ᠪᠠᠶᠢᠪᠠ᠃ | ︽ᠮᠤᠩᠭᠤᠯ ᠤᠳᠬ᠎ᠠ ᠶᠢᠨ ᠰᠤᠷᠭᠠᠯ ᠤᠨ ᠬᠤᠷᠠᠯ︾ ᠤᠨ ᠬᠡᠪᠯᠡᠬᠦᠯᠵᠦ ᠪᠠᠶᠢᠭᠰᠠᠨ ᠨᠤᠮ ᠪᠢᠴᠢᠭ ᠪᠤᠯᠤᠨ | ︽ᠤᠯᠠᠭᠠᠨ ᠪᠠᠷᠰ︾ ᠰᠡᠳᠬᠦᠯ ᠤᠨ ᠨᠡᠶᠢᠳᠡᠯᠡᠵᠦ ᠵᠤᠬᠢᠶᠠᠯ ᠤᠨ ᠤᠯᠠᠩᠬᠢ ᠨᠢ ᠮᠤᠩᠭᠤᠯᠴᠤᠳ ᠤᠨ ᠦᠨᠡᠨ ᠶᠤᠰᠤ | ᠶᠢ ᠡᠷᠢᠯᠬᠢᠯᠡᠵᠦ᠂ ᠦᠵᠡᠯ ᠤᠬᠠᠮᠰᠠᠷ ᠢᠶᠠᠨ ᠳᠡᠭᠡᠭᠰᠢᠯᠡᠬᠦᠯᠬᠦ ᠶᠢ ᠤᠷᠢᠶᠠᠯᠠᠭᠰᠠᠨ ᠳᠠᠪᠰᠢᠩᠭᠤᠢ ᠠᠭᠤᠯᠭ᠎ᠠ ᠲᠠᠢ | ᠪᠠᠶᠢᠭᠰᠠᠨ ᠳᠤᠯᠠ ᠶᠠᠫᠤᠨᠴᠤᠳ ᠪᠦᠭᠡᠭᠡᠰᠢᠭ ᠢ ᠰᠡᠵᠢᠭᠯᠡᠨ ᠬᠠᠷᠠᠳᠠᠵᠦ᠂ ᠵᠠᠯᠬᠠᠭᠠᠨ ᠰᠢᠳᠭᠡᠬᠦ ᠶᠢ ᠤᠬᠠᠭᠠᠯᠵᠦ | ᠡᠬᠢᠯᠡᠵᠡᠢ᠃ | 1940 ᠤᠨ ᠤ ᠬᠠᠪᠤᠷ ᠶᠠᠫᠤᠨ ᠤ ᠭᠤᠸᠠᠨᠳᠦ᠋ᠩᠵᠢᠶᠦ᠋ᠨ ᠴᠡᠷᠢᠭ ᠤᠨ ᠬᠢᠨ ᠪᠦᠭᠡᠭᠡᠰᠢᠭ ᠢ ᠰᠢᠨᠵᠢᠩ ᠳᠤ | ᠳᠠᠭᠤᠳᠠᠪᠠ᠃ ᠳᠡᠭᠡᠭᠡᠳ ᠪᠡᠶ᠎ᠡ ᠳᠡᠭᠡᠨ ᠳᠠᠳᠠᠵᠦ᠂ ᠪᠦᠭᠡᠭᠡᠰᠢᠭ ᠢ ᠬᠢᠩᠭᠠᠨ ᠪᠠᠷᠠᠭᠤᠨ ᠮᠤᠵᠢ ᠶᠢᠨ ᠦᠢᠯᠡᠳᠪᠤᠷᠢ | ᠬᠤᠳᠠᠯᠳᠤᠭᠠᠨ ᠤ ᠲᠢᠩᠬᠢᠮ ᠤᠨ ᠳᠠᠷᠤᠭ᠎ᠠ ᠪᠤᠯᠭᠠᠵᠠᠢ᠃ ᠬᠤᠭᠤᠰᠤᠨ ᠨᠡᠷ᠎ᠡ ᠵᠡᠬᠦᠯᠭᠡᠭᠰᠡᠨ ᠬᠡᠷᠡᠭ ᠭᠡᠳᠡᠭ ᠢ ᠳᠡᠷᠡᠪᠡᠷ | ᠨᠡᠪᠳᠡ ᠭᠠᠳᠠᠷᠯᠠᠵᠦ ᠪᠠᠶᠢᠭᠰᠠᠨ ᠪᠤᠯᠬᠤᠷ ᠦᠯᠦ ᠤᠶᠢᠰᠢᠶᠠᠨ ᠨᠤᠮ ᠪᠢᠴᠢᠭ ᠬᠡᠪᠯᠡᠬᠦᠯᠬᠦ ᠠᠵᠢᠯ ᠢᠶᠠᠨ ᠦᠷᠬᠦᠯᠵᠢᠯᠡᠨ | ᠬᠢᠵᠡᠢ᠃ 60 ᠬᠡᠳᠦᠨ ᠬᠡᠰᠢᠬᠦᠨ ᠲᠠᠢ ᠪᠠᠶᠢᠭᠰᠠᠨ ᠪᠦᠭᠡᠳ ᠨᠠᠶᠢᠷᠠᠭᠤᠯᠤᠭᠴᠢ᠂ ᠰᠡᠶᠢᠷᠡᠬᠦᠯᠦᠨ ᠪᠢᠴᠢᠭᠴᠢ᠂ ᠬᠡᠪᠯᠡᠯ | ᠤᠨ ᠠᠵᠢᠯᠴᠢᠨ ᠵᠡᠷᠭᠡ ᠠᠷᠪᠠᠨ ᠬᠡᠳᠦᠨ ᠬᠦᠮᠦᠨ ᠲᠠᠢ ᠪᠠᠶᠢᠪᠠ᠃ ᠴᠢᠯᠠᠭᠤᠨ ᠬᠡᠪ ᠤᠨ ᠮᠠᠰᠢᠨ᠂ ᠬᠤᠷᠭᠤᠯᠵᠢᠨ ᠬᠡᠪ | ᠤᠨ ᠮᠠᠰᠢᠨ ᠵᠡᠷᠭᠡ ᠡᠳᠦᠢ ᠳᠡᠳᠦᠢ ᠮᠠᠰᠢᠨ ᠳᠦᠬᠦᠭᠡᠷᠦᠮᠵᠢ ᠲᠠᠢ ᠪᠠᠶᠢᠭᠰᠠᠨ ᠶᠤᠮ᠃ | ᠪᠦᠭᠡᠭᠡᠰᠢᠭ ᠪᠠᠰᠠ ︽ᠮᠤᠩᠭᠤᠯ ᠤᠳᠬ᠎ᠠ ᠶᠢᠨ ᠰᠤᠷᠭᠠᠯ ᠤᠨ ᠬᠤᠷᠠᠯ︾ ᠤᠨ ᠬᠠᠷᠢᠶᠠᠨ ᠳᠠᠭᠠᠨ ︽ | ᠮᠤᠩᠭᠤᠯ ᠠᠷᠠᠳ ᠤᠨ ᠪᠤᠯᠪᠠᠰᠤᠷᠠᠯ ᠤᠨ ᠰᠤᠷᠭᠠᠭᠤᠯᠢ︾ ᠪᠠᠶᠢᠭᠤᠯᠵᠦ᠂ ᠶᠠᠳᠠᠭᠤᠴᠤᠳ ᠤᠨ ᠬᠡᠦᠭᠡᠳ ᠪᠠ ᠰᠤᠷᠬᠤ | ᠨᠠᠰᠤᠨ ᠠᠴᠠ ᠬᠡᠳᠦᠷᠡᠭᠰᠡᠨ ᠬᠦᠮᠦᠰ ᠢ ᠡᠯᠰᠡᠨ ᠮᠤᠩᠭᠤᠯ ᠪᠢᠴᠢᠭ᠂ ᠳᠤᠭᠠᠨ ᠤ ᠤᠬᠠᠭᠠᠨ᠂ ᠶᠡᠷᠦ ᠶᠢᠨ ᠮᠡᠳᠡᠯᠭᠡ | ᠵᠡᠷᠭᠡ ᠶᠢ ᠵᠢᠭᠠᠨ ᠰᠤᠷᠭᠠᠵᠦ ᠪᠠᠶᠢᠪᠠ᠃ ᠬᠤᠭᠤᠴᠠᠭ᠎ᠠ ᠪᠦᠷᠢ 30 — 40 ᠡᠷᠡᠭᠳᠡᠢ ᠡᠮᠡᠭᠳᠡᠢ ᠰᠤᠷᠤᠭᠴᠢᠳ ᠢ | ᠰᠤᠷᠭᠠᠭᠤᠯᠢ ᠳᠤ ᠤᠷᠤᠭᠤᠯᠵᠦ ᠪᠠᠶᠢᠭᠰᠠᠨ ᠶᠤᠮ᠃ | 1941 ᠤᠨ ᠳᠤ ᠪᠦᠭᠡᠭᠡᠰᠢᠭ ᠭᠤᠸᠠᠢ ᠭᠧᠷᠮᠠᠨ ᠤ ᠨᠡᠷᠡᠳᠦ ᠮᠤᠩᠭᠤᠯᠴᠢ ᠡᠷᠳᠡᠮᠳᠡᠨ ᠸᠠᠯᠲ᠋ᠧᠷ · | ᠾᠸᠢᠢᠰᠢᠭ ᠲᠠᠢ ᠳᠠᠨᠢᠯᠴᠠᠨ᠂ ︽ᠶᠡᠭᠡ ᠶᠤᠸᠠᠨ ᠤᠯᠤᠰ ᠤᠨ ᠮᠠᠨᠳᠤᠭᠰᠠᠨ ᠲᠦᠷᠦ ᠶᠢᠨ ᠬᠦᠭᠡ ᠰᠤᠳᠤᠷ︾ ᠤᠨ | 24 ᠴᠢᠯᠠᠭᠤᠨ ᠪᠠᠷ ᠤᠨ ᠨᠤᠮ ᠢ ᠬᠦᠷᠭᠡᠵᠦ᠂ ︽ᠬᠦᠭᠡ ᠰᠤᠳᠤᠷ︾ ᠤᠨ ᠤᠤᠯ ᠡᠬᠡ ᠶᠢ ᠤᠯᠬᠤ ᠳᠤ ᠰᠦᠪᠡᠭᠴᠢ | ᠬᠠᠩᠭᠠᠵᠦ ᠦᠭᠬᠦᠭᠰᠡᠨ ᠶᠤᠮ᠃ | ᠪᠦᠭᠡᠭᠡᠰᠢᠭ 1943 ᠤᠨ ᠤ 1 ᠰᠠᠷ᠎ᠠ ᠶᠢᠨ 13 ᠤ ᠡᠳᠦᠷ᠂ ᠶᠠᠫᠤᠨ ᠬᠦᠮᠦᠨ ᠤ ᠳᠠᠶᠢᠯᠠᠯᠭ᠎ᠠ ᠳᠤ | ᠤᠷᠤᠯᠴᠠᠵᠦ ᠠᠷᠢᠬᠢ ᠤᠤᠭᠤᠭᠠᠳ᠂ ᠬᠡᠷ ᠲᠡᠭᠡᠨ ᠬᠠᠷᠢᠭᠠᠳ ᠳᠡᠷᠡ ᠰᠦᠨᠢ ᠳᠡᠭᠡᠨ ᠨᠤᠭᠤᠭᠠᠨ ᠢᠶᠠᠷ ᠪᠦᠭᠡᠯᠵᠢᠵᠦ | ᠺᠠᠶᠢᠯᠤ ᠬᠤᠳᠠᠨ᠎ᠠ ᠵᠠᠭᠤᠷᠠᠳᠤ ᠪᠠᠷ ᠨᠠᠰᠤ ᠪᠠᠷᠠᠭᠰᠠᠨ ᠶᠤᠮ᠃ | ᠪᠦᠭᠡᠭᠡᠰᠢᠭ ᠢ ᠨᠠᠰᠤ ᠪᠠᠷᠠᠭᠰᠠᠨ ᠤ ᠳᠠᠷᠠᠭ᠎ᠠ᠂ ︽ᠤᠯᠠᠭᠠᠨ ᠪᠠᠷᠰ︾ ᠰᠡᠳᠬᠦᠯ ᠤᠨ ᠶᠢᠰᠦᠳᠦᠭᠡᠷ | ᠬᠤᠭᠤᠴᠠᠭ᠎ᠠ ᠳᠤ ᠭᠠᠰᠢᠭᠤᠳᠠᠯ ᠤᠨ ᠮᠡᠳᠡᠭᠡ ᠨᠠᠶᠢᠳᠡᠯᠡᠵᠦ᠄ ︽ᠪᠦᠭᠡᠭᠡᠰᠢᠭ ᠠᠪᠤᠭᠠᠢ ᠪᠠᠭ᠎ᠠ ᠨᠠᠰᠤᠨ ᠠᠴᠠ ᠰᠡᠴᠡᠨ | ᠰᠡᠷᠬᠦᠯᠡᠩ ᠳᠤᠯᠠ ᠮᠤᠩᠭᠤᠯ ᠬᠢᠳᠡᠳ ᠬᠡᠯᠡ ᠪᠢᠴᠢᠭ ᠲᠤ ᠬᠦᠨ ᠨᠡᠪᠳᠡᠷᠡᠵᠦ᠂ ᠡᠷᠳᠡᠮ ᠴᠢᠳᠠᠯ ᠪᠦᠷᠢᠳᠦᠵᠦᠬᠦᠢ᠃ | ᠳᠡᠶᠢᠨ ᠬᠦ ᠳᠡᠷᠡ ᠮᠤᠩᠭᠤᠯ ᠵᠠᠯᠠᠭᠤᠰ ᠤᠨ ᠳᠤᠳᠤᠷ᠎ᠠ ᠤᠷᠢᠳ ᠰᠡᠭᠡᠭᠡᠷᠡᠭᠰᠡᠨ ᠤᠶᠤᠳᠠᠨ ᠪᠤᠯᠬᠤ ᠪᠦᠭᠡᠳ ᠮᠤᠩᠭᠤᠯ | ᠤᠨ ᠤᠳᠬ᠎ᠠ ᠰᠤᠶᠤᠯ ᠢ ᠬᠦᠭᠵᠢᠬᠦᠯᠬᠦ ᠳᠤ ᠴᠦᠬᠦᠷᠡᠰᠢ ᠦᠭᠡᠢ ᠴᠢᠷᠮᠠᠶᠢᠨ ᠵᠢᠳᠬᠦᠭᠰᠡᠨ ᠶᠤᠮ᠃ ᠪᠦᠭᠡᠭᠡᠰᠢᠭ | ᠠᠪᠤᠭᠠᠢ ᠦᠭᠡᠬᠦᠦ ᠶᠠᠳᠠᠭᠤᠴᠤᠳ ᠢ ᠳᠤᠰᠠᠯᠠᠵᠦ᠂ ᠮᠤᠩᠬᠠᠭ ᠬᠠᠷᠠᠩᠭᠤᠢ ᠶᠢ ᠰᠡᠭᠡᠭᠡᠷᠡᠬᠦᠯᠬᠦ ᠬᠠᠯᠠᠭᠤᠨ ᠰᠡᠳᠬᠢᠯ | ᠢᠶᠠᠷ ᠬᠦᠨ ᠪᠦᠭᠡᠳ ᠵᠤᠵᠠᠭᠠᠨ᠂ ᠦᠨᠳᠦᠷ ᠪᠦᠭᠡᠳ ᠦᠯᠡᠮᠵᠢ︾ ᠭᠡᠵᠦ ᠦᠨᠡᠯᠡᠭᠰᠡᠨ ᠪᠢᠯᠡ᠃ | ᠪᠦᠭᠡᠭᠡᠰᠢᠭ ᠪᠤᠯ ᠮᠠᠨ ᠤ ᠮᠤᠩᠭᠤᠯ ᠦᠨᠳᠦᠰᠦᠳᠡᠨ ᠤ ᠤᠷᠴᠢᠨ ᠦᠶ᠎ᠡ ᠶᠢᠨ ᠠᠯᠳᠠᠷᠳᠤ ᠰᠡᠳᠬᠦᠯᠴᠢ᠂ | ᠨᠠᠶᠢᠷᠠᠭᠤᠯᠤᠭᠴᠢ᠂ ᠬᠡᠪᠯᠡᠭᠴᠢ ᠪᠤᠯᠬᠤ ᠪᠠᠷ ᠦᠯᠦ ᠪᠠᠷᠠᠨ ᠰᠤᠷᠭᠠᠨ ᠬᠦᠮᠦᠵᠢᠬᠦᠯᠦᠭᠴᠢ ᠪᠤᠯᠬᠤ ᠶᠤᠮ᠃ | | | | |