︽ᠬᠦᠯᠦᠭ ᠪᠠᠭᠠᠲᠤᠷ ᠤᠯᠤᠰ ᠤᠨ ᠸᠠᠩ ᠮᠤᠬᠤᠯᠠᠢ︾ ᠭᠡᠬᠦ ᠨᠤᠮ ᠤᠨ ᠲᠤᠬᠠᠢ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2018-04-23
       ︽ᠬᠦᠯᠦᠭ ᠪᠠᠭᠠᠲᠤᠷ ᠤᠯᠤᠰ ᠤᠨ ᠸᠠᠩ ᠮᠤᠬᠤᠯᠠᠢ︾ ᠬᠡᠭᠦ ᠨᠤᠮ ᠤᠨ ᠵᠤᠬᠢᠶᠠᠭᠴᠢ ᠮᠤᠩᠭᠤᠯ ᠤᠯᠤᠰ ᠤᠨ ᠪ᠊᠂ ᠦᠯᠵᠡᠶᠢᠰᠦ᠋ᠷᠦᠩ᠃ ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠪᠡ᠃        ᠮᠤᠬᠤᠯᠠᠢ ᠪᠤᠯ ᠴᠢᠩᠭᠢᠰ ᠬᠠᠭᠠᠨ ᠤ ᠳᠦᠷᠪᠡᠨ ᠬᠦᠯᠦᠭ ᠪᠠᠭᠠᠲᠤᠷ ᠤᠨ ᠨᠢᠭᠡᠨ᠃ 13 ᠳ᠋ᠤᠭᠠᠷ ᠵᠠᠭᠤᠨ ᠤ ᠮᠤᠩᠭᠤᠯ ᠤᠨ ᠴᠡᠷᠢᠭ ᠤᠯᠤᠰ ᠲᠦᠷᠦ ᠶᠢᠨ ᠨᠡᠷᠡᠲᠦ ᠵᠢᠳᠬᠦᠯᠲᠡᠨ᠂ ᠵᠠᠯᠠᠶᠢᠷ ᠤᠪᠤᠭ ᠲᠠᠢ᠃ 1197 ᠤᠨ ᠳᠤ ᠴᠢᠩᠭᠢᠰ ᠬᠠᠭᠠᠨ ᠳᠤ ᠳᠠᠭᠠᠷ᠎ᠠ ᠢᠷᠡᠭᠰᠡᠨ᠃ ᠶᠡᠭᠡ ᠮᠤᠩᠭᠤᠯ ᠤᠯᠤᠰ ᠢ ᠪᠠᠶᠢᠭᠤᠯᠤᠭᠠᠳ ᠴᠢᠩᠭᠢᠰ ᠬᠠᠭᠠᠨ ᠭᠠᠪᠢᠶᠠᠲᠤ ᠨᠤᠭᠤᠳ ᠢᠶᠠᠨ ᠱᠠᠩᠨᠠᠬᠤ ᠳᠠᠭᠠᠨ ᠮᠤᠬᠤᠯᠠᠢ ᠶᠢ ᠵᠡᠭᠦᠨ ᠭᠠᠷ ᠤᠨ ᠲᠦᠮᠡᠨ ᠤ ᠨᠤᠶᠠᠨ ᠢᠶᠠᠷ ᠡᠷᠭᠦᠮᠵᠢᠯᠡᠨ ︽ᠭᠦᠸᠧ ᠸᠠᠩ︾ ᠴᠤᠯᠠ ᠰᠤᠶᠤᠷᠬᠠᠭᠰᠠᠨ᠃ ᠮᠤᠬᠤᠯᠠᠢ ᠵᠠᠩᠵᠤᠨ 1211 ᠤᠨ ᠠᠴᠠ ᠠᠯᠲᠠᠨ ᠤᠯᠤᠰ ᠢ ᠳᠠᠶᠢᠯᠠᠬᠤ ᠦᠢᠯᠡᠰ ᠢ ᠶᠡᠷᠦᠩᠬᠡᠶᠢᠯᠡᠨ ᠵᠠᠬᠢᠷᠴᠤ᠂ 1217 ~1223 ᠤᠨ ᠳᠤ ᠡᠨᠡ ᠬᠡᠷᠡᠭ ᠢ ᠬᠠᠷᠢᠭᠤᠴᠠᠨ ᠠᠯᠲᠠᠨ ᠤᠯᠤᠰ ᠢ ᠳᠠᠷᠤᠩᠭᠤᠶᠢᠯᠠᠵᠤ᠂ ᠬᠠᠲᠤᠨ ᠭᠤᠤᠯ ᠠᠴᠠ ᠬᠤᠶᠢᠰᠢᠬᠢ ᠨᠤᠲᠤᠭ ᠢ ᠪᠦᠷᠢᠨ ᠡᠷᠬᠡᠨ ᠳᠡᠭᠡᠨ ᠤᠷᠤᠭᠤᠯᠵᠠᠢ᠃ ᠮᠤᠬᠤᠯᠠᠢ ᠵᠠᠩᠵᠤᠨ ᠴᠢᠩᠭᠢᠰ ᠬᠠᠭᠠᠨ ᠤ ᠵᠠᠷᠯᠢᠭ ᠢᠶᠠᠷ ᠠᠯᠲᠠᠨ ᠤᠯᠤᠰ ᠢ ᠪᠠᠶᠢᠯᠳᠤᠨ ᠳᠠᠭᠠᠭᠤᠯᠵᠤ ᠂ ᠲᠡᠭᠦᠨ ᠢ ᠲᠦᠪᠰᠢᠳᠬᠡᠬᠦ ᠶᠢᠨ ᠲᠦᠯᠦᠭᠡ ᠢᠳᠡᠷ ᠵᠠᠯᠠᠭᠤ ᠨᠠᠰᠤ ᠪᠠᠨ ᠦᠩᠭᠡᠷᠡᠭᠡᠨ ᠮᠦᠨ ᠦᠪᠡᠷ ᠤᠨ ᠡᠵᠡᠯᠡᠭᠰᠡᠨ ᠬᠠᠷᠢ ᠶᠢᠨ ᠨᠤᠲᠤᠭ ᠲᠤ ᠬᠠᠳᠠᠨ ᠶᠠᠰᠤ ᠪᠠᠨ ᠲᠠᠯᠪᠢᠬᠤ ᠬᠤᠪᠢ ᠵᠠᠶᠠᠭ᠎ᠠ ᠲᠠᠢ ᠪᠠᠶᠢᠵᠠᠢ᠃        ᠦᠯᠵᠡᠶᠢᠰᠦ᠋ᠷᠦᠩ ᠭᠤᠸᠠᠢ ᠮᠤᠬᠤᠯᠠᠢ ᠶᠢᠨ ᠲᠤᠬᠠᠢ ᠡᠨᠡ ᠬᠦ ᠷᠤᠮᠠᠨ ᠳᠠᠭᠠᠨ ᠲᠡᠭᠦᠨ ᠤ ᠤᠯᠤᠰ ᠲᠦᠷᠦ ᠶᠢᠨ ᠤᠬᠠᠭᠠᠯᠢᠭ ᠮᠡᠷᠭᠡᠨ ᠰᠢᠢᠳᠪᠦᠷᠢ᠂ ᠪᠠᠶᠢᠯᠳᠤᠭᠠᠨ ᠤ ᠢᠳᠡ ᠬᠠᠪᠤ ᠶᠢ ᠬᠡᠷᠬᠢᠨ ᠭᠠᠷᠭᠠᠵᠤ ᠠᠯᠲᠠᠨ ᠤᠯᠤᠰ ᠤᠨ ᠤᠯᠠᠨ ᠬᠤᠲᠠ ᠪᠠᠯᠭᠠᠳ ᠢ ᠡᠵᠡᠯᠡᠭᠰᠡᠨ ᠲᠤᠬᠠᠢ ᠦᠭᠦᠯᠡᠭᠡᠳ ᠬᠢᠲᠠᠳ ᠤᠨ ᠡᠭᠡᠯ ᠵᠢᠷ ᠤᠨ ᠠᠷᠠᠳ ᠲᠦᠮᠡᠨ ᠤ ᠰᠤᠶᠤᠯ ᠲᠡᠦᠬᠡ ᠶᠢ ᠬᠡᠷᠬᠢᠨ ᠬᠦᠨᠳᠦᠳᠬᠡᠵᠦ ᠪᠠᠶᠢᠭᠰᠠᠨ ᠲᠤᠬᠠᠢ ᠲᠤ ᠦᠨᠡᠮᠰᠢᠯᠲᠡᠢ ᠬᠢᠷᠢᠨ ᠢᠶᠠᠨ ᠡᠩ ᠤᠨ ᠤᠶᠢᠯᠠᠭᠠᠮᠵᠢᠲᠠᠢ ᠢᠷᠠᠭᠤ ᠦᠭᠦᠯᠡᠮᠵᠢ ᠪᠠᠷ ᠭᠠᠷᠭᠠᠵᠠᠢ᠃ ᠪᠦᠬᠦ ᠦᠢᠯᠡ ᠶᠠᠪᠤᠳᠠᠯ᠂ ᠳᠦᠷᠢ ᠨᠦᠭᠦᠳ ᠢ ᠳᠦᠷᠰᠦᠯᠡᠨ ᠳᠤᠪᠤᠶᠢᠯᠭᠠᠵᠤ ᠵᠢᠷᠤᠭᠯᠠᠬᠤ ᠶᠢ ᠴᠢᠬᠤᠯᠠᠴᠢᠯᠠᠯ ᠦᠭᠡᠢ᠂ ᠪᠤᠳᠠᠲᠠᠢ ᠪᠦᠭᠡᠳ ᠤᠷᠠᠨ ᠰᠠᠶᠢᠬᠠᠨ ᠤ ᠳᠦᠷᠢ ᠨᠦᠭᠦᠳ ᠢ ᠬᠤᠭᠤᠷᠤᠨᠳᠤ ᠶᠢᠨ ᠶᠠᠷᠢᠶ᠎ᠠ ᠬᠦᠭᠡᠷᠦᠭᠡ ᠠᠶᠠᠭ ᠨᠠᠮᠪᠠ ᠪᠠᠷ ᠭᠠᠷᠭᠠᠬᠤ ᠶᠢ ᠬᠢᠴᠢᠶᠡᠵᠡᠢ᠃        ᠦᠯᠵᠡᠶᠢᠰᠦ᠋ᠷᠦᠩ ᠭᠤᠸᠠᠢ ᠶᠢᠨ ᠮᠤᠬᠤᠯᠠᠢ ᠵᠠᠩᠵᠤᠨ ᠤ ᠲᠤᠬᠠᠢ ᠨᠤᠮ ᠢ ᠤᠩᠰᠢᠬᠤᠢ ᠳᠤᠷ ᠶᠠᠪᠤᠳᠠᠯ ᠰᠠᠶᠢᠲᠤ ᠮᠤᠷᠢᠨ ᠳᠡᠭᠡᠷ᠎ᠡ ᠭᠠᠯᠭᠢᠭᠤᠯᠤᠨ ᠬᠤᠯᠠ ᠶᠢ ᠵᠤᠷᠢᠬᠤ ᠯᠤᠭ᠎ᠠ ᠮᠤᠩᠭᠤᠯ ᠬᠡᠯᠡᠨ ᠤ ᠳᠠᠯᠠᠢ ᠪᠠᠶᠠᠨ ᠰᠠᠩ ᠳᠤ ᠤᠮᠪᠠᠨ ᠴᠡᠩᠭᠡᠵᠦ ᠲᠡᠷᠲᠡᠭᠡ ᠵᠠᠭᠤᠨ ᠨᠤᠭᠤᠳ ᠤᠨ ᠪᠤᠭᠤᠷᠤᠯ ᠲᠤᠭᠤᠰᠤᠨ ᠠᠴᠠ ᠦᠨᠳᠡᠶᠢᠨ ᠪᠤᠰᠤᠭᠰᠠᠨ ᠡᠪᠦᠭᠡ ᠳᠡᠭᠡᠳᠦᠰ ᠤᠨ ᠢᠶᠠᠨ ᠠᠮᠢᠨ ᠲᠤᠲᠤᠨᠤ ᠳᠦᠷᠢ ᠶᠢ ᠲᠤᠳᠤᠷᠠᠭᠤᠯᠤᠨ᠂ ᠪᠦᠳᠡᠭᠢᠷᠡᠭᠦᠯᠦᠨ ᠮᠠᠷᠲᠠᠭᠰᠠᠨ ᠪᠦᠬᠦᠨ ᠢ ᠡᠭᠡᠨ ᠤᠬᠠᠬᠤ ᠳᠤ ᠬᠦᠷᠭᠡᠭᠰᠡᠨ ᠢᠶᠠᠷ ᠢᠶᠠᠨ ᠬᠡᠴᠢᠨᠡᠬᠡᠨ ᠰᠠᠶᠢᠰᠢᠶᠠᠯᠲᠠᠢ ᠠᠮᠲᠠᠲᠠᠢ ᠪᠠᠶᠢᠭᠰᠠᠨ ᠭᠡᠬᠦ ᠪᠤᠢ᠃
        ︽ᠬᠦᠯᠦᠭ ᠪᠠᠭᠠᠲᠤᠷ ᠤᠯᠤᠰ ᠤᠨ ᠸᠠᠩ ᠮᠤᠬᠤᠯᠠᠢ︾ ᠭᠡᠬᠦ ᠨᠤᠮ ᠢ ᠳᠡᠯᠡᠬᠡᠢ ᠶᠢᠨ ᠨᠤᠮ ᠤᠩᠰᠢᠬᠤ ᠡᠳᠦᠷ ᠤᠨ ᠪᠡᠯᠡᠭ ᠪᠤᠯᠭᠠᠨ ᠳᠡᠪᠰᠢᠭᠦᠯᠵᠦ ᠪᠠᠶᠢᠨ᠎ᠠ᠂ ᠲᠠ ᠪᠦᠬᠦᠨ ᠴᠠᠭ ᠲᠠᠢ ᠪᠤᠯᠤᠭᠠᠳ ᠰᠤᠨᠢᠷᠬᠠᠯ ᠲᠠᠢ ᠪᠤᠯ ᠲᠠᠭᠠᠯᠠᠨ ᠪᠤᠯᠭᠤᠭᠠᠷᠠᠢ︕
 
ᠢᠷᠡᠯᠲᠡ᠄ ᠬᠤᠩ ᠱᠠᠨ ᠲᠤᠭᠤᠷᠢᠭ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号