| | | | ᠵᠤᠬᠢᠶᠠᠭᠴᠢ ᠪᠦᠷᠢᠨᠲᠡᠭᠦᠰ᠂ ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ᠂ ᠦᠪᠦᠷ ᠮᠤᠩᠭᠤᠯ ᠤᠨ | ᠠᠷᠠᠳ ᠤᠨ ᠬᠡᠪᠯᠡᠯ ᠤᠨ ᠬᠤᠷᠢᠶ᠎ᠠ ᠲᠠᠷᠬᠠᠭᠠᠪᠠ᠃ | ᠭᠠᠩᠭᠠᠩ ᠬᠠᠷ᠎ᠠ ᠶᠢᠨ ᠦᠯᠢᠭᠡᠷ ᠴᠤᠬᠤᠮ ᠠᠯᠢ ᠦᠶ᠎ᠡ ᠳᠤ ᠴᠤᠤᠷᠬᠠᠭᠰᠠᠨ ᠢ ᠪᠤᠤ ᠮᠡᠳᠡ᠃ ᠵᠡᠷᠢᠮ | ᠬᠦᠮᠦᠨ ᠬᠡᠯᠡᠪᠡᠯ ᠳᠤᠮᠤᠭ ᠭᠡᠨ᠎ᠡ᠃ ᠵᠡᠷᠢᠮ ᠨᠢ ᠦᠨᠡᠨ ᠭᠡᠯᠴᠡᠨ᠎ᠡ᠃ ᠳᠤᠮᠤᠭ ᠴᠦ ᠪᠤᠯᠤᠭ᠂ ᠦᠨᠡᠨ ᠴᠦ ᠪᠤᠯᠤᠭ᠃ | ᠲᠡᠭᠦᠨ ᠤ ᠳᠤᠮᠤᠭ ᠪᠠ ᠦᠨᠡᠨ ᠪᠤᠯᠬᠤ ᠨᠢ ᠵᠤᠬᠢᠶᠠᠯᠴᠢᠳ ᠲᠤ ᠠᠪᠤᠭᠠᠳ ᠬᠡᠯᠡᠪᠡᠯ ᠪᠠᠵᠠᠭᠠᠬᠤ ᠵᠦᠢᠯ ᠪᠢᠰᠢ᠂ | ᠬᠠᠷᠢᠨ ᠠᠯᠢ ᠴᠠᠭ ᠦᠶ᠎ᠡ ᠶᠢᠨ ᠤᠴᠢᠷ ᠪᠤᠯᠴᠢᠬᠠᠪᠠ︖ ᠭᠡᠳᠡᠭ ᠠᠰᠠᠭᠤᠯᠲᠠ ᠶᠢ ᠲᠡᠳᠡᠨᠦᠰ ᠡᠷᠬᠢᠮᠯᠡᠳᠡᠭ ᠪᠢᠯᠡ᠃ | ᠤᠴᠢᠷ ᠨᠢ ᠤᠷᠠᠨ ᠪᠦᠲᠦᠭᠡᠯ ᠪᠤᠯ ᠲᠡᠦᠬᠡ ᠶᠢᠨ ᠬᠦᠨᠳᠡᠯᠡᠨ ᠤᠭᠲᠤᠯᠤᠭᠠᠰᠤ ᠮᠦᠨ᠃ ᠲᠡᠶᠢᠮᠦ ᠪᠤᠯᠬᠤᠷ ᠤᠷᠤᠨ | ᠴᠠᠭ ᠤᠨ ᠵᠠᠭᠠᠳᠠᠰᠤ ᠶᠢ ᠲᠤᠳᠤᠷᠬᠠᠶᠢᠯᠠᠬᠤ ᠶᠤᠮ ᠭᠡᠵᠦ ᠪᠢᠷ ᠪᠡᠬᠡᠰ ᠬᠤᠶᠠᠷ ᠮᠢᠨᠢ ᠮᠢᠬ᠎ᠠ ᠪᠠᠨ ᠢᠳᠡᠯ᠎ᠡ᠃ | ᠬᠦᠭᠡᠷᠦᠬᠦᠢ︕ ᠲᠡᠭᠡᠭᠡᠳ ᠮᠠᠭᠠᠳᠯᠠᠯ ᠭᠠᠷᠭᠠᠵᠤ ᠴᠢᠳᠠᠭᠰᠠᠨ ᠦᠭᠡᠢ ᠳᠡᠭᠡᠨ ᠪᠢᠵᠡ᠂ ᠰᠠᠨᠠᠭ᠎ᠠ ᠠᠯᠳᠠᠨ ᠬᠡᠯᠡᠪᠡ᠄ | — ᠦᠴᠦᠭᠡᠳᠦᠷ ᠤᠨ ᠰᠤᠨᠤᠰᠬᠠᠯ ᠦᠨᠦᠳᠦᠷ ᠶᠢᠨ ᠴᠢᠬᠢᠨ ᠳᠤ ᠦᠯᠢᠭᠡᠷ ᠪᠤᠯᠴᠢᠬᠠᠭᠰᠠᠨ ᠪᠠᠶᠢᠬᠤ ᠳᠤ᠂ | ᠤᠷᠵᠢᠳᠤᠷ ᠤᠨ ᠰᠤᠨᠢᠷᠬᠠᠯ ᠮᠠᠷᠭᠠᠰᠢ ᠶᠢᠨ ᠲᠠᠭᠠᠰᠢᠶᠠᠯ ᠳᠤ ᠳᠤᠮᠤᠭ ᠪᠤᠯᠵᠤ ᠮᠡᠳᠡᠨ᠎ᠡ᠃ ᠡᠳᠦᠷ ᠬᠤᠨᠤᠭ ᠢ | ᠬᠦᠭᠡᠭᠡᠴᠡᠯᠳᠦᠭᠰᠡᠨ ᠤ ᠬᠡᠷᠡᠭ ᠶᠠᠭᠤ ᠪᠢᠯᠡ︖ ᠦᠵᠡᠵᠦ ᠰᠤᠨᠤᠰᠤᠭᠠᠳ ᠲᠠ ᠦᠪᠡᠷ ᠢᠶᠠᠨ ᠪᠤᠳᠤ ᠯᠡ ᠳ᠋ᠠ ᠭᠡᠪᠡᠯ | ᠪᠤᠯᠴᠢᠬᠠᠳᠠᠭ ᠬᠡᠷᠡᠭ ᠭᠡᠪᠡ᠃ | ᠵᠠ ᠲᠡᠭᠡᠪᠡᠯ ᠲᠡᠶᠢᠮᠦ ᠪᠤᠯᠲᠤᠭᠠᠢ᠃ | ᠵᠤᠨ ᠴᠠᠭ ᠤᠨ ᠭᠠᠯ ᠦᠳᠡ ᠳᠤ ᠶᠤᠮᠰᠠᠨᠵᠠᠢ᠃ | ᠭᠠᠩᠭᠠᠩ ᠨᠠᠭᠤᠷ ᠬᠤᠩᠭᠤᠷᠲᠠᠨ ᠲᠤᠨᠤᠯᠵᠠᠵᠤ ᠨᠠᠮᠤᠭᠤᠬᠠᠨ ᠲᠤᠯᠭᠢᠶᠠᠯᠠᠬᠤ ᠳᠤ ᠴᠢᠭᠢᠭᠯᠢᠭ ᠠᠭᠠᠷ ᠰᠡᠷ | ᠰᠡᠷ ᠰᠡᠪᠢᠯᠵᠡᠭᠡᠳ ᠨᠠᠷᠠᠨ ᠤ ᠬᠠᠯᠠᠭᠤᠨ ᠠᠴᠠ ᠬᠠᠯᠠᠰᠢᠷᠠᠨ ᠤᠷᠴᠢᠨ ᠠᠬᠤᠢ᠂ ᠠᠮᠢᠲᠠᠨ ᠵᠢᠷᠭᠤᠭᠠᠨ ᠪᠤᠳᠠᠰ | ᠡᠪᠴᠢᠭᠦᠦ ᠳᠡᠯᠡᠳᠦᠨ ᠪᠠᠶᠠᠰᠤᠨ ᠰᠡᠷᠭᠦᠨ᠎ᠡ᠃ | ᠳᠡᠯᠭᠡᠷ ᠭᠤᠪᠢ ᠨᠤᠲᠤᠭ ᠲᠠᠭᠠᠨ ᠭᠠᠩᠭᠠᠩ ᠨᠠᠭᠤᠷ ᠪᠤᠯ ᠲᠤᠰᠠᠭᠠᠷ ᠨᠢᠭᠡᠨ ᠤᠰᠤᠨ ᠶᠢᠷᠲᠢᠨᠴᠦ ᠪᠢᠯᠡ᠃ | ᠴᠢᠨᠠᠲᠦ ᠬᠦᠪᠡᠭᠡ ᠨᠢ ᠲᠡᠷᠲᠡᠭᠡ ᠬᠦᠬᠡᠷᠡᠨ ᠲᠤᠨᠤᠷᠠᠬᠤ ᠴᠡᠩᠬᠡᠷ ᠠᠭᠤᠯᠠᠨ ᠠᠴᠠ ᠡᠬᠢ ᠠᠪᠤᠭᠰᠠᠨ ᠪᠤᠯᠪᠠᠴᠤ ᠨᠠᠭᠠᠲᠤ | ᠬᠦᠪᠡᠭᠡ ᠠᠴᠠ ᠨᠢ ᠪᠠᠷᠠᠯᠠᠪᠠᠯ ᠳᠠᠯᠠᠢ ᠭᠡᠵᠦ ᠰᠠᠨᠠ ᠡ ᠲᠠ᠃ ᠤᠰᠤᠨ ᠮᠠᠨᠠᠨ ᠵᠡᠷᠭᠡᠯᠭᠡᠲᠦᠨ ᠲᠡᠭᠷᠢ ᠶᠢᠨ ᠬᠠᠶᠠᠭ᠎ᠠ | ᠲᠠᠢ ᠦᠷᠭᠦᠯᠵᠢᠯᠡᠨ ᠤᠶᠢᠯᠤᠨᠠ ᠁ | ᠭᠠᠩᠭᠠᠩ ᠨᠠᠭᠤᠷ ᠤᠨ ᠬᠦᠪᠡᠭᠡᠨ ᠳᠤ ᠴᠤᠬᠤᠮ ᠶᠠᠮᠠᠷᠰᠢᠦ ᠤᠴᠠᠷᠠᠯ ᠪᠤᠯᠤᠭᠰᠠᠨ ᠶᠤᠮ ᠪᠤᠯ︖ ᠭᠠᠩᠭᠠᠩ | ᠬᠠᠷ᠎ᠠ ᠬᠡᠭᠴᠢ ᠨᠢ ᠬᠡᠨ ᠤ ᠬᠤᠷᠳᠤᠨ ᠬᠦᠯᠦᠭ ᠪᠤᠯᠴᠢᠬᠠᠪᠠ︖ ᠠᠯᠢ ᠡᠰᠡᠬᠦᠯ᠎ᠡ ᠭᠠᠩᠭᠠᠩ ᠨᠠᠭᠤᠷ ᠤᠨ ᠠᠳᠤᠭᠤᠳ | ᠤᠨ ᠶᠡᠷᠦᠩᠬᠡᠢ ᠨᠡᠷᠡᠶᠢᠳᠦᠯ ᠶᠤᠮ ᠦᠦ︖ ᠲᠠ ᠪᠦᠬᠦᠨ ᠤᠴᠢᠷ ᠢ ᠤᠬᠠᠶᠠ ᠭᠡᠪᠡᠯ ︽ᠭᠠᠩᠭᠠᠩ ᠬᠠᠷ᠎ᠠ︾ ᠠᠴᠠ | ᠯᠠᠪᠯᠠᠭᠠᠷᠠᠢ︕ | | | | | |