ᠦᠨᠦᠴᠢᠨ ᠵᠢᠷᠦᠬᠡᠨ ᠤ ᠨᠢᠯᠪᠤᠰᠤ
ᠨᠡᠶᠢᠲᠡᠯᠡᠭᠰᠡᠨ ᠴᠠᠭ᠄
2019-03-15
ᠱ᠊᠂ ᠳᠤᠯᠮ᠎ᠠᠦᠨᠦᠴᠢᠨ ᠵᠢᠷᠦᠬᠡᠨ ᠤ ᠨᠢᠯᠪᠤᠰᠤᠦᠪᠡᠷ ᠤᠷᠤᠭᠤ ᠪᠠᠨ ᠤᠷᠤᠰᠤᠨ᠎ᠠᠦᠷᠦ ᠵᠢᠷᠦᠬᠡ ᠶᠢ ᠦᠮᠦᠯᠡᠨᠡᠳᠦᠷ ᠬᠤᠨᠤᠭ ᠢ ᠰᠠᠮᠠᠯᠤᠨ ᠤᠷᠤᠰᠤᠨ᠎ᠠᠭᠠᠭᠴᠠᠭᠠᠷᠳᠠᠯ ᠤᠨ ᠬᠠᠷ᠎ᠠ ᠰᠡᠭᠦᠳᠡᠷᠭᠠᠳᠠᠭ᠎ᠠ ᠭᠡᠷ ᠲᠤ ᠦᠭᠡᠢ ᠳᠠᠭᠠᠨ᠎ᠠᠭᠠᠯᠵᠠᠭᠤᠷᠠᠭᠰᠠᠨ ᠶᠤᠮ ᠰᠢᠭ᠋ᠭᠠᠰᠠᠯᠠᠩ ᠲᠡᠭᠡᠭᠡᠵᠦ ᠳᠠᠭᠠᠨ᠎ᠠᠠᠮᠢᠳᠤ ᠶᠢᠨ ᠵᠤᠪᠠᠯᠠᠩ ᠢ ᠮᠠᠷᠲᠠᠶ᠎ᠠ ᠭᠡᠪᠡᠴᠦᠠᠮᠠᠷᠠᠭ ᠤᠨ ᠳᠡᠷ᠎ᠡ ᠡᠵᠡᠭᠦᠢᠠᠨᠢᠰᠬ᠎ᠠ ᠮᠢᠨᠢ ᠴᠢᠭᠢᠭᠳᠦᠨ ᠲᠠᠭᠠᠭᠦᠢᠠᠮᠢᠰᠬᠤᠭ᠎ᠠ ᠰᠦᠯᠡᠯᠳᠡᠬᠦ  ᠬᠠᠨᠢ ᠦᠭᠡᠢᠭᠠᠭᠴᠠᠭᠠᠷᠳᠠᠯ ᠤᠨ ᠶᠡᠭᠡ ᠵᠤᠪᠠᠯᠠᠩ ᠢᠭᠠᠰᠠᠯᠠᠩᠲᠤ ᠵᠢᠷᠦᠬᠡᠨ᠎ᠡ ᠲᠡᠭᠡᠭᠡᠵᠦᠤᠷᠴᠢᠯᠠᠩ ᠳᠤ ᠦᠭᠡᠢ ᠴᠢᠮᠠᠶᠢ ᠪᠠᠨ ᠤᠳᠤ ᠴᠦ ᠪᠢ ᠦᠭᠡᠶᠢᠯᠡᠵᠦ ᠶᠠᠪᠤᠨ᠎ᠠᠲᠡᠷᠭᠡᠯ ᠰᠠᠷᠠ ᠲᠠᠢ ᠬᠠᠨᠢᠰᠠᠨᠲᠡᠭᠡᠭᠡᠷ᠎ᠡ ᠲᠠᠢ ᠭᠤᠨᠢᠭ ᠢᠶᠠᠨ ᠵᠠᠯᠭᠢᠨᠲᠡᠮᠳᠡᠭᠷᠡᠬᠦ ᠦᠦᠷ ᠢᠶᠠᠷ ᠵᠡᠭᠦᠷᠮᠡᠭᠯᠡᠵᠦᠲᠡᠨᠳᠡ ᠯᠡ ᠴᠢᠮ᠎ᠠ ᠲᠠᠢ ᠪᠠᠨ ᠤᠴᠠᠷᠠᠳᠠᠭ ᠁ᠤᠷᠬᠢᠭᠠᠳ ᠤᠳᠤᠭᠰᠠᠨ ᠴᠢᠨᠦᠬᠠᠶᠢᠷ᠎ᠠ᠂ ᠪᠡᠶ᠎ᠡ ᠬᠤᠶᠠᠷ ᠢᠤᠳᠤ ᠪᠢ ᠡᠷᠢᠭᠡᠳ᠂ ᠡᠷᠢᠭᠡᠳᠬᠠᠮᠢᠭ᠎ᠠ ᠠᠴᠠ ᠴᠦ ᠤᠯᠬᠤ ᠦᠭᠡᠢ ᠡ︕ᠵᠦᠪᠬᠡᠨ ᠳᠤᠷᠠᠳᠬᠠᠯ ᠠᠴᠠ ᠪᠠᠨ ᠬᠠᠶᠢᠵᠤᠵᠦᠩ ᠰᠤᠪᠢᠩ ᠢᠶᠠᠷ ᠢᠶᠠᠨ ᠤᠴᠠᠷᠠᠵᠤᠵᠦᠭ ᠢᠶᠠᠨ ᠤᠯᠬᠤ ᠦᠭᠡᠢ ᠲᠦᠭᠡᠷᠢᠭᠰᠡᠨᠵᠢᠷᠦᠬᠡ ᠪᠠᠨ ᠯᠡ ᠠᠷᠭᠠᠳᠠᠵᠤ ᠰᠠᠭᠤᠨ᠎ᠠ ᠳ᠋ᠠ᠃
 
ᠢᠷᠡᠯᠲᠡ᠄ ︽ᠱ᠊᠂ ᠳᠤᠯᠮ᠎ᠠ ᠶᠢᠨ ᠵᠤᠬᠢᠶᠠᠯ ᠤᠨ ᠲᠡᠭᠦᠪᠦᠷᠢ 2︾ ᠨᠤᠮ ᠠᠴᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号