︽ᠶᠤᠸᠠᠨ ᠤᠯᠤᠰ᠂ ᠤᠮᠠᠷᠠᠲᠤ ᠶᠤᠸᠠᠨ ᠤ ᠶᠢᠰᠦᠨ ᠬᠠᠭᠠᠨ︾ ᠭᠡᠬᠦ ᠨᠤᠮ ᠤᠨ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2018-04-24
       ᠮᠤᠩᠭᠤᠯ ᠬᠠᠭᠠᠳ ᠤᠨ ᠰᠠᠩ ᠴᠤᠪᠤᠷᠠᠯ Ⅸ ︽ᠶᠤᠸᠠᠨ ᠤᠯᠤᠰ᠂ ᠤᠮᠠᠷᠠᠲᠤ ᠶᠤᠸᠠᠨ ᠤ ᠶᠢᠰᠦᠨ ᠬᠠᠭᠠᠨ ︾ ᠨᠤᠮ ᠢ ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ ᠬᠡᠪᠯᠡᠪᠡ᠃ᠠᠭᠤᠯᠭ᠎ᠠ ᠶᠢᠨ ᠲᠤᠪᠴᠢ        ᠴᠤᠪᠤᠷᠠᠯ ᠤᠨ ᠡᠯ᠎ᠡ ᠪᠤᠳᠢ ᠨᠡᠶᠢᠲᠡ ᠳᠤᠯᠤᠭᠠᠨ ᠪᠦᠯᠦᠭ ᠲᠠᠢ᠃ ᠶᠡᠭᠡ ᠶᠤᠸᠠᠨ ᠭᠦᠷᠦᠨ ᠢ ᠡᠭᠦᠰᠬᠡᠨ ᠪᠠᠶᠢᠭᠤᠯᠤᠭᠴᠢ ᠬᠤᠪᠢᠯᠠᠢ ᠬᠠᠭᠠᠨ 1294 ᠤᠨ ᠳᠤ ᠶᠢᠷᠲᠢᠨᠴᠦ ᠶᠢᠨ ᠮᠦᠩᠬᠡ ᠪᠤᠰᠤ ᠶᠢ ᠦᠵᠡᠭᠦᠯᠬᠦ ᠳᠤ ᠲᠡᠭᠦᠨ ᠤ ᠬᠦᠪᠡᠭᠦᠨ ᠴᠢᠩᠬᠡᠮ ᠤᠨ ᠭᠤᠷᠪᠠᠳᠤᠭᠠᠷ ᠬᠦᠪᠡᠭᠦᠨ ᠲᠡᠮᠦᠷ ᠬᠠᠭᠠᠨ ᠰᠠᠭᠤᠷᠢ ᠶᠢ ᠡᠵᠡᠯᠡᠭᠰᠡᠨ ᠪᠢᠯᠡ᠃ ᠲᠡᠮᠦᠷ ᠬᠠᠭᠠᠨ ᠢ ᠲᠡᠭᠷᠢ ᠪᠤᠯᠤᠭᠰᠠᠨ ᠤ ᠳᠠᠷᠠᠭ᠎ᠠ ᠴᠢᠩᠬᠡᠮ ᠤᠨ ᠬᠦᠦ ᠳᠠᠷᠮᠠᠪᠠᠯ ᠤᠨ ᠶᠡᠭᠡ ᠬᠦᠦ ᠬᠠᠶᠢᠰᠠᠩ 1308 ᠤᠨ ᠳᠤ ᠶᠤᠸᠠᠨ ᠬᠦᠷᠦᠨ ᠤ ᠭᠤᠷᠪᠠᠳᠠᠬᠢ ᠬᠠᠭᠠᠨ ᠪᠤᠯᠤᠭᠰᠠᠨ᠃ ᠬᠠᠶᠢᠰᠠᠩ ᠬᠠᠭᠠᠨ ᠲᠡᠭᠷᠢ ᠪᠤᠯᠵᠤ ᠳᠠᠷᠮᠠᠪᠠᠯ ᠤᠨ ᠬᠦᠪᠡᠭᠦᠨ ᠠᠶᠤᠷᠪᠠᠷᠪᠠᠳᠠ 1312 ᠤᠨ ᠳᠤ ᠶᠤᠸᠠᠨ ᠭᠦᠷᠦᠨ ᠤ ᠳᠦᠷᠪᠡᠳᠦᠭᠡᠷ ᠬᠠᠭᠠᠨ ᠪᠤᠯᠤᠭᠰᠠᠨ ᠲᠡᠦᠬᠡ ᠲᠠᠢ᠃ ᠲᠡᠳᠡᠭᠡᠷ ᠬᠠᠭᠠᠳ ᠤᠨ ᠵᠠᠯᠭᠠᠮᠵᠢ ᠪᠤᠯᠵᠤ ᠶᠡᠭᠡ ᠶᠤᠸᠠᠨ ᠭᠦᠷᠦᠨ ᠤ ᠲᠠᠪᠤᠳᠠᠬᠢ ᠬᠠᠭᠠᠨ ᠪᠤᠯᠤᠭᠰᠠᠨ ᠰᠠᠶᠢᠳᠠᠪᠠᠯ ᠭᠡᠭᠡᠨ ᠬᠠᠭᠠᠨ ᠤ ᠨᠠᠮᠲᠠᠷ ᠴᠠᠳᠢᠭ ᠢ ᠡᠯ᠎ᠡ ᠪᠤᠳᠢ ᠶᠢᠨ ︽ᠲᠡᠷᠢᠭᠦᠨ ᠪᠦᠯᠦᠭ︾ ᠲᠤ ᠴᠠᠭ ᠬᠤᠭᠤᠴᠠᠭᠠᠨ ᠤ ᠲᠤᠪᠴᠢᠶᠠᠯᠠᠯ ᠢᠶᠠᠷ ᠳᠡᠯᠭᠡᠷᠡᠭᠦᠯᠦᠨ ᠦᠭᠦᠯᠡᠭᠰᠡᠨ᠃        ︽ᠳᠡᠳ᠋ ᠪᠦᠯᠦᠭ︾ ᠲᠤ ᠴᠢᠩᠭᠢᠰ ᠤᠨ ᠠᠯᠲᠠᠨ ᠤᠷᠤᠭ ᠤᠨ ᠬᠦᠰᠡᠯᠡᠩ ᠬᠠᠭᠠᠨ ᠤ ᠰᠤᠯᠤᠩᠭᠤᠰ ᠬᠠᠲᠤᠨ ᠠᠴᠠ ᠲᠦᠷᠦᠭᠰᠡᠨ ᠶᠤᠸᠠᠨ ᠭᠦᠷᠦᠨ ᠤ ᠰᠡᠭᠦᠯᠴᠢ ᠶᠢᠨ ᠶᠡᠭᠡ ᠬᠠᠭᠠᠨ ᠳᠤᠭᠤᠨᠲᠡᠮᠦᠷ ᠤᠨ ᠠᠮᠢᠳᠤᠷᠠᠯ ᠤᠨ ᠲᠡᠦᠭᠡ ᠳᠡᠯᠭᠡᠭᠳᠡᠯ᠎ᠡ᠃        ᠠᠷᠪᠠᠨ ᠲᠠᠪᠤᠳᠤᠭᠠᠷ ᠵᠠᠭᠤᠨ ᠤ ᠦᠶ᠎ᠡ ᠳᠤ ᠲᠤᠲᠤᠭᠠᠳᠤ᠂ ᠭᠠᠳᠠᠭᠠᠳᠤ ᠬᠦᠴᠦᠨ ᠵᠦᠢᠯᠡᠰ ᠠᠴᠠ ᠰᠢᠯᠲᠠᠭᠠᠯᠠᠨ ᠮᠤᠩᠭᠤᠯ ᠤᠯᠤᠰ ᠤᠨ ᠲᠤᠲᠤᠭᠠᠲᠤ ᠨᠢᠭᠡᠲᠦᠯ ᠰᠤᠯᠠᠷᠠᠵᠤ ᠪᠤᠲᠠᠷᠠᠯ ᠤᠨ ᠪᠠᠶᠢᠳᠠᠯ ᠲᠠᠢ ᠪᠤᠯᠤᠭᠰᠠᠨ ᠶᠤᠮ᠃ ᠲᠡᠷᠡ ᠦᠶ᠎ᠡ ᠳᠤ ᠬᠢᠲᠠᠳ ᠤᠷᠤᠨ ᠢ ᠤᠯᠠᠨ ᠵᠢᠯ ᠨᠤᠶᠠᠷᠬᠠᠵᠤ ᠠᠭᠰᠠᠨ ᠮᠤᠩᠭᠤᠯ ᠤᠨ ᠡᠷᠬᠡ ᠪᠠᠷᠢᠭᠴᠢᠳ ᠬᠢᠲᠠᠳ ᠤᠨ ᠡᠰᠡᠷᠭᠦᠴᠡᠭᠴᠢ ᠬᠦᠴᠦᠨ ᠳᠤ ᠴᠤᠬᠢᠭᠳᠠᠨ ᠤᠬᠤᠷᠢᠵᠤ᠂ ᠶᠤᠸᠠᠨ ᠭᠦᠷᠦᠨ ᠤ ᠵᠠᠬ᠎ᠠ ᠬᠢᠵᠠᠭᠠᠷ ᠪᠤᠯᠵᠤ ᠪᠠᠶᠢᠭᠰᠠᠨ ᠮᠤᠩᠭᠤᠯ ᠨᠤᠲᠤᠭ ᠲᠠᠭᠠᠨ ᠡᠭᠡᠨ ᠢᠷᠡᠭᠰᠡᠨ ᠴᠦ ᠬᠢᠲᠠᠳ ᠲᠤ ᠨᠤᠶᠠᠷᠬᠠᠯ ᠢᠶᠠᠨ ᠰᠡᠷᠭᠦᠭᠡᠬᠦ ᠶᠢ ᠬᠢᠴᠢᠶᠡᠵᠦ ᠪᠠᠶᠢᠭᠰᠠᠨ ᠪᠢᠯᠡ᠃ ᠴᠤᠬᠤᠮ ᠲᠡᠷᠡ ᠦᠶ᠎ᠡ ᠳᠤ ᠲᠡᠦᠬᠡᠨ᠎ᠡ ᠳᠤᠪᠤᠶᠢᠨ ᠭᠠᠷᠴᠤ ᠢᠷᠡᠭᠰᠡᠨ ᠲᠠᠶᠢᠰᠦᠩ ᠬᠠᠭᠠᠨ᠂ ᠲᠤᠭᠲᠠᠬᠤᠪᠤᠬ᠎ᠠ᠂ ᠡᠰᠡᠨ ᠲᠠᠶᠢᠱᠢ ᠨᠠᠷ ᠤᠨ ᠲᠡᠦᠬᠡᠨ ᠵᠠᠮᠨᠠᠯ ᠨᠤᠮ ᠤᠨ ︽ᠭᠤᠳᠠᠭᠠᠷ ᠪᠦᠯᠦᠭ︾ ᠲᠤ ᠳᠡᠯᠭᠡᠭᠳᠡᠬᠦ ᠪᠦᠭᠡᠳ ᠤᠳᠠᠭᠠᠬᠢ ᠪᠦᠯᠦᠭ ᠤᠳ ᠲᠤ ᠵᠠᠯᠭᠠᠭᠤᠯᠤᠨ ᠲᠦᠷᠦ ᠪᠠᠷᠢᠭᠰᠠᠨ ᠮᠠᠬᠠᠭᠦ᠋ᠷᠭᠢᠰ᠂ ᠮᠤᠯᠤᠨ᠂ ᠮᠠᠨᠳᠤᠭᠤᠯ᠂ ᠪᠠᠲᠤᠮᠦ᠋ᠩᠬᠡ ᠲᠠᠶᠠᠨ ᠬᠠᠭᠠᠨ ᠨᠠᠷ ᠤᠨ ᠨᠠᠮᠲᠠᠷ ᠴᠠᠳᠢᠭ ᠲᠤᠯᠢᠯᠠᠭᠤᠯᠤᠭᠳᠠᠭᠰᠠᠨ ᠪᠠᠶᠢᠨ᠎ᠠ᠃
 
ᠢᠷᠡᠯᠲᠡ᠄ ᠬᠤᠩ ᠱᠠᠨ ᠲᠤᠭᠤᠷᠢᠭ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号