︽ᠴᠢᠩᠭᠢᠰ ᠬᠠᠭᠠᠨ ᠠᠴᠠ ᠬᠤᠪᠢᠯᠠᠢ ᠬᠠᠭᠠᠨ ᠬᠦᠷᠲᠡᠯᠡᠬᠢ ᠵᠠᠭᠤᠨ ᠬᠦᠮᠦᠨ ᠤ ᠲᠤᠪᠴᠢ ᠨᠠᠮᠲᠠᠷ︾ ᠨᠤᠮ  ᠤᠨ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2018-06-08
       ︽ᠴᠢᠩᠭᠢᠰ ᠬᠠᠭᠠᠨ ᠠᠴᠠ ᠬᠤᠪᠢᠯᠠᠢ ᠬᠠᠭᠠᠨ ᠬᠦᠷᠲᠡᠯᠡᠬᠢ ᠵᠠᠭᠤᠨ ᠬᠦᠮᠦᠨ ᠤ ᠲᠤᠪᠴᠢ ᠨᠠᠮᠲᠠᠷ︾ ᠭᠡᠬᠦ ᠮᠤᠩᠭᠤᠯ ᠲᠡᠦᠬᠡ ᠶᠢᠨ ᠴᠤᠪᠤᠷᠠᠯ ᠪᠢᠴᠢᠭ ᠢ ᠰᠠᠩᠳᠠᠢ ᠨᠠᠶᠢᠷᠠᠭᠤᠯᠤᠨ ᠵᠤᠬᠢᠶᠠᠵᠤ᠂ ᠦᠪᠦᠷ ᠮᠤᠩᠭᠤᠯ ᠤᠨ ᠰᠤᠶᠤᠯ  ᠤᠨ ᠬᠡᠪᠯᠡᠯ ᠤᠨ ᠬᠤᠷᠢᠶ᠎ᠠ ᠲᠠᠷᠬᠠᠭᠠᠪᠠ᠃ ᠲᠤᠰ ᠨᠤᠮ ᠨᠢ ᠨᠡᠶᠢᠲᠡ ᠠᠷᠪᠠᠨ ᠨᠢᠭᠡᠨ ᠪᠦᠯᠦᠭ ᠢᠶᠠᠷ ᠪᠦᠷᠢᠯᠳᠦᠵᠦ᠂ ᠴᠢᠩᠭᠢᠰ ᠬᠠᠭᠠᠨ ᠤ ᠦᠶ᠎ᠡ ᠠᠴᠠ ᠬᠤᠪᠢᠯᠠᠢ ᠬᠠᠭᠠᠨ ᠤ ᠦᠶ᠎ᠡ ᠬᠦᠷᠲᠡᠯᠡᠬᠢ ᠵᠠᠭᠤ ᠭᠠᠷᠤᠢ ᠵᠢᠯ ᠤᠨ ᠬᠤᠭᠤᠴᠠᠭᠠᠨ  ᠳᠠᠬᠢ ᠵᠠᠭᠤᠨ ᠬᠦᠮᠦᠨ ᠤ ᠨᠠᠮᠲᠠᠷ ᠢ ᠬᠤᠷᠠᠮᠳᠤᠭᠤᠯᠤᠨ ᠡᠮᠬᠢᠳᠬᠡᠵᠦ᠂ ᠰᠢᠰᠲ᠋ᠧᠮ ᠲᠠᠢ ᠮᠠᠲ᠋ᠧᠷᠢᠶᠠᠯ ᠪᠤᠯᠭᠠᠨ ᠨᠠᠶᠢᠷᠠᠭᠤᠯᠤᠨ ᠵᠤᠬᠢᠶᠠᠵᠠᠢ᠃        ᠲᠤᠰ ᠨᠤᠮ ᠤᠨ ᠨᠢᠭᠡᠳᠦᠭᠡᠷ ᠪᠦᠯᠦᠭ ᠲᠤ ᠴᠢᠩᠭᠢᠰ ᠬᠠᠭᠠᠨ᠂ ᠶᠢᠰᠦᠭᠡᠢ ᠪᠠᠭᠠᠲᠤᠷ᠂ ᠦᠭᠡᠯᠦᠨ ᠬᠠᠲᠤᠨ᠂ ᠬᠠᠰᠠᠷ᠂ ᠤᠳᠴᠢᠬᠢᠨ᠂ ᠪᠡᠯᠭᠦᠳᠡᠢ᠂ ᠪᠦᠷᠳᠡ ᠦᠵᠢᠨ᠂ ᠶᠢᠰᠦᠢ ᠬᠠᠲᠤᠨ ᠤ ᠨᠠᠮᠲᠠᠷ ᠲᠡᠦᠬᠡ ᠶᠢ ᠲᠡᠮᠳᠡᠭᠯᠡᠵᠦ᠂ ᠬᠤᠶᠠᠳᠤᠭᠠᠷ ᠪᠦᠯᠦᠭ ᠲᠤ ᠦᠭᠡᠳᠡᠢ ᠬᠠᠭᠠᠨ᠂ ᠵᠦᠴᠢ᠂ ᠴᠠᠭᠠᠳᠠᠢ᠂ ᠲᠤᠯᠤᠢ᠂ ︽ᠲᠦᠷᠦ ᠵᠠᠬᠢᠷᠤᠭᠴᠢ ᠭᠦᠩᠵᠦ︾ ᠠᠯᠠᠭ᠎ᠠ ᠪᠠᠬᠢ᠂ ᠲᠦᠷᠡᠭᠡᠨ᠎ᠡ ᠬᠠᠲᠤᠨ᠂ ᠠᠯᠴᠢᠳᠡᠢ᠂ ᠰᠤᠷᠬᠠᠨᠳᠠᠨᠢ ᠬᠠᠲᠤᠨ ᠤ ᠨᠠᠮᠲᠡᠷ ᠢ ᠪᠢᠴᠢᠨ᠂ ᠭᠤᠷᠪᠠᠳᠤᠭᠠᠷ ᠪᠦᠯᠦᠭ ᠲᠤ ᠬᠦᠶᠦᠭ ᠬᠠᠭᠠᠨ᠂ ᠮᠦᠩᠬᠡ ᠬᠠᠭᠠᠨ᠂ ᠪᠠᠲᠤ ᠬᠠᠨ᠂ ᠦᠯᠡᠬᠦ ᠬᠠᠭᠠᠨ᠂ ᠬᠤᠪᠢᠯᠠᠢ ᠬᠠᠭᠠᠨ ᠤ ᠲᠡᠦᠬᠡ  ᠶᠢ ᠲᠤᠭᠠᠴᠢᠵᠤ᠂ ᠳᠦᠷᠪᠡᠳᠦᠭᠡᠷ ᠪᠦᠯᠦᠭ ᠲᠤ ᠠᠷᠢᠭᠪᠦ᠋ᠬᠡ᠂ ᠪᠠᠶᠢᠳᠠᠷ᠂ ᠬᠠᠳᠠᠨ᠂ ᠬᠦᠳᠡᠨ᠂ ᠪᠡᠷᠬᠡ᠂ ᠤᠤᠭᠤᠯ ᠬᠠᠶᠢᠮᠢᠰᠢ ᠬᠠᠲᠤᠨ᠂ ᠶᠢᠰᠦᠮᠦ᠋ᠩᠬᠡ᠂ ᠪᠦᠵᠢᠭ᠂ ᠮᠦᠭᠡ ᠶᠢᠨ ᠲᠡᠦᠬᠡ ᠶᠢ ᠪᠢᠴᠢᠵᠡᠢ᠃ ᠲᠠᠪᠤᠳᠤᠭᠠᠷ ᠪᠦᠯᠦᠭ ᠲᠤ ᠬᠠᠶᠢᠳᠤ᠂ ᠠᠶᠠᠷᠤᠭ ᠦᠬᠢᠨ᠂ ᠨᠠᠶᠠᠨ᠂ ᠰᠢᠷᠭᠢ᠂ ᠠᠪᠠᠬ᠎ᠠ᠂ ᠠᠷᠭᠤᠨ᠂ ᠠᠷᠤᠬᠤ᠂ ᠰᠢᠷᠮᠤᠨ᠂ ᠪᠦᠷᠢ᠂ ᠲᠡᠮᠦᠷ  ᠤᠨ ᠨᠠᠮᠲᠠᠷ ᠪᠠᠭᠲᠠᠵᠤ᠂ ᠵᠢᠷᠭᠤᠳᠤᠭᠠᠷ ᠪᠦᠯᠦᠭ ᠲᠤ ᠮᠤᠬᠤᠯᠠᠢ᠂ ᠪᠤᠭᠤᠷᠴᠤ᠂ ᠪᠤᠷᠤᠬᠤᠯ᠂ ᠴᠢᠯᠠᠭᠤᠨ᠂ ᠬᠤᠪᠢᠯᠠᠢ᠂ ᠵᠡᠯᠮ᠎ᠡ᠂ ᠵᠡᠪᠡ᠂ ᠰᠦᠪᠡᠭᠡᠳᠡᠢ᠂ ᠵᠦᠷᠴᠢᠳᠡᠢ᠂ ᠬᠤᠶᠢᠯᠳᠠᠷ ᠤᠨ ᠲᠡᠦᠬᠡ ᠪᠠᠭᠲᠠᠯᠴᠠᠵᠤ᠂ ᠳᠤᠯᠤᠳᠤᠭᠠᠷ ᠪᠦᠯᠦᠭ  ᠲᠤ ᠰᠢᠬᠢᠬᠤᠳᠤᠬᠤ᠂ ᠲᠠᠲᠠᠲᠤᠩᠭ᠎ᠠ᠂ ᠶᠧᠯᠢᠦᠢ ᠴᠦᠰᠡᠢ᠂ ᠮᠦᠩᠯᠢᠭ᠂ ᠰᠤᠷᠬᠠᠨ ᠰᠢᠷ᠎ᠠ᠂ ᠴᠠᠭᠠᠨ᠂ ᠴᠤᠷᠮᠠᠭᠠᠨ᠂ ᠬᠢᠩᠭᠠᠢ᠂ ᠡᠯᠵᠢᠭᠡᠳᠡᠢ᠂ ᠶᠠᠯᠠᠸᠠᠴᠢ᠂ ᠭᠢᠯᠦᠭᠡᠳᠡᠢ ᠨᠠᠷ ᠤᠨ ᠨᠠᠮᠲᠠᠷ ᠲᠡᠦᠬᠡ ᠪᠠᠭᠲᠠᠯᠴᠠᠪᠠ᠃ ᠨᠠᠢᠮᠠᠳᠤᠭᠠᠷ ᠪᠦᠯᠦᠭ  ᠲᠤ ᠤᠷᠢᠶᠠᠩᠬᠠᠳᠠᠢ᠂ ᠺᠢᠳᠠᠶᠢᠪᠤᠬ᠎ᠠ᠂ ᠮᠦᠩᠬᠡᠰᠠᠷᠠ᠂ ᠠᠵᠤ᠂ ᠪᠠᠶᠠᠨ᠂ ᠯᠢᠦ ᠵᠧᠩ᠂ ᠠᠷᠢᠭᠤᠨ᠂ ᠫᠠᠭᠪᠠ᠂ ᠶᠤᠯᠮᠠᠰ  ᠤᠨ ᠨᠠᠮᠲᠠᠷ᠂ ᠶᠢᠰᠦᠳᠦᠭᠡᠷ ᠪᠦᠯᠦᠭ ᠲᠤ ᠲᠤᠭᠤᠷᠢᠯ᠂ ᠵᠠᠮᠤᠬ᠎ᠠ᠂ ᠳᠠᠶᠠᠨ ᠬᠠᠨ᠂ ᠬᠦᠴᠦᠯᠦᠭ ᠬᠠᠨ᠂ ᠮᠡᠭᠦᠵᠢᠨ ᠰᠡᠭᠦᠯᠲᠦ᠂ ᠲᠤᠭᠲᠤᠭ᠎ᠠ ᠪᠠᠬᠢ᠂ ᠲᠠᠷᠭᠤᠳᠠᠢ ᠬᠢᠷᠢᠯᠳᠤᠭ᠂ ᠠᠯᠠᠬᠤᠰᠢ ᠲᠢᠬᠢᠳ ᠬᠤᠷᠢ᠂ ᠰᠡᠴᠡ ᠪᠠᠬᠢ᠂ ᠬᠤᠲᠤᠭ᠎ᠠ ᠪᠠᠬᠢ ᠤᠨ ᠲᠡᠦᠬᠡ᠂ ᠠᠷᠪᠠᠳᠤᠭᠠᠷ ᠪᠦᠯᠦᠭ ᠲᠤ ᠢᠲᠦᠭᠦᠳ ᠬᠠᠨ᠂ ᠯᠢ ᠠᠨ ᠴᠢᠦᠸᠠᠨ᠂ ᠸᠠᠨᠬᠢᠨ ᠶᠦᠩ ᠵᠢᠢ᠂ ᠯᠢᠽᠦ᠋ᠩ ᠬᠠᠭᠠᠨ᠂ ᠶᠧᠯᠢᠦᠢ ᠯᠢᠦᠭᠧ᠂ ᠳ᠋ᠤᠸᠠᠨ ᠰᠢᠩ ᡁᠢ᠂ ᠮᠦᠬᠮᠧᠳ᠋ ᠰᠤᠯᠳᠠᠨ᠂ ᠬᠠᠶ᠋ᠢᠷ ᠬᠠᠨ ᠢᠨᠠᠯᠴᠤᠭ᠂ ᠮᠧᠲ᠋ᠢᠰᠯᠠᠹ᠂ ᠪᠧᠯᠡ᠂ ᠷᠤᠭᠦᠨ — ᠡᠳ᠋ — ᠳ᠋ᠢᠨ᠂ ᠮᠦᠰᠲ᠋ᠠᠰᠢᠮ ᠤᠨ ᠲᠡᠦᠬᠡ ᠨᠠᠮᠲᠠᠷ᠂ ᠠᠷᠪᠠᠨ ᠨᠢᠭᠡᠳᠦᠭᠡᠷ ᠪᠦᠯᠦᠭ ᠲᠤ ᠴᠠᠩᠴᠦ᠋ᠨ ᠠᠷᠰᠢ᠂ ᠵᠤᠤ ᠡᠾᠦ᠋ᠩ᠂ ᠫᠧᠩ ᠳ᠋ᠠ ᠶᠠ᠂ ᠫᠯᠡᠨ ᠺᠡᠷᠫᠢᠨ᠂ ᠸᠢᠯᠢᠶᠡᠮ ᠷᠦᠪᠷᠦ᠋ᠭ᠂ ᠮᠠᠷᠺᠤ ᠫᠤᠯᠤ᠋᠂ ᠵᠦᠸᠡᠶᠢᠨᠢ᠂ ᠷᠠᠰᠢᠳ᠋ — ᠠᠳ᠋ — ᠳ᠋ᠢᠨ ᠤ ᠨᠠᠮᠲᠠᠷ ᠲᠡᠦᠬᠡ ᠶᠢ ᠲᠠᠨᠢᠯᠴᠠᠭᠤᠯᠵᠠᠢ᠃ ᠲᠠ ᠪᠦᠬᠦᠨ ᠲᠠᠭᠠᠯᠠᠨ ᠪᠤᠯᠭᠠᠨᠠᠤ︖
 
ᠢᠷᠡᠯᠲᠡ᠄ ᠬᠤᠩ ᠱᠠᠨ ᠲᠤᠭᠤᠷᠢᠭ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号