︽ᠮᠤᠩᠭᠤᠯ ᠤᠨ ᠳᠤᠮᠤᠭᠳᠤ ᠬᠠᠳᠤᠳ︾ ᠨᠤᠮ ᠤᠨ ᠲᠤᠬᠠᠢ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2018-03-22
         ᠮᠤᠩᠭᠤᠯ ᠡᠮᠡᠭᠳᠡᠶᠢᠴᠤᠳ ᠪᠤᠯ ᠭᠤᠶᠤ ᠦᠵᠡᠰᠬᠦᠯᠡᠩ᠂ ᠬᠠᠳᠠᠨ ᠪᠠᠭᠠᠳᠤᠷᠯᠢᠭ᠂ ᠴᠡᠴᠡᠨ ᠴᠡᠯᠮᠡᠭ᠂  ᠤᠷᠠᠨ ᠠᠪᠢᠶᠠᠰᠯᠢᠭ᠂ ᠬᠦᠨᠵᠡᠬᠡᠢ ᠪᠠᠭᠳᠠᠭᠠᠮᠵᠢᠳᠠᠢ ᠪᠠᠶᠢᠳᠠᠭ ᠢᠶᠠᠷ ᠢᠶᠠᠨ ᠳᠡᠯᠡᠬᠡᠢ ᠳᠤ ᠠᠯᠳᠠᠷᠳᠠᠢ᠃ ᠳᠡᠳᠡᠨᠡᠷ ᠤᠬᠠᠭᠠᠨ ᠵᠤᠷᠢᠭ ᠤᠨ ᠢᠶᠠᠨ ᠡᠷᠴᠢ ᠪᠠᠷ ᠮᠤᠩᠭᠤᠯ ᠤᠨ ᠨᠡᠶᠢᠬᠡᠮ ᠤᠨ ᠬᠦᠭᠵᠢᠯᠳᠡ ᠶᠢ ᠠᠴᠢᠶᠠᠯᠠᠵᠦ᠂ ᠮᠤᠩᠭᠤᠯ ᠰᠤᠶᠤᠯ ᠤᠨ ᠳᠤᠯᠭ᠎ᠠ ᠶᠢᠨ ᠭᠠᠯ ᠢ ᠲᠦᠷᠡᠯᠵᠡᠬᠦᠯᠵᠦ ᠢᠷᠡᠭᠰᠡᠨ ᠶᠤᠮ᠃ ᠲᠡᠭᠡᠬᠦ ᠳᠡᠭᠡᠨ ᠳᠡᠭᠷᠢ ᠤᠬᠠᠭᠠᠨ ᠲᠠᠢ᠂  ᠨᠠᠷᠠᠨ ᠬᠠᠶᠢᠷ᠎ᠠ ᠲᠠᠢ᠂ ᠪᠤᠷᠬᠠᠨ ᠰᠡᠳᠬᠢᠯ ᠲᠠᠢ ᠠᠭᠤᠤ ᠡᠮᠡᠭᠳᠡᠶᠢᠴᠤᠳ ᠢ ᠮᠤᠩᠭᠤᠯᠴᠤᠳ ᠵᠤᠷᠢᠭ ᠰᠠᠨᠠᠭᠠᠨ ᠤ ᠪᠠᠨ ᠤᠮᠤᠭ ᠰᠦᠯᠳᠡ ᠪᠤᠯᠭᠠᠵᠦ᠂ ︽ᠰᠢᠳᠦᠬᠡᠨ ᠡᠬᠡ︾ ᠬᠡᠮᠡᠨ ᠳᠡᠬᠡᠳᠦᠯᠡᠵᠦ ᠢᠷᠡᠭᠰᠡᠨ ᠶᠤᠮ᠃           ᠮᠤᠩᠭᠤᠯᠴᠤᠳ ᠠᠯᠤᠰ ᠳᠡᠬᠡᠳᠦ ᠦᠶ᠎ᠡ᠂ ᠡᠬᠡᠴᠢᠯᠡᠯ ᠤᠨ ᠨᠡᠶᠢᠬᠡᠮ ᠠᠴᠠ ᠨᠠᠰᠢ ᠡᠮᠡᠭᠳᠡᠶᠢᠴᠤᠳ ᠤᠨ ᠳᠡᠯᠬᠡᠷ ᠤᠬᠠᠭᠠᠨ ᠬᠢᠬᠡᠳ ᠪᠤᠭᠳᠠ ᠰᠦᠷ ᠬᠡᠷᠡᠯ ᠳᠤ ᠰᠢᠳᠦᠨ ᠬᠦᠮᠦᠨ ᠲᠦᠷᠦᠯᠬᠢᠳᠡᠨ ᠤ ᠳᠡᠤᠬᠡ ᠶᠢᠨ  ᠪᠤᠯᠪᠠᠰᠤᠨ ᠳᠤ ᠬᠦᠨᠳᠦᠬᠡᠨ ᠪᠠᠶᠢᠷᠢ ᠲᠠᠢ ᠪᠤᠯᠵᠤ ᠵᠤᠭᠰᠤᠭᠰᠠᠨ ᠶᠤᠮ᠃ ᠳᠠᠯ᠎ᠠ ᠨᠤᠳᠤᠭ ᠤᠨ ᠮᠤᠩᠭᠤᠯ ᠡᠮᠡᠭᠳᠡᠶᠢᠴᠤᠳ ᠤᠪᠤᠭ ᠲᠦᠷᠦᠯ ᠤᠨ ᠨᠡᠶᠢᠬᠡᠮ᠂ ᠹᠧᠤᠳᠠᠯ ᠤᠨ ᠨᠡᠶᠢᠬᠡᠮ ᠪᠠ ᠤᠳᠤ ᠦᠶ᠎ᠠ ᠬᠦᠷᠳᠡᠯᠡᠬᠢ ᠪᠦᠬᠦ᠋ᠢᠯᠡ ᠳᠡᠤᠬᠡ ᠶᠢᠨ ᠨᠤᠭᠤᠴᠠᠭᠠᠨ ᠳᠤ ᠡᠷᠡᠭᠳᠡᠶᠢᠴᠤᠳ ᠲᠠᠢ ᠠᠳᠠᠯᠢᠬᠠᠨ ᠠᠤᠭ᠎ᠠ ᠶᠡᠭᠡ ᠡᠬᠦᠷᠬᠡ ᠶᠢ ᠬᠦᠢᠴᠡᠳᠬᠡᠵᠦ᠂ ᠰᠤᠤ ᠪᠢᠯᠢᠭ ᠪᠠ ᠤᠬᠠᠭᠠᠨ ᠳᠠᠮᠢᠷ ᠢᠶᠠᠷ ᠢᠶᠠᠨ ᠳᠠᠯ᠎ᠠ ᠨᠤᠳᠤᠭ ᠤᠨ ᠳᠡᠤᠬᠡ ᠶᠢᠨ ᠬᠡᠷᠡᠯ ᠰᠠᠴᠤᠷᠠᠭᠰᠠᠨ ᠠᠯᠳᠠᠨ ᠬᠠᠭᠤᠳᠠᠰᠦ ᠶᠢ ᠪᠢᠴᠢᠭᠯᠡᠵᠦ ᠪᠢᠯᠡ᠃ ᠳᠡᠶᠢᠮᠦ ᠠᠴᠠ ᠡᠷᠳᠡ ᠡᠳᠦᠬᠡ ᠳᠤᠳᠤᠭᠠᠳᠤ ᠭᠠᠳᠠᠭᠠᠳᠤ ᠶᠢᠨ ᠨᠡᠷᠡᠳᠦ ᠡᠷᠳᠡᠮᠳᠡᠳ ᠮᠤᠩᠭᠤᠯ ᠡᠮᠡᠭᠳᠡᠶᠢᠴᠤᠳ ᠢ ᠶᠡᠬᠡᠳᠡ ᠪᠠᠭ᠋ᠠᠷᠬᠠᠨ ᠳᠠᠭᠠᠰᠢᠶᠠᠵᠦ᠂ ᠦᠨᠳᠦᠷ ᠦᠨᠡᠯᠡᠯᠳᠡ ᠪᠠᠷ ᠢᠶᠠᠨ ᠳᠡᠤᠬᠡᠨ ᠳᠤ ᠮᠦᠡᠭᠬᠡᠯᠡᠭᠳᠡᠭᠰᠡᠨ ᠪᠠᠶᠢᠳᠠᠭ᠃                  ᠲ᠊ · ᠤᠶᠤᠨ᠎ᠠ᠂ ᠠ᠊ · ᠳᠤᠭᠳᠠᠬᠤ᠂ ᠬᠠᠨᠭ᠍ᠭᠠᠢ ᠨᠠᠷ ᠤᠨ ᠨᠠᠶᠢᠷᠠᠭᠤᠯᠤᠨ ᠵᠤᠬᠢᠶᠠᠭᠰᠠᠨ ︽ᠮᠤᠩᠭᠤᠯ ᠤᠨ ᠳᠤᠮᠤᠭᠳᠤ ᠬᠠᠳᠤᠳ︾ ᠨᠤᠮ ᠳᠤ ᠮᠤᠩᠭᠤᠯ ᠤᠨ ᠬᠠᠭᠠᠳ᠂ ᠰᠤᠷᠪᠤᠯᠵᠢᠳᠤ ᠬᠡᠷ ᠪᠦᠯᠢ ᠶᠢᠨ ᠴᠡᠴᠡᠨ ᠰᠡᠷᠬᠦᠯᠡᠩ᠂  ᠲᠦᠪ ᠴᠢᠬᠡᠴᠢ᠂ ᠠᠪᠬᠠᠯᠵᠢᠳᠤ ᠬᠠᠳᠤᠳ ᠤᠨ ᠨᠠᠮᠳᠠᠷ ᠢ ᠪᠢᠴᠢᠭᠰᠡᠨ ᠪᠠᠶᠢᠨ᠎ᠠ᠃                  ᠡᠪ ᠤᠬᠠᠭᠠᠨ ᠵᠤᠷᠢᠭ ᠬᠠᠷᠢᠭᠤᠴᠠᠯᠭ᠎ᠠ ᠶᠢ ᠳᠡᠬᠡᠳᠦᠯᠡᠵᠦ᠂ ᠪᠡᠶ᠎ᠠ ᠪᠠᠨ ᠬᠢᠴᠢᠶᠡᠨ ᠳᠡᠬᠦᠯᠳᠡᠷᠵᠢᠬᠦᠯᠵᠦ᠂ ᠬᠡᠤᠬᠡᠳ ᠲᠡᠭᠡᠨ ᠳᠤᠯᠢ ᠪᠤᠯᠵᠤ ᠬᠡᠷᠡᠯᠳᠦᠳᠡᠭ ᠭᠤᠶᠤ ᠬᠡᠬᠡᠨᠴᠢᠷ ᠭᠤᠪᠠᠢ ᠦᠵᠡᠰᠬᠦᠯᠡᠩ ᠮᠦᠷᠳᠡᠬᠡᠨ ᠠᠭᠤᠳᠠᠮ  ᠪᠤᠳᠤᠯᠭ᠎ᠠ ᠰᠠᠷᠠᠭᠤᠯ ᠤᠬᠠᠭᠠᠨ᠂ ᠴᠢᠩ ᠵᠤᠷᠢᠭ ᠲᠠᠢ ᠮᠤᠩᠭᠤᠯ ᠡᠮᠡᠭᠳᠡᠶᠢᠴᠤᠳ ᠮᠤᠩᠭᠤᠯ ᠤᠨ ᠨᠡᠶᠢᠬᠡᠮ ᠳᠡᠤᠬᠡ ᠰᠤᠶᠤᠯ ᠤᠨ ᠬᠦᠭᠵᠢᠯᠳᠡ ᠳᠤ ᠠᠤᠭ᠎ᠠ ᠶᠡᠭᠡ ᠭᠠᠪᠢᠶ᠎ᠠ ᠵᠢᠳᠬᠦᠯ ᠦᠵᠡᠬᠦᠯᠦᠭᠰᠡᠨ ᠢᠶᠠᠷ ᠪᠠᠷᠠᠬᠤ ᠦᠬᠡᠢ᠂ ᠮᠤᠩᠭᠤᠯᠴᠤᠳ ᠤᠨ ᠵᠤᠷᠢᠭ ᠰᠠᠨᠠᠭᠠᠨ ᠤ ᠡᠷᠴᠢ᠂ ᠰᠡᠳᠬᠢᠯ ᠤᠨ ᠳᠡᠩᠬᠡᠬᠡ᠂ ᠤᠬᠠᠭᠠᠨ ᠪᠤᠳᠤᠯ ᠤᠨ ᠬᠢᠨᠢ ᠨᠠᠷᠠᠨ ᠰᠠᠷᠠᠨ ᠪᠤᠯᠵᠤ ᠪᠠᠶᠢᠭᠰᠠᠨ ᠲᠦᠯᠦᠬᠡᠯᠡᠭᠴᠢ ᠮᠤᠩᠭᠤᠯ ᠡᠮᠡᠭᠳᠡᠶᠢᠴᠤᠳ ᠢᠶᠠᠨ ︽ᠮᠤᠩᠭᠤᠯ ᠤᠨ ᠳᠤᠮᠤᠭᠳᠤ ᠬᠠᠳᠤᠳ︾ ᠨᠤᠮ ᠠᠴᠠ ᠤᠯᠵᠤ ᠬᠠᠷᠠᠬᠤ ᠶᠢ ᠬᠦᠰᠡᠵᠦ ᠪᠠᠶᠢᠨ᠎ᠠ᠃    
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号