ᠡᠬᠡ ᠤᠷᠤᠨ ᠳᠠᠭᠠᠨ
ᠨᠡᠶᠢᠲᠡᠯᠡᠭᠰᠡᠨ ᠴᠠᠭ᠄
2019-03-06
ᠳ᠋᠊᠂ ᠤᠷᠢᠶᠠᠩᠬᠠᠢᠮᠤᠭᠠᠢ ᠠᠲᠤᠷᠢᠬᠤ ᠪᠠᠨ ᠬᠦᠮᠦᠨ ᠠᠴᠠ ᠰᠤᠷᠤᠭ᠎ᠠ ᠦᠭᠡᠢ ᠰᠢᠭᠨᠤᠬᠠᠢ ᠬᠤᠴᠠᠬᠤ ᠪᠠᠨ ᠬᠦᠮᠦᠨ ᠠᠴᠠ ᠰᠤᠷᠤᠭ᠎ᠠ ᠦᠭᠡᠢ ᠰᠢᠭᠮᠤᠶᠢᠯ ᠤᠨ ᠴᠡᠴᠡᠭ ᠦᠷ᠎ᠡ ᠲᠦᠷᠦᠵᠦ ᠤᠨᠠᠬᠤ ᠪᠠᠨ ᠬᠦᠮᠦᠨ ᠠᠴᠠ ᠰᠤᠷᠤᠭ᠎ᠠ ᠦᠭᠡᠢ ᠰᠢᠭᠰᠠᠨᠰᠠᠷ ᠤᠨ ᠬᠤᠮᠠᠬᠢ ᠳᠡᠯᠡᠬᠡᠢ ᠡᠭᠦᠰᠬᠡᠵᠦ ᠰᠠᠷᠨᠢᠬᠤ ᠪᠠᠨ ᠬᠦᠮᠦᠨ ᠠᠴᠠ ᠰᠤᠷᠤᠭ᠎ᠠ ᠦᠭᠡᠢ ᠰᠢᠭᠡᠬᠡ ᠤᠷᠤᠨ ᠢᠶᠠᠨ ᠬᠠᠶᠢᠷᠠᠯᠠᠬᠤ ᠪᠠᠨ ᠬᠦᠮᠦᠨ ᠠᠴᠠ ᠰᠤᠷᠤᠭ᠎ᠠ ᠦᠭᠡᠢ ᠡ᠂ ᠪᠢᠨᠤᠮᠤᠨ ᠨᠦᠬᠡ ᠤᠬᠤᠬᠤ ᠪᠠᠨ ᠬᠦᠮᠦᠨ ᠠᠴᠠ ᠰᠤᠷᠤᠭ᠎ᠠ ᠦᠭᠡᠢ ᠰᠢᠭᠬᠤᠯᠠᠨ ᠡᠯᠡᠰᠦᠨ ᠳᠤ ᠬᠠᠲᠤᠷᠢᠬᠤ ᠪᠠᠨ ᠬᠦᠮᠦᠨ ᠠᠴᠠ ᠰᠤᠷᠤᠭ᠎ᠠ ᠦᠭᠡᠢ ᠰᠢᠭᠵᠤᠯᠠ ᠶᠢᠨ ᠭᠡᠭᠡ ᠦᠭᠡᠳᠡ ᠪᠠᠨ ᠵᠦᠮᠪᠦᠷᠯᠡᠬᠦ ᠪᠠᠨ ᠬᠦᠮᠦᠨ ᠠᠴᠠ ᠰᠤᠷᠤᠭ᠎ᠠ ᠦᠭᠡᠢ ᠰᠢᠭᠭᠡᠷᠡᠯ ᠤᠨ ᠬᠤᠷᠳᠤ ᠤᠭᠲᠠᠷᠭᠤᠢ ᠲᠤᠭᠤᠯᠬᠤ ᠪᠠᠨ ᠬᠦᠮᠦᠨ ᠠᠴᠠ ᠰᠤᠷᠤᠭ᠎ᠠ ᠦᠭᠡᠢ ᠰᠢᠭᠡᠬᠡ ᠤᠷᠤᠨ ᠢᠶᠠᠨ ᠬᠠᠶᠢᠷᠠᠯᠠᠬᠤ ᠪᠠᠨ ᠬᠦᠮᠦᠨ ᠠᠴᠠ ᠰᠤᠷᠤᠭ᠎ᠠ ᠦᠭᠡᠢ ᠡ᠂ ᠪᠢᠬᠢᠯᠢᠨᠴᠡᠲᠦ ᠠᠭᠠᠯᠵᠢ ᠠᠭᠤᠷᠤᠨ ᠳᠠᠭᠠᠨ ᠪᠡᠶ᠎ᠡ ᠪᠠᠨ ᠬᠦᠨᠦᠭᠡᠳᠡᠭ ᠰᠢᠭᠬᠡᠷᠡᠭ ᠪᠠᠭ᠎ᠠ ᠲᠠᠢ ᠲᠡᠨᠡᠭ ᠦᠷᠡᠰ ᠲᠡᠭᠡᠨ ᠠᠭᠤᠷ ᠳᠦᠷᠡᠯᠵᠡᠬᠦ ᠳᠡᠭᠡᠨ ᠬᠡᠯᠡᠨ ᠤ ᠪᠠᠨ ᠤᠪᠢᠳᠠᠰ ᠢ ᠮᠠᠷᠲᠠᠨ᠂ ᠬᠠᠷ᠎ᠠ ᠬᠠᠷᠢᠶᠠᠯ ᠤᠷᠤᠰᠬᠠᠵᠤᠦᠴᠢᠭ ᠰᠤᠨᠤᠰᠤᠯ ᠦᠭᠡᠢ ︽ᠲᠤᠤᠷ︾ ᠲᠤ ᠬᠠᠲᠠᠭᠠᠮᠠᠷ ᠰᠠᠨᠠᠭᠳᠠᠳᠠᠭ ᠴᠦᠡᠭᠦᠷ ᠢᠶᠠᠨ ᠡᠷᠭᠢᠬᠦ ᠦᠯᠢ ᠬᠦᠷᠡᠩ ᠪᠦᠷᠭᠦᠳᠦᠷ᠎ᠡ ᠪᠠᠨ ᠦᠮᠦᠭᠯᠡᠨ᠂ ᠲᠡᠭᠷᠢ ᠶᠢᠨ ᠭᠦᠨ ᠠᠴᠠ ᠱᠤᠩᠭᠤᠬᠤ ᠶᠢᠨ ᠠᠳᠠᠯᠢᠦᠷᠦ ᠪᠠᠨ ᠦᠮᠦᠯᠦᠨ ᠲᠡᠳᠡᠨ ᠢ ᠪᠠᠨ ᠯᠡ ᠬᠠᠶᠢᠷᠠᠯᠠᠵᠤᠪᠤᠰᠤᠳ ᠠᠴᠠ ᠪᠦᠷᠭᠦᠳ ᠮᠡᠲᠦ ᠦᠮᠦᠭᠡᠷᠡᠵᠦᠮᠤᠤᠷ ᠪᠠᠭᠠᠰᠤ ᠪᠠᠨ ᠨᠢᠭᠤᠨ ᠪᠤᠯᠠᠳᠠᠭ ᠰᠢᠭ᠋ᠮᠠᠭᠤᠬᠠᠢ ᠶᠢ ᠴᠢᠨᠢ ᠪᠤᠷᠬᠠᠨ ᠠᠴᠠ ᠴᠦ ᠨᠢᠭᠤᠨᠬᠠᠶᠢᠷᠠᠯᠠᠬᠤ ᠪᠠᠨ ᠬᠦᠮᠦᠨ ᠠᠴᠠ ᠰᠤᠷᠤᠭ᠎ᠠ ᠦᠭᠡᠢ ᠶᠢᠨ ᠤᠴᠢᠷᠬᠠᠯᠠᠭᠤᠨ ᠠᠮᠢ ᠪᠠᠷ ᠢᠶᠠᠨ ᠬᠠᠮᠠᠭᠠᠯᠠᠬᠤ ᠪᠠᠨ ᠴᠦᠬᠦᠮᠦᠨ ᠢᠶᠠᠷ ᠵᠢᠭᠠᠯᠭᠠᠳᠠᠭ ᠦᠭᠡᠢ ᠡ᠂ ᠡᠬᠡ ᠤᠷᠤᠨ ᠮᠢᠨᠢ︕
 
ᠢᠷᠡᠯᠲᠡ᠄ ᠳ᠋᠊᠂ ᠤᠷᠢᠶᠠᠩᠬᠠᠢ ᠶᠢᠨ ︽ᠤᠭᠲᠤᠯᠤᠯᠴᠠᠬᠤᠢ︾ ᠨᠤᠮ ᠠᠴᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号