| | ᠨᠠᠶᠢᠷᠠᠭᠤᠯᠤᠬᠴᠢ ᠶᠢᠨ ᠦᠬᠡ᠄ | 10 ᠰᠠᠷ᠎ᠠ ᠶᠢᠨ 14 ᠤ ᠡᠳᠦᠷ᠂ ᠪ᠊ · ᠪᠦᠷᠢᠨᠪᠠᠬᠢ ᠶᠢᠨ ᠮᠡᠨᠳᠦᠯᠡᠭᠰᠡᠨ 90 ᠵᠢᠯ ᠤᠨ ᠤᠢ ᠶᠢ | ᠳᠤᠷᠠᠰᠬᠠᠬᠤ ᠵᠢᠴᠢ ᠮᠤᠩᠭᠤᠯ ᠰᠢᠯᠦᠭ ᠵᠦᠢ ᠰᠤᠳᠤᠯᠤᠯ ᠤᠨ ᠡᠷᠳᠡᠮ ᠰᠢᠨᠵᠢᠯᠡᠭᠡᠨ ᠤ ᠬᠤᠷᠠᠯ ᠦᠪᠦᠷ ᠮᠤᠩᠭᠤᠯ ᠤᠨ | ᠶᠡᠭᠡ ᠰᠤᠷᠭᠠᠭᠤᠯᠢ ᠳᠤ ᠶᠠᠪᠤᠭᠳᠠᠪᠠ᠃ ᠡᠷᠳᠡᠮ ᠰᠢᠨᠵᠢᠯᠡᠭᠡᠨ ᠤ ᠬᠤᠷᠠᠯ ᠳᠤ᠂ ᠦᠪᠦᠷ ᠮᠤᠩᠭᠤᠯ ᠤᠨ ᠶᠡᠭᠡ | ᠰᠤᠷᠭᠠᠭᠤᠯᠢ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ᠂ ᠪᠠᠷᠠᠭᠤᠨ ᠬᠤᠶᠢᠲᠤ ᠶᠢᠨ ᠦᠨᠳᠦᠰᠦᠲᠡᠨ ᠤ | ᠶᠡᠭᠡ ᠰᠤᠷᠭᠠᠭᠤᠯᠢ᠂ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ᠂ ᠦᠪᠦᠷ | ᠮᠤᠩᠭᠤᠯ ᠤᠨ ᠦᠨᠳᠦᠰᠦᠳᠡᠨ ᠤ ᠶᠡᠭᠡ ᠰᠤᠷᠭᠠᠭᠤᠯᠢ ᠵᠡᠷᠬᠡ ᠤᠷᠤᠨ ᠤ ᠳᠤᠲᠤᠨ᠎ᠠ ᠭᠠᠳᠠᠨᠠᠬᠢ 20 ᠭᠠᠷᠤᠢ | ᠡᠷᠳᠡᠮᠲᠡᠨ ᠰᠤᠳᠤᠯᠭᠠᠳᠠᠨ ᠪ᠊ · ᠪᠦᠷᠢᠨᠪᠠᠬᠢ ᠪᠠᠭᠰᠢᠳᠠᠨ ᠤ ᠮᠤᠩᠭᠤᠯ ᠰᠢᠯᠦᠭ ᠵᠦᠢ ᠶᠢᠨ ᠤᠨᠤᠯ ᠤᠨ | ᠴᠤᠬᠴᠠᠯᠠᠯᠳᠠ ᠳᠤ ᠦᠵᠡᠬᠦᠯᠦᠭᠰᠡᠨ ᠭᠠᠪᠢᠶ᠎ᠠ ᠵᠢᠳᠬᠦᠯ ᠢ ᠰᠤᠳᠤᠯᠤᠨ ᠶᠠᠷᠢᠯᠴᠠᠵᠠᠭᠠᠵᠤ ᠡᠷᠳᠡᠮ ᠰᠢᠨᠵᠢᠯᠡᠭᠡᠨ ᠤ | ᠢᠯᠡᠳᠭᠡᠯ ᠬᠢᠭᠰᠡᠨ ᠪᠠᠶᠢᠨ᠎ᠠ᠃ ᠲᠤᠰ ᠳ᠋ᠤᠭᠠᠷ ᠲᠠᠭᠠᠨ ᠬᠡᠰᠡᠭ ᠡᠷᠳᠡᠮᠳᠡᠨ ᠰᠤᠳᠤᠯᠭᠠᠳᠠᠳ ᠤᠨ ᠶᠠᠷᠢᠶ᠎ᠠ ᠠᠴᠠ | ᠲᠤᠪᠴᠢᠯᠠᠨ ᠨᠡᠶᠢᠳᠡᠯᠡᠵᠤ ᠤᠩᠰᠢᠬᠴᠢ ᠤᠯᠠᠨ ᠲᠠᠢ ᠪᠠᠨ ᠬᠤᠪᠢᠶᠠᠯᠴᠠᠵᠤ ᠪᠠᠶᠢᠨ᠎ᠠ᠃ | ᠠ᠊ · ᠡᠷᠳᠡᠨᠢᠪᠠᠶᠠᠷ᠄ ᠪ᠊ · ᠪᠦᠷᠢᠨᠪᠠᠬᠢ ᠶᠢᠨ ᠵᠤᠷᠢᠭ ᠰᠠᠨᠠᠭ᠎ᠠ ᠪᠤᠶᠤ ᠮᠤᠩᠭᠤᠯ ᠰᠤᠳᠤᠯᠤᠯ ᠤᠨ | ᠰᠢᠨᠵᠢᠯᠡᠬᠡᠨ ᠤ ᠴᠤᠬᠴᠠᠯᠠᠯᠳᠠ | ᠲᠡᠭᠡᠷ᠎ᠡ ᠵᠠᠭᠤᠨ ᠤ ᠨᠠᠶᠠᠭᠠᠳ ᠤᠨ ᠭᠡᠭᠴᠢ ᠲᠤᠷᠠᠳᠬᠠᠨ ᠲᠡᠮᠳᠡᠭᠯᠡᠬᠦᠰᠢᠳᠡᠢ ᠤᠨ ᠵᠢᠯ ᠪᠠᠶᠢᠭᠰᠠᠨ᠂ | ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠨᠤᠮ ᠤᠨ ᠠᠭᠠᠷ ᠲᠤ ᠴᠡᠩᠭᠡᠯᠳᠡᠢ᠂ ᠪ᠊ · ᠪᠦᠷᠢᠨᠪᠠᠬᠢ᠂ ᠪ᠊ · | ᠭᠡᠷᠡᠯᠲᠤ ᠮᠡᠳᠦ ᠶᠢᠨ ᠡᠷᠳᠡᠮᠳᠡᠨ ᠪᠠᠭᠰᠢ ᠨᠠᠷ ᠨᠠᠷᠠᠨ ᠰᠠᠷᠠᠨ ᠮᠡᠳᠦ ᠬᠡᠷᠡᠯᠳᠦᠨ ᠡᠷᠳᠡᠮ ᠤᠨ ᠬᠤᠷ᠎ᠡ ᠲᠦᠬᠡᠬᠡᠵᠥ᠂ | ᠤᠬᠠᠭᠠᠨ ᠪᠢᠯᠢᠭ ᠢ ᠬᠤᠷᠴᠠᠯᠠᠵᠤ ᠪᠠᠶᠢᠭᠰᠠᠨ ᠪᠦᠬᠡᠳ ᠲᠡᠳᠡᠬᠡᠷ ᠨᠢ ᠮᠠᠨ ᠤ ᠨᠠᠰᠤᠨ ᠲᠤᠷᠰᠢᠳᠠ ᠶᠢᠨ ᠰᠢᠮ᠎ᠡ | ᠲᠡᠵᠢᠬᠡᠯ ᠪᠤᠯᠤᠭᠰᠠᠨ ᠶᠤᠮ᠃ ᠡᠬᠦᠨ ᠳᠤ ᠲᠤᠷᠠᠳᠤᠭᠤᠰᠢᠳᠠᠢ ᠨᠢᠬᠡᠨ ᠵᠥᠢᠯ ᠬᠡᠪᠡᠯ ᠪ᠊ · ᠪᠦᠷᠢᠨᠪᠠᠬᠢ ᠪᠠᠭᠰᠢ ᠶᠢᠨ | ᠵᠤᠷᠢᠭ ᠰᠠᠨᠠᠭ᠎ᠠ ᠪᠤᠯᠤᠨ᠎ᠠ᠃ | ᠦᠨᠡᠨ ᠰᠠᠶᠢᠨ ᠰᠠᠶᠢᠬᠠᠨ ᠢ ᠮᠠᠭᠲᠠᠨ ᠳᠠᠭᠤᠯᠠᠬᠤ ᠵᠤᠷᠢᠭ ᠰᠠᠨᠠᠭ᠎ᠠ᠃ ᠰᠢᠨ᠎ᠠ ᠬᠠᠭᠤᠴᠢᠨ ᠨᠡᠶᠢᠬᠡᠮ ᠤᠨ | ᠬᠠᠷ᠎ᠠ ᠴᠠᠭᠠᠨ ᠢ ᠨᠢᠳᠤ ᠪᠠᠷ ᠦᠵᠡᠵᠥ ᠪᠡᠶ᠎ᠡ ᠪᠠᠷ ᠲᠤᠭᠤᠯᠤᠭᠰᠠᠨ ᠤ ᠬᠤᠪᠢ ᠳᠤ ᠪᠦᠷᠢᠨᠪᠠᠬᠢ ᠪᠠᠭᠰᠢ ᠡᠪ ᠬᠠᠮᠳᠤ | ᠨᠠᠮ ᠤᠨ ᠡᠨᠡᠷᠢᠯ ᠬᠠᠶᠢᠷ᠎ᠠ᠂ ᠠᠴᠢ ᠭᠠᠪᠢᠶ᠎ᠠ ᠶᠢ ᠡᠪᠦᠯ ᠤᠨ ᠡᠬᠡᠯᠢᠳᠦ ᠨᠠᠷᠠᠨ ᠤ ᠬᠡᠷᠡᠯ ᠲᠠᠢ ᠵᠥᠢᠷᠯᠡᠨ ᠤᠷᠬᠢᠯᠤᠮ᠎ᠠ | ᠴᠠᠯᠬᠢᠮ᠎ᠠ ᠬᠠᠶᠢᠷ᠎ᠠ ᠰᠡᠳᠬᠢᠯᠬᠡ ᠪᠠᠨ ᠰᠢᠯᠥᠭ ᠨᠠᠶᠢᠷᠠᠭ ᠲᠠᠭᠠᠨ ᠠᠭᠤᠰᠬᠠᠨ ᠰᠢᠨ᠎ᠡ ᠴᠠᠭ ᠦᠶ᠎ᠡ᠂ ᠰᠢᠨ᠎ᠡ | ᠠᠮᠢᠳᠤᠷᠠᠯ ᠤᠨ ᠲᠤᠬᠠᠢ ᠰᠡᠳᠭᠢᠯ ᠤᠨ ᠳᠠᠭᠤᠨ ᠢᠶᠠᠨ ᠬᠠᠩᠭᠢᠨᠠᠲᠠᠯ᠎ᠠ ᠤᠶᠠᠩᠭᠠᠯᠠᠵᠤ᠂ ᠠᠷᠠᠳ ᠲᠦᠮᠡᠨ ᠤ ᠪᠠᠨ | ᠬᠦᠰᠡᠯ ᠮᠦᠷᠦᠭᠡᠳᠦᠯ ᠤᠨ ᠵᠤᠷᠢᠭ ᠰᠠᠨᠠᠭ᠎ᠠ ᠶᠢ ᠢᠯᠡᠷᠡᠭᠦᠯᠵᠦ ᠪᠠᠶᠢᠵᠠᠢ᠃ ︽ᠰᠡᠳᠬᠢᠯ ᠪᠠ ᠰᠦ︾ ᠂ ︽ᠠᠮᠢᠯᠠᠯ ᠤᠨ | ᠪᠡᠯᠬᠡᠳᠣ ᠴᠡᠴᠡᠭ︾ ᠵᠡᠷᠭᠡ ᠤᠶᠠᠩᠭ᠎ᠠ ᠶᠢᠨ ᠰᠢᠯᠦᠭ᠂ ︽ᠡᠪᠤᠯ ᠤᠨ ᠲᠤᠳᠤᠷ᠎ᠠ ᠬᠠᠪᠤᠷ︾ ᠂ ︽ᠮᠦᠩᠬᠦᠨ | ᠲᠡᠯᠡᠬᠡᠢ ᠶᠢᠨ ᠡᠵᠡᠳ︾ ᠵᠡᠷᠬᠡ ᠵᠠᠳᠠᠭᠠᠢ ᠰᠢᠯᠦᠭ᠂ ︽ᠯᠤᠤᠰ ᠤᠨ ᠬᠠᠳ ᠤᠨ ᠬᠤᠷᠢᠮ︾ ᠂ ︽ᠨᠡᠷᠡᠨ ᠬᠡᠷᠡᠯ ᠤᠨ | ᠬᠡᠤᠬᠡᠳ︾ ᠵᠡᠷᠬᠡ ᠬᠦᠤᠷᠨᠢᠯ ᠰᠢᠯᠦᠭ ᠤᠳ ᠨᠢ ᠰᠠᠶᠢᠨ ᠰᠠᠶᠢᠬᠠᠨ ᠢ ᠤᠶᠠᠩᠭᠠᠯᠠᠨ ᠲᠠᠭᠤᠯᠠᠬᠤ ᠪᠠ ᠮᠠᠭᠤ | ᠮᠠᠭᠤᠬᠠᠢ ᠶᠢ ᠲᠠᠰᠢᠭᠤᠷᠳᠠᠨ ᠪᠤᠷᠤᠭᠤᠰᠢᠶᠠᠬᠤ ᠦᠵᠡᠯ ᠰᠡᠳᠬᠢᠯᠬᠡᠨ ᠤ ᠴᠢᠭᠯᠡᠯ ᠪᠠ ᠤᠪᠤᠷ ᠵᠤᠬᠰᠤᠯᠳᠠ ᠬᠤᠷᠴᠡ | ᠲᠤᠳᠤᠷᠬᠠᠢ ᠪᠠᠶᠢᠯ᠎ᠠ᠃ | ᠤᠯᠠᠮᠵᠢᠯᠠᠯ ᠢᠶᠠᠨ ᠵᠠᠯᠭᠠᠮᠵᠢᠯᠠᠵᠦ ᠰᠢᠨ᠎ᠡ ᠶᠢ ᠡᠬᠦᠳᠬᠦ ᠵᠤᠷᠢᠭ ᠰᠠᠨᠠᠭ᠎ᠠ᠃ ᠪᠦᠷᠢᠨᠪᠠᠬᠢ ᠪᠠᠭᠰᠢ ᠰᠢᠯᠥᠭ | ᠪᠢᠴᠢᠵᠤ ᠮᠤᠩᠭᠤᠯ ᠰᠢᠯᠥᠭ ᠵᠥᠢ ᠶᠢᠨ ᠤᠨᠤᠯ ᠤᠨ ᠴᠤᠭᠴᠠᠯᠠᠯ ᠳᠤ ᠪᠠᠯᠠᠷᠠᠰᠢ ᠦᠬᠡᠢ ᠵᠢᠳᠬᠦᠯ ᠦᠵᠡᠬᠦᠯᠵᠤ᠂ | ᠤᠳᠤ ᠦᠶ᠎ᠡ ᠶᠢᠨ ᠮᠤᠩᠭᠤᠯ ᠤᠷᠠᠨ ᠵᠤᠬᠢᠶᠠᠯ ᠤᠨ ᠦᠨᠳᠦᠰᠦᠯᠡᠭᠴᠢ᠂ ᠰᠠᠭᠤᠷᠢᠯᠠᠭᠴᠢ ᠶᠢᠨ ᠲᠤᠮᠤ ᠠᠯᠳᠠᠷ ᠢ | ᠪᠠᠷᠳᠠᠮ ᠲᠤᠰᠤᠭᠰᠠᠨ ᠶᠤᠮ᠃ ᠲᠡᠷᠡ ᠤᠶᠠᠩᠭ᠎ᠠ ᠶᠢᠨ ᠰᠢᠯᠥᠭ ᠢᠶᠠᠷ ᠢᠶᠠᠨ ᠮᠤᠩᠭᠤᠯ ᠢᠷᠠᠭᠤ ᠨᠠᠶᠢᠷᠠᠭ ᠤᠨ ᠨᠤᠶᠠᠨ | ᠰᠠᠷᠢᠳᠠᠭ ᠪᠤᠯᠤᠭᠰᠠᠨ ᠲᠡᠳᠦᠢ ᠦᠬᠡᠢ᠂ ᠮᠤᠩᠭᠤᠯ ᠵᠠᠳᠠᠭᠠᠢ ᠰᠢᠯᠥᠭ ᠬᠡᠮᠡᠬᠦ ᠰᠢᠨ᠎ᠡ ᠲᠢᠭ ᠮᠠᠶ᠋ᠢᠭ ᠢ ᠡᠬᠦᠳᠴᠦ᠂ ︽ | ᠡᠪᠦᠯ ᠤᠨ ᠲᠤᠳᠤᠷ᠎ᠠ ᠬᠠᠪᠤᠷ︾ ᠢᠶᠠᠷ ᠢᠶᠠᠨ ᠵᠠᠳᠠᠭᠠᠢ ᠰᠢᠯᠥᠭ ᠤᠨ ᠨᠢᠷᠠᠢ ᠵᠢᠰᠦ ᠶᠢ ᠮᠤᠩᠭᠤᠯ ᠰᠢᠯᠦᠭ ᠤᠨ | ᠬᠠᠭᠤᠳᠠᠰᠤᠨ ᠳᠤ ᠰᠤᠨᠤᠷᠳᠠᠭᠤᠯᠤᠨ᠂ ︽ᠮᠥᠩᠬᠦᠨ ᠲᠡᠯᠡᠬᠡᠢ ᠶᠢᠨ ᠡᠵᠡᠳ︾ ᠮᠥᠴᠡᠯᠬᠡ ᠪᠠᠷ ᠢᠶᠠᠨ ᠴᠠᠭ | ᠦᠶ᠎ᠡ ᠶᠢᠨ ᠰᠤᠩᠭᠤᠳᠠᠭ ᠬᠡᠪ ᠵᠠᠭᠪᠤᠷ ᠢ ᠱᠤᠭᠤᠨ ᠪᠦᠳᠦᠬᠡᠭᠰᠡᠨ ᠪᠠᠶᠢᠳᠠᠭ᠃ ︽ᠴᠢᠯᠦᠭᠡᠲᠦ ᠠᠮᠢᠳᠤᠷᠠᠯ᠂ | ᠴᠢᠯᠦᠭᠡᠲᠦ ᠳᠤᠷᠠᠯᠠᠯ᠂ ᠴᠢᠯᠦᠭᠡᠲᠦ ᠤᠷᠤᠭ︾ ᠠᠴᠠ ︽ᠡᠷᠲᠡ ᠵᠤᠯᠭᠠᠷᠠᠭᠰᠠᠨ ᠰᠢᠯᠦᠭ ᠤᠨ ᠠᠪᠢᠶᠠᠰ︾ ᠬᠦᠷᠳᠡᠯᠡᠬᠢ | ᠰᠢᠯᠦᠭ ᠪᠦᠳᠦᠬᠡᠯ ᠤᠨ ᠰᠢᠬᠦᠮᠵᠢᠯᠡᠯ᠂ ︽ᠤᠶᠠᠩᠭ᠎ᠠ ᠶᠢᠨ ᠡᠷᠢᠯᠴᠢᠨ ᠤ ᠲᠡᠮᠳᠡᠭᠯᠡᠯ︾ ᠠᠴᠠ ︽ᠵᠦᠩ ᠮᠡᠳᠡᠷᠡᠬᠦᠢ | ᠰᠢᠯᠦᠭ ᠵᠦᠢ︾ ᠬᠦᠷᠳᠡᠯᠡᠬᠢ ᠲᠤᠭᠤᠷᠪᠢᠯ ᠲᠤᠷᠰᠢᠯᠭ᠎ᠠ ᠶᠢᠨ ᠳ᠋ᠦᠩᠨᠡᠯ᠂ ︽ᠮᠣᠩᠭᠤᠯ ᠰᠢᠯᠦᠭ ᠤᠨ ᠭᠤᠸ᠎ᠠ | ᠵᠦᠢ ᠶᠢᠨ ᠲᠡᠦᠬᠡᠴᠢᠯᠡᠭᠰᠡᠨ ᠲᠥᠯᠥᠪ︾ ᠠᠴᠠ ︽ᠮᠣᠩᠭᠤᠯ ᠪᠠᠭᠠᠲᠤᠷᠯᠢᠭ ᠲᠤᠤᠯᠢᠰ ᠤᠨ ᠰᠢᠯᠦᠭ ᠵᠦᠢ︾ | ᠬᠦᠷᠳᠡᠯᠡᠬᠢ ᠰᠢᠯᠦᠭ ᠵᠦᠢ ᠶᠢᠨ ᠴᠤᠭᠴᠠᠯᠠᠯ ᠢᠶᠠᠷ ᠮᠤᠩᠭᠤᠯ ᠢᠷᠠᠭᠤ ᠨᠠᠶᠢᠷᠠᠭ ᠤᠨ ᠤᠨᠤᠯ ᠤᠨ ᠬᠦᠬᠡ ᠠᠰᠡᠷ ᠢ | ᠲᠤᠯᠭᠠᠭᠤᠷᠢᠯᠠᠨ ᠪᠤᠰᠬᠠᠵᠤ᠂ ᠮᠤᠩᠭᠤᠯ ᠰᠢᠯᠦᠭ ᠵᠦᠢ ᠶᠢᠨ ᠰᠣᠳᠣᠯᠭᠠᠨ ᠢ ᠲᠡᠯᠡᠬᠡᠢ ᠶᠢᠨ ᠬᠤᠰᠢᠭᠤᠴᠢ ᠡᠩᠨᠡᠬᠡᠨ ᠳᠤ | ᠬᠦᠷᠳᠡᠯ᠎ᠡ ᠦᠨᠳᠣᠷᠵᠢᠬᠦᠯᠤᠨ ᠲᠡᠬᠡᠭᠰᠢᠯᠡᠬᠦᠯᠤᠭ᠍ᠰᠡᠨ ᠪᠠᠶᠢᠳᠠᠭ᠃ | ᠡᠬᠡ ᠰᠤᠶᠤᠯ ᠢᠶᠠᠨ ᠲᠡᠭᠡᠳᠦᠯᠡᠬᠦ ᠪᠤᠶᠤ ᠦᠨᠳᠦᠰᠦᠲᠡᠨᠴᠢᠯᠡᠬᠦ ᠵᠤᠷᠢᠭ ᠰᠠᠨᠠᠭ᠎ᠠ᠃ ᠡᠷᠳᠡᠮᠳᠡᠨ ᠪᠠᠭᠰᠢ ᠶᠢᠨ | ᠤᠯᠠᠨ ᠵᠤᠬᠢᠶᠠᠯ ᠪᠦᠳᠦᠬᠡᠯ ᠨᠢᠬᠡ ᠯᠠ ᠵᠢᠰᠦ᠂ ᠨᠢᠬᠡ ᠯᠠ ᠠᠮᠢᠰᠬᠤᠭ᠎ᠠ ᠲᠠᠢ᠂ ᠲᠠᠷᠤᠢ ᠪᠤᠰᠤᠭ᠎ᠠ ᠮᠤᠩᠭᠤᠯ | ᠦᠰᠦᠭ ᠢᠶᠠᠷ ᠬᠡᠯᠬᠢᠭᠳᠡᠵᠥ ᠡᠬᠡ ᠬᠡᠯᠡ ᠪᠠᠷ ᠵᠤᠬᠢᠶᠠᠨ ᠪᠦᠳᠦᠬᠡᠭᠳᠡᠭᠰᠡᠨ ᠪᠠᠶᠢᠳᠠᠭ᠃ ᠲᠡᠷᠡ ︽ᠡᠬᠡ ᠬᠡᠯᠡᠨ ᠳᠡᠭᠡᠨ | ᠠᠮᠢᠰᠬᠤᠭ᠎ᠠ ᠵᠠᠯᠭᠠᠬᠤ︾ ᠬᠡᠮᠡᠨ ᠪᠤᠰᠤᠭ᠎ᠠ ᠮᠤᠩᠭᠤᠯ ᠦᠰᠦᠭ ᠢᠶᠠᠷ ᠢᠶᠠᠨ ᠵᠤᠬᠢᠶᠠᠨ ᠪᠦᠲᠦᠭᠡᠬᠦ ᠵᠠᠷᠴᠢᠮ ᠢ ᠴᠢᠩᠭ᠎ᠠ | ᠪᠠᠷᠢᠮᠲᠠᠯᠠᠵᠦ ᠰᠢᠯᠦᠭ ᠲᠤᠭᠤᠷᠪᠢᠯ᠂ ᠤᠨᠤᠯ ᠰᠢᠬᠦᠮᠵᠢᠯᠡᠯ ᠠᠯᠢᠨ ᠢ ᠴᠤ ᠮᠤᠩᠭᠤᠯ ᠢᠶᠠᠷ ᠢᠶᠠᠨ ᠪᠢᠴᠢᠳᠡᠭ ᠢᠶᠠᠷ | ᠪᠠᠷᠠᠬᠤ ᠦᠬᠡᠢ ᠡᠬᠡ ᠰᠤᠶᠤᠯ ᠢᠶᠠᠨ ᠲᠡᠭᠡᠳᠦᠯᠡᠬᠦ ᠵᠤᠷᠢᠭ ᠰᠠᠨᠠᠭ᠎ᠠ ᠲᠡᠬᠦᠨ ᠤ ᠬᠢᠴᠢᠶᠡᠯ ᠬᠦᠮᠦᠵᠢᠯ᠂ ᠵᠢᠭᠠᠨ | ᠰᠣᠷᠭᠠᠯᠳᠠ᠂ ᠡᠷᠳᠡᠮ ᠰᠢᠨᠵᠢᠯᠡᠭᠡ ᠵᠡᠷᠬᠡ ᠪᠦᠬᠦ ᠵᠦᠢᠯ ᠳᠤ ᠡᠷᠴᠢᠮᠳᠠᠢ ᠲᠤᠭᠤᠰᠢᠯᠠᠭᠳᠠᠵᠤ ᠢᠷᠡᠭᠰᠡᠨ ᠶᠤᠮ᠃ | ᠲᠡᠬᠦᠨ ᠤ ᠰᠢᠯᠦᠭ ᠵᠦᠢ ᠶᠢᠨ ᠪᠦᠳᠦᠬᠡᠯ ᠳᠤ ᠤᠷᠠᠯᠢᠭ ᠤᠨ ᠤᠨᠤᠯ ᠰᠢᠬᠦᠮᠵᠢ ᠶᠢᠨ ᠨᠡᠷ᠎ᠡ ᠲᠤᠮᠢᠶ᠎ᠠ ᠶᠢ | ᠦᠨᠳᠣᠰᠣᠳᠡᠨᠴᠢᠯᠡᠬᠦ᠂ ᠦᠪᠡᠷ ᠤᠨ ᠤᠳᠠᠭᠠᠨ ᠵᠢᠯ ᠤᠨ ᠰᠢᠯᠦᠭ ᠲᠤᠭᠤᠷᠪᠢᠯ ᠤᠨ ᠲᠤᠷᠰᠢᠯᠭ᠎ᠠ ᠪᠠᠨ | ᠬᠤᠷᠢᠶᠠᠩᠭᠤᠶᠢᠯᠡᠨ ᠳ᠋ᠦᠩᠨᠡᠬᠦ᠂ ᠦᠨᠳᠣᠰᠣᠳᠡᠨ ᠤ ᠬᠡᠯᠡᠨ ᠤ ᠤᠷᠠᠯᠢᠭ ᠤᠨ ᠦᠢᠯᠡᠳᠣᠯᠬᠡ ᠠᠴᠠ ᠦᠨᠳᠣᠰᠣᠳᠡᠨ ᠤ | ᠬᠡᠯᠡᠨ ᠤ ᠤᠷᠠᠯᠢᠭ ᠤᠨ ᠤᠨᠤᠯ ᠢ ᠬᠤᠷᠢᠶᠠᠩᠭᠤᠶᠢᠯᠠᠨ ᠠᠪᠬᠤ ᠤᠶᠢᠭ᠎ᠠ ᠦᠬᠡᠢ ᠤᠷᠤᠯᠳᠤᠯᠭ᠎ᠠ ᠴᠦᠬᠦᠷᠡᠰᠢ ᠦᠬᠡᠢ | ᠴᠢᠷᠮᠠᠶᠢᠯᠭ᠎ᠠ ᠨᠡᠶᠢᠳᠡᠮ ᠲᠤᠭᠤᠰᠢᠯᠠᠭᠳᠠᠵᠤ ᠪᠠᠶᠢᠭᠰᠠᠨ ᠶᠤᠮ᠃ | ᠪ᠊ · ᠪᠦᠷᠢᠨᠪᠠᠬᠢ ᠪᠠᠭᠰᠢ ᠶᠢᠨ ᠮᠠᠨ ᠳᠤ ᠦᠯᠡᠳᠡᠬᠡᠭᠰᠡᠨ ᠤᠶᠤᠨ ᠤ ᠦᠪ ᠬᠦᠷᠦᠩᠬᠡ ᠲᠤᠭᠠᠯᠠᠰᠢᠬᠦᠢ | ᠤᠯᠠᠨ᠂ ᠮᠤᠩᠭᠤᠯ ᠰᠤᠳᠤᠯᠤᠯ ᠳᠤ ᠦᠵᠡᠬᠦᠯᠥᠭᠰᠡᠨ ᠨᠡᠮᠡᠷᠢ ᠬᠠᠨᠳᠢᠪ᠂ ᠵᠠᠯᠠᠭᠤ ᠨᠢᠬᠡ ᠦᠶ᠎ᠡ ᠶᠢᠨ ᠬᠢᠨ ᠳᠤ | ᠦᠯᠡᠳᠡᠬᠡᠵᠥ ᠦᠭᠬᠦᠭᠰᠡᠨ ᠵᠤᠷᠢᠭ ᠰᠠᠨᠠᠭ᠎ᠠ᠂ ᠮᠤᠩᠭᠤᠯ ᠰᠤᠳᠤᠯᠤᠯ ᠤᠨ ᠡᠩᠨᠡᠭᠡ ᠶᠢᠨ ᠵᠤᠷᠢᠭ ᠰᠠᠨᠠᠭᠠᠨ ᠤ ᠦᠪ | ᠬᠦᠷᠦᠩᠬᠡ ᠪᠤᠯᠵᠤ᠂ ᠮᠤᠩᠭᠤᠯ ᠰᠤᠳᠤᠯᠤᠯ ᠢᠶᠠᠨ ᠲᠡᠯᠡᠬᠡᠢ ᠶᠢᠨ ᠲᠡᠷᠢᠬᠦᠨ ᠤ ᠰᠢᠨᠵᠢᠯᠡᠬᠡᠨ ᠪᠤᠯᠭᠠᠨ ᠪᠠᠶᠢᠭᠤᠯᠬᠤ | ᠡᠷᠴᠢ ᠵᠤᠷᠢᠭ ᠢ ᠬᠦᠪᠴᠢᠯᠡᠬᠡᠳ ᠪᠠᠶᠢᠨ᠎ᠠ᠃ ᠪᠢᠳᠡ ᠦᠨᠡᠨ ᠪᠤᠳᠠᠳᠠᠢ ᠦᠷ᠎ᠡ ᠪᠦᠳᠦᠬᠡᠯ ᠢᠶᠠᠷ ᠢᠶᠠᠨ ᠮᠤᠩᠭᠤᠯ | ᠰᠤᠳᠤᠯᠤᠯ ᠤᠨ ᠰᠢᠨᠵᠢᠯᠡᠬᠡᠨ ᠢᠶᠠᠨ ᠨᠡᠩ ᠰᠠᠶᠢᠨ ᠴᠤᠭᠴᠠᠯᠠᠵᠤ᠂ ᠲᠡᠳᠡᠬᠡᠷ ᠰᠤᠶᠤᠯ ᠤᠨ ᠵᠢᠳᠬᠦᠯᠳᠡᠳ ᠤᠨ ᠢᠶᠠᠨ | ᠰᠡᠳᠬᠢᠯ ᠰᠠᠨᠠᠭ᠎ᠠ᠂ ᠬᠡᠬᠡᠨ ᠰᠦᠨᠡᠰᠦ ᠶᠢ ᠠᠮᠤᠷᠵᠢᠭᠤᠯᠬᠤ ᠬᠡᠷᠡᠭᠳᠡᠢ ᠪᠠᠶᠢᠨ᠎ᠠ᠃ ᠲᠡᠶᠢᠮᠥ ᠪᠢᠰᠢ ᠪᠤᠯ ᠮᠠᠨ ᠤ ᠡᠨᠡ | ᠡᠳᠦᠷ ᠤᠨ ᠲᠤᠷᠠᠳᠬᠠᠯ᠂ ᠮᠠᠷᠭᠠᠰᠢ ᠶᠢᠨ ᠡᠷᠬᠢᠴᠡᠬᠦᠯᠥᠯ ᠶᠠᠮᠠᠷ ᠴᠤ ᠤᠴᠢᠷ ᠤᠳᠬ᠎ᠠ ᠦᠬᠡᠢ ᠪᠤᠯᠤᠨ᠎ᠠ᠃ | ᠷᠢᠨᠴᠢᠨᠳᠤᠷᠵᠢ᠄ ᠪ᠊ · ᠪᠦᠷᠢᠨᠪᠠᠬᠢ ᠶᠢᠨ ᠰᠢᠯᠦᠭ ᠵᠦᠢ ᠰᠤᠳᠤᠯᠤᠯ ᠤᠨ ᠮᠦᠷᠳᠡᠯᠬᠡ | ᠪ᠊ · ᠪᠦᠷᠢᠨᠪᠠᠬᠢ ᠪᠤᠯ ᠮᠤᠩᠭᠤᠯ ᠰᠢᠯᠦᠭ ᠵᠦᠢ ᠰᠤᠳᠤᠯᠤᠯ ᠢ ᠡᠭᠦᠰᠭᠡᠨ ᠴᠤᠭᠴᠠᠯᠠᠬᠤ ᠰᠠᠭᠤᠷᠢ ᠶᠢ | ᠲᠠᠯᠪᠢᠬᠰᠡᠨ ᠡᠷᠳᠡᠮᠲᠡᠨ ᠰᠢᠯᠦᠭ ᠵᠦᠢᠴᠢ ᠶᠤᠮ᠃ ᠪ᠊ · ᠪᠦᠷᠢᠨᠪᠠᠬᠢ ᠶᠢᠨ ᠰᠢᠯᠦᠭ ᠵᠦᠢ ᠶᠢᠨ ᠰᠤᠳᠤᠯᠤᠯ ᠢ | ᠶᠡᠷᠦᠩᠭᠡᠶᠢᠯᠡᠨ ᠠᠵᠢᠬᠯᠠᠬᠤ ᠳᠤ᠂ ᠶᠡᠭᠡ ᠲᠦᠯᠦᠪ ᠭᠤᠷᠪᠠᠨ ᠳᠡᠭᠲᠡᠷᠯᠢᠭ ᠢᠶᠠᠷ ᠬᠦᠨᠵᠡᠭᠡᠶᠢᠷᠡᠨ᠂ ᠮᠤᠩᠭᠤᠯ ᠰᠢᠯᠦᠭ | ᠵᠦᠢ ᠶᠢ ᠰᠢᠰᠲ᠋ᠧᠮᠵᠢᠭᠦᠯᠦᠨ ᠰᠤᠳᠤᠯᠬᠤ ᠰᠢᠨ᠎ᠡ ᠡᠭᠦᠳᠦᠯᠲᠡ ᠶᠢ ᠨᠡᠭᠡᠭᠡᠭᠰᠡᠨ ᠶᠤᠮ᠃ | ᠨᠢᠬᠡ᠂ ᠰᠢᠯᠦᠭ ᠲᠤᠭᠤᠷᠪᠢᠯ ᠤᠨ ᠰᠤᠳᠤᠯᠤᠯ᠄ ᠪ᠊ · ᠪᠦᠷᠢᠨᠪᠠᠬᠢ ᠪᠠᠷ ᠬᠤᠷᠢᠳᠤᠭᠠᠷ ᠵᠠᠭᠤᠨ ᠤ ᠨᠠᠶᠠᠭᠠᠳ | ᠤᠨ ᠠᠴᠠ ︽ᠤᠶᠠᠩᠭ᠎ᠠ ᠶᠢᠨ ᠡᠷᠢᠯᠴᠢᠨ ᠤ ᠳᠡᠮᠳᠡᠭᠯᠡᠯ︾᠂ ︽ᠵᠦᠡᠭ ᠮᠡᠳᠡᠷᠡᠭᠦᠢ ᠰᠢᠯᠦᠭ ᠵᠦᠢ︾ ᠵᠡᠷᠭᠡ | ᠦᠭᠦᠯᠡᠮᠵᠢ ᠨᠤᠮ ᠲᠤᠭᠤᠷᠪᠢᠯ ᠭᠡᠪᠯᠡᠬᠦᠯᠵᠦ᠂ ᠰᠢᠯᠦᠭ ᠲᠤᠭᠤᠷᠪᠢᠯ ᠵᠦᠢ ᠶᠢᠨ ᠦᠨᠳᠦᠰᠦᠨ ᠠᠰᠠᠭᠤᠳᠠᠯ ᠤᠨ | ᠲᠤᠭᠤᠷᠢᠨ ᠳᠤ ᠤᠨᠤᠯ ᠪᠠ ᠦᠢᠯᠡᠳᠦᠯᠭᠡ ᠶᠢ ᠤᠶᠠᠯᠳᠤᠭᠤᠯᠤᠭᠰᠠᠨ ᠠᠯᠢ ᠤᠯᠠᠨ ᠦᠵᠡᠯᠲᠡ ᠲᠤᠷᠠᠳᠤᠯᠭ᠎ᠠ ᠪᠠᠨ | ᠳᠡᠪᠰᠢᠭᠦᠯᠵᠦ᠂ ᠮᠤᠩᠭᠤᠯ ᠰᠢᠯᠦᠭ ᠲᠤᠭᠤᠷᠪᠢᠯ ᠵᠦᠢ ᠶᠢᠨ ᠦᠨᠳᠦᠰᠦᠨ ᠤᠨᠤᠯ ᠢ ᠰᠤᠳᠤᠯᠵᠠᠢ᠃ ᠬᠤᠶᠠᠷ᠂ | ᠮᠤᠩᠭᠤᠯ ᠰᠢᠯᠦᠭ ᠤᠨ ᠲᠡᠤᠭᠡᠴᠢᠯᠡᠭᠰᠡᠨ ᠭᠤᠸ᠎ᠠ ᠵᠦᠢ ᠰᠤᠳᠤᠯᠤᠯ᠄ ᠪ᠊ · ᠪᠦᠷᠢᠨᠪᠠᠬᠢ ᠶᠢᠨ ︽ᠮᠤᠩᠭᠤᠯ ᠰᠢᠯᠦᠭ ᠤᠨ | ᠭᠤᠸ᠎ᠠ ᠵᠦᠢ ᠶᠢᠨ ᠲᠡᠤᠭᠡᠴᠢᠯᠡᠭᠰᠡᠨ ᠲᠦᠯᠦᠪ︾ ᠪᠤᠯ ᠡᠨᠡ ᠲᠠᠯ᠎ᠠ ᠶᠢᠨ ᠲᠦᠯᠦᠭᠡᠯᠡᠬᠦ ᠴᠢᠨᠠᠷᠲᠠᠢ ᠰᠤᠳᠤᠯᠭᠠᠨ ᠤ | ᠪᠦᠲᠦᠭᠡᠯ ᠪᠤᠯᠤᠨ᠎ᠠ᠃ ᠡᠨᠡ ᠬᠦ ᠪᠦᠲᠦᠭᠡᠯ ᠳᠡᠭᠡᠨ ᠮᠤᠩᠭᠤᠯ ᠰᠢᠯᠦᠭ ᠤᠨ ᠡᠷᠲᠡᠨ ᠡᠳᠦᠭᠡᠬᠢ ᠪᠦᠷᠢᠨ ᠲᠡᠤᠭᠡ ᠶᠢ | ᠮᠤᠩᠭᠤᠯ ᠤᠨ ᠨᠡᠶᠢᠭᠡᠮ᠂ ᠲᠡᠤᠭᠡ᠂ ᠰᠤᠶᠤᠯ ᠤᠨ ᠲᠤᠮᠦ ᠬᠤᠪᠢᠷᠠᠯᠲᠠ ᠶᠢᠨ ᠳᠡᠪᠢᠰᠭᠡᠷ ᠳᠡᠭᠡᠷ᠎ᠡ ᠱᠠᠳᠤ ᠦᠶᠡᠴᠢᠯᠡᠨ | ᠠᠩᠭᠢᠯᠡᠵᠦ᠂ ᠡᠯ᠎ᠡ ᠱᠠᠳᠤ ᠦᠶ᠎ᠡ ᠳᠠᠬᠢ ᠮᠤᠩᠭᠤᠯ ᠰᠢᠯᠦᠭ ᠤᠨ ᠲᠡᠤᠭᠡᠨ ᠬᠦᠭᠵᠢᠯ ᠢ ᠬᠤᠷᠸᠠᠴᠢᠯᠠᠨ ᠦᠭᠦᠯᠡᠬᠦ ᠶᠢᠨ | ᠳᠠᠭᠠᠤ ᠮᠤᠩᠭᠤᠯ ᠰᠢᠯᠦᠭ ᠤᠨ ᠭᠤᠸ᠎ᠠ ᠵᠦᠢ ᠶᠢᠨ ᠬᠦᠭᠵᠢᠯ ᠬᠤᠪᠢᠷᠠᠯ ᠤᠨ ᠲᠡᠤᠬᠡᠨ ᠲᠦᠯᠦᠪ ᠢ ᠲᠤᠳᠤᠷᠠᠭᠤᠯᠵᠦ᠂ | ᠮᠤᠩᠭᠤᠯ ᠰᠢᠯᠦᠭ ᠤᠨ ᠭᠤᠸ᠎ᠠ ᠵᠦᠢ ᠶᠢᠨ ᠲᠤᠭᠳᠠᠯᠴᠠᠭ᠎ᠠ ᠶᠢ ᠰᠤᠳᠤᠯᠤᠨ ᠰᠢᠨᠵᠢᠯᠡᠵᠠᠢ᠃ ᠭᠤᠷᠪᠠ᠂ ᠰᠤᠶᠤᠯ ᠵᠦᠢ | ᠂ ᠭᠤᠸ᠎ᠠ ᠵᠦᠢ ᠶᠢ ᠰᠤᠨᠳᠠᠯᠠᠭᠰᠠᠨ ᠮᠤᠩᠭᠤᠯ ᠲᠤᠤᠯᠢᠰ ᠤᠨ ᠰᠢᠯᠦᠭ ᠵᠦᠢ ᠰᠤᠳᠤᠯᠤᠯ᠄ ᠪ᠊ · ᠪᠦᠷᠢᠨᠪᠠᠬᠢ ᠶᠢᠨ ︽ | ᠮᠤᠩᠭᠤᠯ ᠪᠠᠭᠠᠲᠤᠷᠯᠢᠭ ᠲᠤᠤᠯᠢᠰ ᠤᠨ ᠰᠢᠯᠦᠭ ᠵᠦᠢ︾ ᠭᠡᠮᠡᠭᠦ ᠲᠤᠮᠤᠬᠠᠨ ᠪᠦᠲᠦᠭᠡᠯ ᠪᠤᠯ ᠰᠤᠶᠤᠯ ᠵᠦᠢ᠂ | ᠦᠨᠳᠦᠰᠦᠲᠡᠨ ᠤᠭᠰᠠᠭ᠎ᠠ ᠵᠦᠢ᠂ ᠭᠤᠸ᠎ᠠ ᠵᠦᠢ᠂ ᠰᠢᠯᠦᠭ ᠵᠦᠢ ᠶᠢ ᠰᠤᠨᠳᠠᠯᠠᠨ ᠤᠶᠠᠯᠳᠤᠭᠤᠯᠤᠭᠰᠠᠨ ᠦᠷᠭᠡᠨ | ᠬᠠᠷᠠᠭᠠᠨ ᠠᠴᠠ᠂ ᠪᠠᠭᠠᠲᠤᠷᠯᠢᠭ ᠲᠤᠤᠯᠢᠰ ᠤᠨ ᠲᠧᠺᠰᠲ ᠤᠨ ᠨᠠᠷᠢᠯᠢᠭ ᠲᠠᠶᠢᠯᠤᠮᠵᠢ ᠶᠢ ᠪᠠᠷᠢᠮᠲᠠᠯᠠᠵᠦ᠂ ᠮᠤᠩᠭᠤᠯ | ᠪᠠᠭᠠᠲᠤᠷᠯᠢᠭ ᠲᠤᠤᠯᠢᠰ ᠤᠨ ︽ᠤᠡᠭᠭᠤᠨ ᠳᠠᠷᠬᠠᠯᠢᠭ ᠰᠢᠨᠵᠢ︾᠂ ︽ᠤᠵᠤᠭᠤᠷ ᠪᠠᠯᠠᠷᠯᠢᠭ ᠰᠢᠨᠵᠢ︾᠂ ︽ᠭᠡᠪ | ᠵᠢᠷᠤᠮᠵᠢᠳᠤ ᠰᠢᠨᠵᠢ︾ ᠪᠠᠷ ᠪᠦᠷᠢᠯᠳᠦᠭᠰᠡᠨ ᠦᠨᠳᠦᠰᠦᠨ ᠤᠨᠴᠠᠯᠢᠭ ᠰᠢᠨᠵᠢ᠂ ᠴᠠᠭ᠂ ᠵᠠᠢ᠂ ᠲᠤᠭ᠎ᠠ ᠶᠢᠨ ᠭᠤᠷᠪᠠᠨ | ᠬᠡᠮᠵᠢᠯᠲᠠ ᠪᠠᠷ ᠲᠤᠯᠭᠠᠭᠤᠷᠢᠯᠠᠭᠰᠠᠨ ︽ᠰᠠᠨᠰᠡᠷ ᠤᠨ ᠪᠦᠲᠦᠴᠡ︾ ᠶᠢᠨ ᠤᠢᠢᠯᠠᠭᠠᠭᠳᠠᠬᠤᠨ᠂ ᠬᠠᠷ᠎ᠠ ᠴᠠᠭᠠᠨ ᠬᠤᠶᠠᠷ | ᠵᠦᠭ ᠤᠨ ᠪᠠᠭᠠᠲᠤᠷ ᠢᠶᠠᠷ ᠪᠦᠷᠢᠯᠳᠦᠭᠰᠡᠨ ︽ᠲᠦᠷᠢ ᠶᠢᠨ ᠴᠤᠭᠴᠠᠰ︾ ᠬᠦᠮᠦᠨ ᠪᠠᠶᠢᠭᠠᠯᠢ ᠶᠢᠨ ᠡᠴᠢᠨ᠎ᠡ | ᠬᠠᠷᠢᠴᠠᠭ᠎ᠠ ᠪᠠᠷ ᠵᠤᠬᠢᠴᠠᠯᠳᠤᠭᠰᠠᠨ ᠭᠤᠸ᠎ᠠ ᠰᠠᠶᠢᠬᠠᠨ ᠤ ᠲᠤᠭᠳᠠᠯᠴᠠᠭ᠎ᠠ᠂ ᠰᠤᠶᠤᠯ ᠤᠨ ᠬᠤᠪᠢᠰᠤᠯ ᠢᠶᠠᠷ | ᠪᠠᠶᠠᠯᠢᠭᠵᠢᠭᠰᠠᠨ ᠦᠨᠳᠦᠰᠦᠨ ᠭᠤᠷᠪᠠᠨ ᠲᠦᠷᠬᠦ᠂ ᠲᠦᠭᠰᠢᠬᠦᠷᠢ ᠰᠦᠷᠳᠡᠭᠦᠯᠤᠯ᠂ ᠵᠦᠡᠭ ᠪᠡᠯᠭᠡᠳᠡᠯ ᠢᠶᠠᠷ | ᠪᠢᠯᠬᠠᠷᠠᠭᠰᠠᠨ ᠶᠡᠭᠡᠮᠰᠦᠭ ᠰᠦᠷᠵᠢᠭᠦᠨ ᠤᠢ ᠲᠦᠷᠭᠦ᠂ ᠰᠢᠯᠦᠭᠯᠡᠯ ᠬᠦᠤᠷᠨᠢᠯ ᠬᠤᠤᠰᠯᠠᠭᠰᠠᠨ ᠢᠳᠡᠷᠡᠭᠦᠨ | ᠵᠢᠪᠬᠤᠭᠠᠯᠢᠭ ᠡᠭᠡᠰᠢᠭᠯᠡᠯ ᠭᠡᠮᠨᠡᠯ᠂ ᠬᠦᠴᠦ᠂ ᠬᠡᠮᠵᠢᠶ᠎ᠡ᠂ ᠦᠡᠭᠭᠡ ᠭᠤᠷᠪᠠ ᠪᠠᠷ ᠴᠤᠭᠴᠠᠯᠠᠭᠳᠠᠭᠰᠠᠨ ᠰᠦᠷᠯᠢᠭ | ᠳᠡᠭᠡᠳᠦ ᠭᠡᠪ ᠨᠠᠮᠪᠠ ᠶᠢ ᠠᠭᠤᠳᠠᠯᠤᠨ ᠢᠯᠡᠷᠡᠭᠦᠯᠵᠦ᠂ ᠮᠤᠩᠭᠤᠯ ᠪᠠᠭᠠᠳᠤᠷᠯᠢᠭ ᠲᠤᠤᠯᠢᠰ ᠤᠨ ᠰᠢᠯᠦᠭ ᠵᠦᠢ ᠶᠢᠨ | ᠭᠠᠶᠢᠬᠠᠮᠰᠢᠭᠳᠤ ᠰᠤᠪᠤᠷᠭ᠎ᠠ ᠶᠢ ᠴᠤᠭᠴᠠᠯᠠᠵᠦ ᠦᠭᠭᠦᠭᠰᠡᠨ ᠶᠤᠮ᠃ ᠡᠨᠡ ᠨᠢ ᠮᠤᠩᠭᠤᠯ ᠰᠢᠯᠦᠭ ᠵᠦᠢ ᠶᠢᠨ | ᠰᠤᠳᠤᠯᠤᠯ ᠳᠤ ᠡᠭᠦᠳᠦᠨ ᠪᠦᠲᠦᠭᠡᠯᠴᠢ ᠴᠢᠨᠠᠷᠲᠠᠢ ᠲᠤᠮᠤᠬᠠᠨ ᠬᠦᠰᠢᠶ᠎ᠡ ᠲᠤᠷᠠᠰᠬᠠᠯ ᠪᠤᠯᠤᠨ᠎ᠠ᠃ | ᠪ᠊ · ᠪᠦᠷᠢᠨᠪᠠᠬᠢ ᠶᠢᠨ ᠮᠤᠩᠭᠤᠯ ᠰᠢᠯᠦᠭ ᠵᠦᠢ ᠶᠢᠨ ᠰᠤᠳᠤᠯᠤᠯ ᠢ ᠮᠦᠷᠳᠡᠨ ᠠᠵᠢᠬᠤ ᠳᠤ᠂ ᠰᠢᠯᠦᠭ | ᠲᠤᠭᠤᠷᠪᠢᠯ ᠤᠨ ᠰᠤᠳᠤᠯᠤᠯ ᠢᠶᠠᠷ ᠡᠭᠦᠰᠭᠡᠯ ᠪᠤᠯᠭᠠᠵᠦ᠂ ᠮᠤᠩᠭᠤᠯ ᠰᠢᠯᠦᠭ ᠤᠨ ᠲᠡᠤᠭᠡᠴᠢᠯᠡᠭᠰᠡᠨ ᠭᠤᠸ᠎ᠠ ᠵᠦᠢ ᠶᠢᠨ | ᠰᠤᠳᠤᠯᠤᠯ ᠢᠶᠠᠷ ᠲᠡᠯᠡᠷᠡᠨ᠂ ᠮᠤᠩᠭᠤᠯ ᠲᠤᠤᠯᠢᠰ ᠤᠨ ᠰᠢᠯᠦᠭ ᠵᠦᠢ ᠶᠢᠨ ᠰᠤᠳᠤᠯᠤᠯ ᠢᠶᠠᠷ ᠮᠤᠩᠭᠤᠯ ᠰᠢᠯᠦᠭ | ᠵᠦ᠋ᠢ ᠶᠢᠨ ᠰᠢᠰᠲ᠋ᠧᠮᠲᠦ ᠴᠤᠭᠴᠠᠯᠠᠯᠲᠠ ᠶᠢ ᠡᠭᠦᠰᠭᠡᠨ ᠨᠡᠭᠡᠭᠡᠭᠰᠡᠨ ᠶᠤᠮ᠃ | ᠪ᠊ · ᠪᠦᠷᠢᠨᠪᠠᠬᠢ ᠶᠢᠨ ᠮᠤᠩᠭᠤᠯ ᠰᠢᠯᠦᠭ ᠵᠦᠢ ᠶᠢᠨ ᠰᠤᠳᠤᠯᠤᠯ ᠨᠢ ᠦᠨᠳᠦᠰᠦᠲᠡᠨ ᠤ ᠰᠢᠯᠦᠭ | ᠰᠤᠶᠤᠯ ᠤᠨ ᠦᠪ ᠢ ᠬᠦᠨᠵᠡᠭᠡᠢ ᠠᠭᠤᠳᠠᠯᠵᠦ᠂ ︽ᠮᠤᠩᠭᠤᠯ ᠦᠨᠳᠦᠰᠦᠲᠡᠨ ᠤ ᠲᠦᠷᠦᠯᠬᠢ ᠬᠡᠯᠡᠨ ᠤ ᠢᠷᠠᠭᠤ | ᠨᠠᠶᠢᠷᠠᠭ ᠤᠨ ᠪᠦᠲᠦᠭᠡᠯ ᠤᠨ ᠦᠢᠯᠡᠳᠦᠯᠭᠡ ᠲᠡᠭᠡᠷ᠎ᠡ ᠰᠠᠭᠤᠷᠢᠯᠠᠭᠰᠠᠨ᠂ ᠮᠤᠩᠭᠤᠯᠴᠤᠳ ᠤᠨ ᠰᠤᠶᠤᠯ ᠰᠡᠳᠬᠢᠴᠡ ᠶᠢᠨ | ᠪᠦᠲᠦᠴᠡ ᠲᠠᠢ ᠵᠤᠬᠢᠴᠠᠭᠰᠠᠨ᠂ ᠮᠤᠩᠭᠤᠯ ᠢᠷᠠᠭᠤ ᠨᠠᠶᠢᠷᠠᠭ ᠤᠨ ᠤᠨᠤᠯ ᠤᠨ ᠤᠯᠠᠮᠵᠢᠯᠠᠯ ᠢ ᠵᠠᠯᠭᠠᠮᠵᠢᠯᠠᠨ | ᠬᠦᠭᠵᠢᠭᠦᠯᠦᠭᠰᠡᠨ ᠳᠡᠭᠡᠷ᠎ᠡ ᠤᠳᠤᠬᠢᠴᠢᠯᠠᠭᠰᠠᠨ ᠰᠤᠶᠤᠯ ᠤᠨ ᠲᠤᠭᠤᠷᠢᠨ ᠲᠠᠢ ᠲᠤᠬᠢᠷᠠᠭᠰᠠᠨ ᠦᠨᠳᠦᠰᠦᠲᠡᠨ ᠤ | ᠰᠢᠯᠦᠭ ᠵᠦᠢ ᠶᠢᠨ ᠲᠤᠭᠲᠠᠯᠴᠠᠭ᠎ᠠ ᠶᠢ ᠴᠤᠭᠴᠠᠯᠠᠬᠤ︾ ︵ᠪ᠊ · ᠪᠦᠷᠢᠨᠪᠠᠬᠢ ᠶᠢᠨ ᠦᠭᠡ︶ ᠳᠤ ᠦᠯᠠᠮᠵᠢ ᠬᠤᠪᠢ | ᠵᠢᠳᠭᠦᠯ ᠢᠶᠠᠨ ᠦᠵᠡᠭᠦᠯᠦᠭᠰᠡᠨ ᠶᠤᠮ᠃ ᠪ᠊ · ᠪᠦᠷᠢᠨᠪᠠᠬᠢ ᠶᠢᠨ ᠮᠤᠩᠭᠤᠯ ᠰᠢᠯᠦᠭ ᠵᠦᠢ ᠪᠤᠯ ᠨᠡᠭᠡᠭᠡᠯᠳᠡᠯᠢᠭ | ᠴᠢᠨᠠᠷᠲᠠᠢ᠂ ᠡᠭᠦᠳᠦᠨ ᠪᠦᠲᠦᠭᠡᠯᠴᠢ ᠴᠢᠨᠠᠷ ᠲᠠᠢ᠂ ᠵᠢᠩᠭᠢᠨᠢ ᠮᠤᠩᠭᠤᠯᠵᠢᠠᠠᠰᠡᠨ ︵ᠦᠨᠳᠦᠰᠦᠲᠡᠨᠴᠢᠯᠡᠭᠰᠡᠨ︶ ᠰᠢᠯᠦᠭ | ᠵᠦᠢ ᠶᠢᠨ ᠴᠤᠭᠴᠠᠯᠠᠯᠲᠠ ᠶᠤᠮ᠃ ᠮᠦᠨ ᠴᠦ ᠪᠢᠳᠡᠨ ᠤ ᠮᠦᠷᠲᠡᠨ ᠰᠤᠷᠤᠯᠴᠠᠭᠤᠰᠢᠲᠠᠢ᠂ ᠤᠯᠠᠮᠵᠢᠯᠠᠨ | ᠪᠠᠳᠠᠷᠠᠭᠤᠯᠬᠤ ᠶᠤᠰᠤᠲᠠᠢ ᠡᠷᠭᠢᠮ ᠨᠠᠨᠳᠢᠨ ᠬᠡᠪ ᠳᠠᠭᠤᠷᠢᠶᠠᠯ ᠮᠦᠨ᠃ | ᠬᠠᠶᠢᠷᠬᠠᠨ᠄ ᠪ᠊ · ᠪᠦᠷᠢᠨᠪᠠᠬᠢ ᠶᠢᠨ ᠰᠢᠯᠦᠭ ᠲᠠᠬᠢ ᠪᠠᠶᠢᠭᠠᠯᠢ ᠶᠢᠨ ᠡᠬᠡᠨᠡᠭᠰᠢᠯ | ᠪ᠊ · ᠪᠦᠷᠢᠨᠪᠠᠬᠢ ᠶᠢᠨ ᠰᠢᠯᠦᠭ ᠪᠦᠳᠦᠭᠡᠯᠭᠡ ᠳᠤ ︽ᠪᠠᠶᠢᠭᠠᠯᠢ︾ ᠬᠦᠨᠳᠤ ᠴᠢᠬᠤᠯᠠ ᠤᠳᠬ᠎ᠠ | ᠠᠭᠤᠯᠭ᠎ᠠ ᠲᠠᠢ᠂ ᠪᠠᠶᠢᠭᠠᠯᠢ ᠶᠢᠨ ᠳᠤᠬᠠᠢ ᠡᠭᠡᠨᠡᠭᠰᠢᠯ᠂ ᠪᠠᠶᠢᠭᠠᠯᠢ ᠶᠢᠨ ᠳᠤᠬᠠᠢ ᠰᠤᠭᠳᠤᠭᠤᠷᠠᠯ᠂ ᠪᠠᠶᠢᠭᠠᠯᠢ ᠶᠢᠨ | ᠳᠤᠬᠠᠢ ᠭᠡᠶᠢᠷᠭᠡᠯ ᠪᠤᠯ ᠳᠡᠬᠦᠨ ᠤ ᠰᠢᠯᠦᠭ ᠪᠦᠳᠦᠭᠡᠯᠭᠡ ᠶᠢᠨ ᠬᠢᠨᠢ ᠴᠦᠮ᠎ᠡ ᠪᠤᠯᠤᠨ᠎ᠠ᠃ | ᠪ᠊ · ᠪᠦᠷᠢᠨᠪᠠᠬᠢ ᠶᠢᠨ ᠰᠢᠯᠦᠭ ᠲᠠᠬᠢ ᠪᠠᠶᠢᠭᠠᠯᠢ ᠶᠢᠨ ᠡᠭᠡᠨᠡᠭᠰᠢᠯ ᠢ ᠬᠦᠮᠦᠨ ᠤ ᠳᠤᠷᠠᠶᠢᠯᠭᠠᠯ ᠪᠤᠯᠤᠭᠴᠢ | ᠪᠠᠶᠢᠭᠠᠯᠢ᠂ ᠬᠦᠮᠦᠨ ᠤ ᠦᠯᠢᠳᠭᠡᠯ ᠪᠤᠯᠤᠭᠴᠢ ᠪᠠᠶᠢᠭᠠᠯᠢ᠂ ᠬᠦᠮᠦᠨ ᠤ ᠭᠡᠷᠡᠴᠢᠯᠠᠯ ᠪᠤᠯᠤᠭᠴᠢ ᠪᠠᠶᠢᠭᠠᠯᠢ᠂ ᠬᠦᠮᠦᠨ | ᠪᠠᠶᠢᠭᠠᠯᠢ ᠶᠢᠨ ᠰᠡᠷᠡᠯᠴᠡᠭᠡ᠂ ᠨᠤᠳᠤᠭ — ᠦᠯᠦᠭᠡᠢ ᠪᠤᠯᠤᠭᠴᠢ ᠪᠠᠶᠢᠭᠠᠯᠢ ᠳᠠᠪᠤᠨ ᠳᠠᠪᠬᠤᠷᠭ᠎ᠠ ᠠᠴᠠ ᠰᠢᠨᠵᠢᠯᠡᠨ᠂ | ᠪ᠊ · ᠪᠦᠷᠢᠨᠪᠠᠬᠢ ᠶᠢᠨ ᠪᠤᠰᠤᠳ ᠠᠴᠠ ᠤᠨᠴᠠᠭᠠᠢ ᠪᠤᠶᠤ ᠤᠬᠠᠭᠠᠯᠢᠭ ᠪᠠᠶᠢᠳᠠᠭ ᠨᠢ ᠰᠢᠭᠤᠳ ︽ᠬᠦᠮᠦᠨ — | ᠤᠯᠤᠰ ᠳᠦᠷᠦ︾ ᠶᠢᠨ ᠳᠡᠭᠡᠭᠰᠢᠯᠡᠬᠦᠯᠦᠯ ᠳᠤ ᠬᠦᠷᠭᠡᠬᠦ ᠪᠢᠰᠢ᠂ ᠬᠠᠷᠢᠨ ᠪᠠᠶᠢᠭᠠᠯᠢ ᠪᠠᠷ ᠵᠠᠭᠤᠴᠢ ᠪᠤᠯᠭᠠᠵᠤ᠂ ︽ | ᠬᠦᠮᠦᠨ — ᠪᠠᠶᠢᠭᠠᠯᠢ︾ ᠶᠢᠨ ᠵᠤᠬᠢᠴᠠᠯᠳᠤᠯ᠂ ᠡᠰᠡᠷᠬᠦᠴᠡᠯᠳᠤᠯ᠂ ᠦᠯᠢᠳᠭᠡᠯ᠂ ᠳᠤᠷᠠᠶᠢᠯᠭᠠᠯ ᠳᠤᠮᠳᠠ ᠬᠦᠮᠦᠨ ᠢ | ᠠᠮᠢᠳᠤ ᠰᠡᠷᠮᠡᠬᠦᠨ᠂ ᠮᠢᠬ᠎ᠠ ᠴᠢᠰᠤᠳᠠᠢ᠂ ᠭᠤᠸ᠎ᠠ ᠳᠡᠬᠦᠯᠳᠡᠷ᠂ ᠤᠷᠠᠨ ᠴᠢᠮᠡᠭᠯᠢᠭ ᠱᠤᠭᠤᠵᠤ ᠴᠢᠳᠠᠳᠠᠭ ᠳᠠᠯ᠎ᠠ | ᠪᠤᠯᠤᠨ᠎ᠠ᠃ ᠶᠠᠭ ᠡᠶᠢᠮᠤ ᠠᠴᠠ ︽ᠪᠠᠶᠢᠭᠠᠯᠢ — ᠬᠦᠮᠦᠨ︾ ᠤ ᠭᠤᠸ᠎ᠠ ᠬᠠᠷᠢᠴᠠᠭ᠎ᠠ ᠶᠢ ᠤᠷᠢᠳᠤ ᠭᠠᠷᠤᠭ᠎ᠠ ᠦᠭᠡᠢ | ᠴᠢᠬᠤᠯᠠᠴᠢᠯᠠᠭᠰᠠᠨ ᠨᠢ ᠳᠡᠬᠦᠨ ᠤ ᠪᠠᠭ᠎ᠠ ᠨᠠᠰᠤᠨ ᠤ ᠬᠢᠨᠢ ᠳᠤᠷᠰᠢᠯᠭ᠎ᠠ ᠮᠡᠳᠡᠷᠡᠮᠵᠢ ᠠᠴᠠ ᠳᠤᠭᠳᠠᠭᠠᠭᠳᠠᠭᠰᠠᠨ | ᠮᠦᠷᠳᠡᠭᠡᠨ ᠮᠦᠨ ᠴᠤ ᠬᠦᠮᠦᠨ ᠤ ᠭᠤᠸ᠎ᠠ᠂ ᠰᠢᠯᠦᠭ ᠤᠨ ᠤᠷᠠᠯᠢᠭ ᠢ ᠪᠦᠳᠦᠭᠦᠯᠢᠭ ᠤᠯᠤᠰ ᠳᠦᠷᠦᠴᠢᠯᠡᠯ ᠠᠴᠠ | ᠠᠪᠤᠷᠠᠬᠤ ᠴᠢᠬᠤᠯᠠ ᠠᠷᠭ᠎ᠠ ᠪᠤᠳᠤᠯᠭ᠎ᠠ ᠪᠤᠯᠵᠤ ᠪᠠᠶᠢᠭᠰᠠᠨ ᠶᠤᠮ ᠰᠠᠨ᠃ | ᠪ᠊ · ᠪᠦᠷᠢᠨᠪᠠᠬᠢ ᠶᠢᠨ ᠦᠬᠦᠯᠡᠯ ᠶᠠᠷᠢᠶ᠎ᠡ ᠠᠴᠠ ᠪᠠᠶᠢᠭᠠᠯᠢ ᠶᠢᠨ ᠲᠤᠬᠠᠢ ᠴᠢᠬᠤᠯᠠᠴᠢᠯᠠᠯ ᠢ ᠪᠢᠳᠡ ᠨᠢᠬᠡ | ᠪᠢᠰᠢ ᠤᠯᠠᠨ ᠤᠳᠠᠭ᠎ᠠ ᠤᠯᠵᠤ ᠬᠠᠷᠠᠨ᠎ᠠ᠃ ᠲᠡᠷᠡ ᠪᠠᠷ᠂ ︽ᠬᠦᠳᠡᠭᠡ ᠲᠠᠯ᠎ᠠ ᠶᠢᠨ ᠪᠠᠶᠢᠭᠠᠯᠢ ᠶᠢᠨ ᠦᠵᠠᠮᠵᠢ ᠶᠢᠨ | ᠭᠤᠸ᠎ᠠ ᠰᠠᠶᠢᠬᠠᠨ᠂ ᠬᠦᠳᠡᠯᠮᠦᠷᠢᠴᠢᠨ ᠮᠠᠯᠴᠢᠳ ᠤᠨ ᠤᠶᠤᠨ ᠰᠠᠨᠠᠭᠠᠨ ᠤ ᠭᠤᠸ᠎ᠠ ᠰᠠᠶᠢᠬᠠᠨ᠂ ᠬᠦᠴᠤ ᠪᠠᠨ | ᠲᠡᠩᠰᠡᠭᠰᠡᠳ ᠤᠨ ᠪᠠᠶ᠎ᠠ ᠪᠢᠯᠳᠡᠷ ᠤᠨ ᠭᠤᠸ᠎ᠠ ᠰᠠᠶᠢᠬᠠᠨ ᠪᠤᠯ ᠮᠢᠨᠦ ᠰᠢᠯᠦᠭ ᠪᠢᠴᠢᠬᠦ ᠭᠤᠸ᠎ᠠ ᠰᠠᠷᠠᠯᠳᠠ ᠶᠢᠨ ᠡᠬᠢ | ᠪᠤᠯᠠᠭ ᠮᠦᠨ︾᠂ ︽ᠪᠠᠶᠢᠭᠠᠯᠢ ᠶᠢᠨ ᠭᠤᠸ᠎ᠠ ᠰᠠᠶᠢᠬᠠᠨ ᠪᠠ ᠤᠶᠤᠨ ᠰᠠᠨᠠᠭᠠᠨ ᠤ ᠭᠤᠸ᠎ᠠ ᠰᠠᠶᠢᠬᠠᠨ ᠤ ᠵᠤᠬᠢᠴᠠᠩᠭᠤᠢ | ᠨᠢᠬᠡᠳᠦᠯ ᠲᠤᠮᠳᠠ ᠠᠴᠠ ᠢᠷᠠᠭᠤ ᠨᠠᠶᠢᠷᠠᠭ ᠡᠬᠦᠰᠴᠡᠢ︾᠂ ︽ᠤᠷᠠᠯᠢᠭ ᠤᠨ ᠤᠩᠭᠤᠳ ᠢᠶᠠᠨ ᠪᠢ ᠶᠡᠭᠡ | ᠪᠠᠶᠢᠭᠠᠯᠢ ᠠᠴᠠ ᠤᠷᠢᠨ ᠵᠠᠯᠠᠭᠰᠠᠨ ᠶᠤᠮ︾ ᠬᠡᠵᠤ ᠦᠪᠡᠷ ᠤᠨ ᠰᠢᠯᠦᠭ ᠪᠦᠳᠦᠬᠡᠯᠬᠡ ᠶᠢᠨ ᠲᠤᠬᠠᠢ ᠢᠩᠬᠢᠵᠤ ᠲᠠᠬᠢᠨ | ᠲᠠᠪᠳᠠᠨ ᠴᠢᠬᠤᠯᠠᠴᠢᠯᠠᠬᠰᠠᠨ ᠪᠠᠶᠢᠳᠠᠭ᠃ ᠤᠯᠠᠮᠵᠢᠯᠠᠯᠳᠤ ᠮᠤᠩᠭᠤᠯ ᠰᠢᠯᠦᠭ ᠤᠨ ᠲᠤᠬᠠᠢ ᠦᠬᠦᠯᠡᠬᠦ ᠳᠡᠭᠡᠨ ᠴᠤ | ᠬᠦᠮᠦᠨ ᠪᠠᠶᠢᠭᠠᠯᠢ ᠶᠢᠨ ᠬᠠᠷᠢᠴᠠᠭ᠎ᠠ ᠶᠢ ᠤᠨᠴᠠᠭᠠᠢ ᠴᠢᠬᠤᠯᠠᠴᠢᠯᠠᠬᠰᠠᠨ ᠪᠠᠶᠢᠳᠠᠭ᠃ ᠶᠠᠭ ᠰᠢᠯᠦᠭᠴᠢ ᠦᠪᠡᠷ ᠢᠶᠠᠨ | ᠦᠬᠦᠯᠡᠭᠰᠡᠨ ᠰᠢᠭ᠂ ︽ᠨᠢᠬᠡᠨ ᠰᠢᠯᠦᠭᠴᠢ ᠶᠢᠨ ᠶᠠᠮᠠᠷ ᠨᠢᠬᠡᠨ ᠬᠡᠷᠡᠭ ᠪᠤᠳᠠᠰ ᠤᠨ ᠲᠤᠬᠠᠢ ᠤᠨᠴᠠᠭᠠᠢ ᠬᠠᠶᠢᠷ᠎ᠠ | ᠰᠡᠳᠬᠢᠯᠬᠡ ᠪᠠ ᠬᠤᠷᠴᠠ ᠲᠤᠷ᠎ᠠ ᠪᠠᠬ᠎ᠠ ᠨᠢ ᠲᠡᠬᠦᠨ ᠤ ᠲᠤᠰᠬᠠᠢ ᠪᠠᠶᠢᠳᠠᠭ ᠵᠤᠬᠢᠶᠠᠨ ᠪᠦᠳᠦᠬᠡᠬᠦ ᠭᠤᠷᠢ ᠬᠦᠰᠡᠯ ᠢ | ᠨᠤᠴᠤᠭᠠᠵᠤ ᠴᠢᠳᠠᠨ᠎ᠠ︾ ᠬᠡᠳᠡᠭᠴᠢᠯᠡᠨ ᠪᠠᠶᠢᠭᠠᠯᠢ ᠪᠤᠯ ᠪ᠊ · ᠪᠦᠷᠢᠨᠪᠠᠬᠢ ᠶᠢᠨ ᠵᠤᠬᠢᠶᠠᠨ ᠪᠦᠳᠦᠬᠡᠬᠦ ᠭᠤᠷᠢ ᠬᠦᠰᠡᠯ ᠢ | ᠨᠤᠴᠤᠭᠠᠬᠰᠠᠨ ᠤᠨᠴᠠᠭᠠᠢ ᠬᠠᠶᠢᠷ᠎ᠠ ᠰᠡᠳᠬᠢᠯᠬᠡ ᠪᠠ ᠲᠤᠷ᠎ᠠ ᠪᠠᠭ᠋ᠠᠳᠤᠯ ᠮᠦᠨ᠃ | ᠲᠡᠬᠡᠪᠡᠯ ᠪᠠᠶᠢᠭᠠᠯᠢ ᠶᠢᠨ ᠲᠤᠬᠠᠢ ᠬᠠᠶᠢᠷ᠎ᠠ ᠪᠠᠭ᠋ᠠᠳᠤᠯ ᠨᠢ ᠬᠠᠮᠢᠭ᠎ᠠ ᠠᠴᠠ ᠢᠷᠡᠭᠰᠡᠨ ᠪᠤᠢ︖ ᠰᠢᠯᠦᠭᠴᠢ | ᠨᠠᠮᠳᠡᠷ ᠲᠤᠷᠠᠳᠬᠠᠯ ᠢᠶᠠᠨ ᠤᠯᠠᠨᠳᠠ ᠢᠯᠡᠷᠬᠡᠶᠢᠯᠡᠭᠰᠡᠨ ᠦᠬᠦᠯᠡᠮᠵᠢ ᠶᠠᠷᠢᠶ᠎ᠠ ᠠᠴᠠ ᠬᠠᠷᠢᠭᠤᠯᠳᠠ ᠦᠭᠴᠤ ᠪᠤᠯᠤᠨ᠎ᠠ᠄ | ︽ᠪᠢ᠂ ᠵᠦᠬᠡᠯᠡᠨ ᠮᠠᠩᠬᠠᠨ ᠲᠡᠬᠡᠷ᠎ᠡ ᠲᠤᠯᠤᠭᠠᠢ ᠪᠠᠷ ᠢᠶᠠᠨ ᠲᠤᠩᠭᠤᠷᠴᠠᠬᠯᠠᠨ ᠨᠠᠭᠠᠳᠴᠤ᠂ ᠵᠦᠯᠬᠡ ᠡᠪᠡᠰᠦᠨ | ᠲᠡᠭᠡᠷ᠎ᠡ ᠡᠪᠦᠳᠦᠭ ᠢᠶᠠᠷ ᠢᠶᠠᠨ ᠮᠦᠯᠬᠦᠨ ᠦᠰᠴᠤ ᠪᠢᠯᠠ᠃ ᠁ ᠡᠮᠦᠨ᠎ᠡ ᠠᠴᠠ ᠢᠷᠡᠭᠰᠡᠨ ᠬᠠᠷᠢᠶᠠᠴᠠᠢ᠂ | ᠠᠷᠤ ᠠᠴᠠ ᠪᠤᠴᠠᠬᠰᠠᠨ ᠭᠠᠯᠠᠭᠤ ᠵᠡᠷᠬᠡ ᠪᠠᠶᠢᠭᠠᠯᠢ ᠶᠢᠨ ᠲᠦᠮᠠᠨ ᠦᠵᠡᠭᠳᠡᠯ ᠤᠳ ᠬᠡᠦᠬᠡᠳ ᠪᠠᠶᠢᠬᠰᠠᠨ ᠮᠢᠨᠦ | ᠰᠡᠳᠬᠢᠯ ᠢ ᠡᠷᠬᠡ ᠦᠬᠡᠢ ᠬᠦᠳᠡᠯᠬᠡᠵᠤ ᠤᠷᠴᠢᠯᠠᠩ ᠲᠡᠯᠡᠬᠡᠢ ᠬᠦᠮᠦᠨ ᠠᠮᠢᠳᠠᠨ ᠤ ᠲᠤᠬᠠᠢ ᠡᠯᠳᠡᠪ ᠬᠡᠢ ᠪᠤᠳᠤᠯ᠂ | ᠰᠤᠨᠢᠨ ᠬᠦᠰᠡᠯ ᠢ ᠲᠦᠷᠦᠬᠦᠯᠳᠡᠭ ᠪᠠᠶᠢᠬᠰᠠᠨ︾᠂ ︽ᠠᠭᠤᠤ ᠪᠠᠶᠢᠭᠠᠯᠢ ᠪᠤᠯ ᠨᠡᠬᠦᠳᠡᠯᠴᠢᠨ ᠦᠨᠳᠦᠰᠦᠳᠡᠨ ᠤ | ᠲᠤᠬᠢᠷᠠᠮᠵᠢᠳᠤ ᠦᠯᠦᠬᠡᠢ ᠮᠦᠨ᠃ ᠡᠶᠢᠮᠦᠷᠬᠦᠦ ᠤᠷᠴᠢᠨ ᠲᠤᠭᠤᠷᠢᠨ ᠨᠠᠳᠠ ᠳᠤ ᠭᠤᠸ᠎ᠠ ᠰᠠᠶᠢᠬᠠᠨ ᠤ ᠬᠦᠮᠦᠵᠢᠯ | ᠤᠯᠭᠤᠵᠤ᠂ ᠨᠢᠯᠬᠠᠷᠬᠠᠭ ᠴᠡᠬᠡᠵᠢᠨ ᠳᠤ ᠮᠢᠨᠢ ᠨᠤᠳᠤᠭ ᠤᠰᠤᠨ ᠤ ᠲᠤᠬᠠᠢ ᠬᠠᠶᠢᠷ᠎ᠠ ᠶᠢᠨ ᠰᠤᠶᠤᠭ᠎ᠠ ᠶᠢ ᠴᠡᠴᠡᠬᠡᠵᠤ | ᠪᠠᠶᠢᠯ᠎ᠠ᠃ ᠲᠡᠷᠡ ᠦᠶ᠎ᠠ ᠳᠤ ᠪᠠᠶᠢᠭᠠᠯᠢ ᠶᠢᠨ ᠰᠠᠶᠢᠬᠠᠨ ᠦᠵᠡᠮᠵᠢ ᠪᠤᠯᠤᠨ ᠨᠡᠶᠢᠬᠡᠮ ᠤᠨ ᠮᠠᠭᠤᠬᠠᠢ ᠦᠵᠡᠭᠳᠡᠯ ᠬᠤᠶᠠᠷ | ᠤᠶᠤᠨ ᠤ ᠮᠢᠨᠢ ᠲᠤᠩᠭᠠᠯᠠᠭ ᠮᠠᠨᠳᠤᠯ ᠳᠤ ᠲᠤᠰ ᠲᠤᠰ ᠤᠨ ᠬᠡᠷᠡᠯ ᠰᠡᠬᠦᠳᠡᠷ ᠢᠶᠠᠨ ᠦᠯᠡᠳᠡᠬᠡᠵᠤ ᠢᠮ ᠲᠠᠮᠠᠭ᠎ᠠ ᠪᠠᠨ | ᠲᠠᠷᠤᠵᠤ ᠪᠠᠶᠢᠵᠠᠢ︾᠃ ᠪᠠᠭ᠎ᠠ ᠨᠠᠰᠤᠨ ᠤ ᠤᠶᠤᠨ ᠳᠤᠨᠢ ᠲᠠᠮᠠᠭᠠᠯᠠᠬᠳᠠᠬᠰᠠᠨ ᠪᠠᠶᠢᠭᠠᠯᠢ ᠶᠢᠨ ᠰᠠᠶᠢᠬᠠᠨ ᠪᠠ | ᠨᠡᠶᠢᠬᠡᠮ ᠤᠨ ᠮᠠᠭᠤᠬᠠᠢ ᠨᠢ ᠶᠠᠭ ᠪ᠊ · ᠪᠦᠷᠢᠨᠪᠠᠬᠢ ᠶᠢᠨ ᠬᠤᠵᠢᠮ ᠤᠨ ᠵᠤᠬᠢᠶᠠᠨ ᠪᠦᠳᠦᠬᠡᠯᠬᠡ ᠶᠢᠨ ᠬᠤᠤᠰ ᠲᠠᠯᠠᠪᠴᠢ | ᠪᠤᠯᠵᠤ ᠪᠢᠯᠡ᠃ | ᠪ᠊ · ᠪᠦᠷᠢᠨᠪᠠᠬᠢ ᠶᠢᠨ ᠰᠢᠯᠦᠭ ᠪᠦᠳᠦᠭᠡᠯᠭᠡ ᠶᠢᠨ ᠴᠦᠮ᠎ᠠ ᠨᠢ ᠭᠡᠳᠦ᠋ᠢᠪᠡᠷ ᠬᠦᠮᠦᠨ ᠤ ᠳᠤᠬᠠᠢ ᠬᠠᠯᠠᠮᠵᠢᠯᠠᠯ | ᠪᠤᠯᠪᠠᠴᠤ ᠰᠢᠯᠦᠭᠴᠢ ᠠᠴᠠ ᠬᠦᠮᠦᠨ ᠢ ᠰᠢᠭᠤᠳ ᠵᠢᠷᠤᠭᠯᠠᠯ ᠦᠭᠡᠢ᠂ ︽ᠪᠠᠶᠢᠭᠠᠯᠢ — ᠬᠦᠮᠦᠨ — ᠨᠡᠶᠢᠭᠡᠮ︾ | ᠤᠨ ᠳᠤᠭᠳᠠᠯᠴᠠᠭ᠎ᠠ ᠳᠤᠮᠳᠠ ᠪᠠᠶᠢᠭᠠᠯᠢ ᠶᠢᠨ ᠰᠠᠶᠢᠬᠠᠨ᠂ ᠪᠠᠶᠢᠭᠠᠯᠢ ᠶᠢᠨ ᠭᠠᠶᠢᠬᠠᠮᠰᠢᠭ ᠢᠶᠠᠷ ᠬᠦᠮᠦᠨ ᠤ ᠪᠡᠶ᠎ᠡ | ᠰᠡᠳᠬᠢᠯ ᠤᠨ ᠭᠤᠸ᠎ᠠ ᠰᠠᠶᠢᠬᠠᠨ ᠵᠢᠴᠢ ᠬᠦᠮᠦᠨ ᠤ ᠮᠦᠨ ᠴᠢᠨᠡᠷ ᠤᠨ ᠬᠦᠴᠦᠨ ᠢ ᠳᠤᠷᠠᠶᠢᠯᠭᠠᠵᠤ᠂ ᠦᠯᠢᠳᠭᠡᠵᠤ᠂ | ᠭᠡᠷᠡᠴᠢᠯᠠᠨ᠂ ᠮᠤᠩᠭᠤᠯᠴᠤᠳ ᠤᠨ ᠤᠯᠠᠮᠵᠢᠯᠠᠯᠳᠤ ᠰᠤᠶᠤᠯ ᠳᠠᠬᠢ ᠭᠤᠸ᠎ᠠ ᠡᠨᠧᠷᠬᠢ ᠶᠢ ᠠᠭᠤᠳᠠᠯᠤᠨ | ᠠᠮᠢᠯᠠᠭᠤᠯᠤᠭᠰᠠᠨ ᠨᠢ ᠨᠤᠳᠠᠯᠠᠭᠤᠰᠢᠳᠠᠢ᠂ ᠮᠠᠭᠳᠠᠭᠤᠰᠢᠳᠠᠢ ᠪᠦᠭᠡᠳ ᠰᠤᠷᠤᠯᠴᠠᠨ ᠰᠢᠩᠭᠡᠭᠡᠬᠦᠰᠢᠳᠠᠢ ᠶᠤᠮ ᠭᠡᠵᠠᠢ᠃ | ᠱᠦ ᠯᠢᠨ᠄ ᠪ᠊ · ᠪᠦᠷᠢᠨᠪᠠᠬᠢ ᠶᠢᠨ ᠮᠣᠩᠭᠤᠯ ᠰᠢᠯᠦᠭ ᠵᠦᠢ ᠶᠢᠨ ᠰᠣᠳᠣᠯᠣᠯ ᠳᠠᠬᠢ ᠠᠷᠭ᠎ᠠ ᠵᠦᠢ ᠶᠢᠨ | ᠠᠴᠢ ᠬᠤᠯᠪᠣᠭᠳᠠᠯ | ᠪ᠊ · ᠪᠦᠷᠢᠨᠪᠠᠬᠢ ᠮᠣᠩᠭᠤᠯ ᠰᠢᠯᠦᠭ ᠵᠦᠢ ᠶᠢᠨ ᠰᠣᠳᠣᠯᠭᠠᠨ ᠳᠤ ᠣᠳᠬ᠎ᠠ ᠵᠣᠬᠢᠶᠠᠯ ᠤᠨ ᠲᠧᠺᠰᠲ ᠲᠤ | ᠰᠠᠭᠤᠷᠢᠯᠠᠭᠰᠠᠨ ᠨᠢᠭᠡᠨ ᠵᠦᠢᠯ ᠤᠨ ᠰᠢᠯᠦᠭ ᠵᠦᠢ ᠶᠢᠨ ᠰᠣᠳᠣᠯᠭᠠᠨ ᠤ ᠠᠷᠭ᠎ᠠ ᠶᠢ ᠨᠡᠭᠡᠭᠡᠭᠰᠡᠨ ᠪᠦᠭᠡᠳ ᠡᠨᠡ ᠨᠢ | ᠮᠣᠩᠭᠤᠯ ᠰᠢᠯᠦᠭ ᠵᠦᠢ ᠶᠢᠨ ᠣᠨᠣᠯ ᠤᠨ ᠲᠣᠭᠳᠠᠯᠴᠠᠭ᠎ᠠ ᠶᠢ ᠪᠠᠶᠠᠯᠢᠭᠵᠢᠭᠤᠯᠬᠤ ᠡᠷᠴᠢᠮᠳᠡᠢ ᠠᠷᠭ᠎ᠠ ᠵᠦᠢ ᠪᠣᠯᠵᠣ᠂ | ᠮᠣᠩᠭᠤᠯ ᠣᠳᠬ᠎ᠠ ᠵᠣᠬᠢᠶᠠᠯ ᠰᠣᠳᠣᠯᠣᠯ ᠢ ᠰᠢᠯᠦᠭ ᠵᠦᠢ ᠶᠢᠨ ᠰᠣᠳᠣᠯᠭᠠᠨ ᠤ ᠦᠨᠳᠦᠷᠴᠡ ᠳᠤ ᠬᠦᠷᠭᠡᠬᠦ | ᠠᠮᠵᠢᠯᠳᠠ ᠲᠠᠢ ᠠᠷᠭ᠎ᠠ ᠵᠠᠮ ᠢ ᠵᠢᠭᠠᠭᠰᠠᠨ ᠪᠠᠶᠢᠨ᠎ᠠ᠃ | ᠡᠷᠳᠡᠨ ᠤ ᠡᠨᠡᠳᠬᠡᠭ ᠤᠨ ᠰᠢᠯᠦᠭ ᠵᠦᠢ ᠶᠢᠨ ᠣᠨᠣᠯᠴᠢ ᠲᠠᠨᠳᠢᠨ ᠤ ︽ᠵᠣᠬᠢᠰᠳᠣ ᠠᠶᠠᠯᠭᠤ ᠶᠢᠨ ᠲᠣᠯᠢ︾ | ᠳᠤ ᠰᠢᠯᠦᠭ ᠵᠦᠢ ᠶᠢᠨ ᠰᠣᠳᠣᠯᠭᠠᠨ ᠪᠣᠯ ᠡᠷᠳᠡᠨ ᠠᠴᠠ ᠦᠯᠡᠳᠡᠵᠦ ᠢᠷᠡᠭᠰᠡᠨ ᠰᠢᠯᠦᠭ ᠵᠦᠢ ᠶᠢᠨ ᠣᠨᠣᠯ ᠤᠨ | ᠪᠦᠳᠦᠭᠡᠯ ᠪᠠ ᠣᠷᠠᠨ ᠪᠦᠳᠦᠭᠡᠯ ᠳᠤ ᠰᠠᠭᠤᠷᠢᠯᠠᠨ ᠶᠠᠪᠣᠭᠳᠠᠬᠤ ᠲᠣᠬᠠᠢ ᠢᠯᠡ ᠲᠣᠳᠣᠷᠬᠠᠢ ᠲᠣᠷᠠᠳᠣᠭᠰᠠᠨ ᠪᠠᠶᠢᠳᠠᠭ᠃ | ᠬᠡᠰᠡᠭ ᠮᠣᠩᠭᠤᠯ ᠯᠠᠮᠠ ᠡᠷᠳᠡᠮᠳᠡᠳ ᠴᠤ ᠡᠨᠡ ᠬᠦ ᠵᠢᠷᠣᠮ ᠢ ᠮᠦᠷᠳᠡᠵᠦ ᠰᠢᠯᠦᠭ ᠵᠦᠢ ᠶᠢᠨ ᠰᠣᠳᠣᠯᠭᠠᠨ ᠳᠠᠭᠠᠨ | ᠵᠣᠬᠢᠰᠳᠣ ᠠᠶᠠᠯᠭᠤᠨ ᠤ ᠣᠨᠣᠯ ᠤᠨ ᠪᠦᠳᠦᠭᠡᠯ ᠬᠢᠭᠡᠳ ᠵᠣᠬᠢᠰᠳᠣ ᠠᠶᠠᠯᠭᠤᠨ ᠤ ᠵᠢᠱᠢᠶ᠎ᠡ ᠰᠢᠯᠦᠭ ︵ᠣᠳᠬ᠎ᠠ | ᠵᠣᠬᠢᠶᠠᠯ ᠤᠨ ᠣᠨᠣᠯ ᠬᠢᠭᠡᠳ ᠣᠷᠠᠨ ᠪᠦᠳᠦᠭᠡᠯ︶ ᠢ ᠬᠠᠮᠳᠣᠳᠬᠠᠨ ᠰᠢᠨᠵᠢᠯᠡᠵᠦ ᠪᠠᠶᠢᠵᠠᠢ᠃ ᠬᠠᠷᠢᠨ ᠣᠳᠣ ᠦᠶ᠎ᠡ | ᠪᠣᠯᠬᠤ ᠳᠤ ᠮᠣᠩᠭᠤᠯ ᠰᠢᠯᠦᠭ ᠵᠦᠢ ᠶᠢᠨ ᠰᠣᠳᠣᠯᠣᠯ ᠳᠤ᠂ ᠣᠳᠬ᠎ᠠ ᠵᠣᠬᠢᠶᠠᠯ ᠤᠨ ᠣᠨᠣᠯ ᠤᠨ ᠦᠭᠦᠯᠡᠮᠵᠢ ᠪᠣᠶᠣ | ᠣᠨᠣᠯ ᠦᠭᠦᠯᠡᠬᠦᠢ ᠳᠤ ᠰᠠᠭᠤᠷᠢᠯᠠᠭᠰᠠᠨ ᠰᠢᠯᠦᠭ ᠵᠦᠢ ᠶᠢᠨ ᠰᠣᠳᠣᠯᠣᠯ ᠪᠠ ᠣᠳᠬ᠎ᠠ ᠵᠣᠬᠢᠶᠠᠯ ᠳᠤ ᠰᠠᠭᠤᠷᠢᠯᠠᠭᠰᠠᠨ | ᠰᠢᠯᠦᠭ ᠵᠦᠢ ᠶᠢᠨ ᠰᠣᠳᠣᠯᠣᠯ ᠭᠡᠬᠦ ᠬᠤᠶᠠᠷ ᠵᠦᠢᠯ ᠤᠨ ᠠᠷᠭ᠎ᠠ ᠪᠠᠷᠢᠯ ᠪᠣᠯᠣᠨ ᠢᠯᠭᠠᠷᠠᠨ ᠰᠠᠯᠣᠭᠰᠠᠨ ᠪᠠᠶᠢᠳᠠᠭ᠃ | ᠡᠭᠦᠨ ᠳᠤ ᠪ᠊ · ᠭᠡᠷᠡᠯᠳᠦ ᠶᠢᠨ ᠬᠠᠰᠪᠤ ᠶᠢᠨ ᠣᠳᠬ᠎ᠠ ᠵᠣᠬᠢᠶᠠᠯ ᠤᠨ ᠣᠨᠣᠯ ᠦᠭᠦᠯᠡᠬᠦᠢ ᠶᠢᠨ ᠰᠣᠳᠣᠯᠣᠯ ᠢᠶᠠᠷ | ᠡᠬᠢᠯᠡᠭᠰᠡᠨ ᠮᠣᠩᠭᠤᠯ ᠵᠣᠬᠢᠶᠠᠯ ᠤᠨ ᠣᠨᠣᠯ ᠦᠭᠦᠯᠡᠬᠦᠢ ᠶᠢᠨ ᠰᠣᠳᠣᠯᠣᠯ ᠶᠠᠪᠣᠭᠳᠠᠬᠤ ᠶᠢᠨ ᠵᠡᠷᠭᠡ ᠪᠠᠷ᠂ ᠪ᠊ · | ᠪᠦᠷᠢᠨᠪᠠᠬᠢ ᠶᠢᠨ ᠮᠣᠩᠭᠤᠯ ᠣᠳᠬ᠎ᠠ ᠵᠣᠬᠢᠶᠠᠯ ᠤᠨ ᠵᠢᠱᠢᠶᠡᠨ ᠲᠡᠭᠡᠷ᠎ᠡ ᠶᠠᠪᠣᠭᠳᠠᠭᠰᠠᠨ ᠰᠢᠯᠦᠭ ᠵᠦᠢ ᠶᠢᠨ ᠭᠤᠸ᠎ᠠ | ᠵᠦᠢ ᠶᠢᠨ ᠰᠣᠳᠣᠯᠣᠯ ᠦᠷᠨᠢᠭᠰᠡᠨ ᠢᠶᠠᠷ ᠣᠳᠣ ᠦᠶ᠎ᠡ ᠶᠢᠨ ᠮᠣᠩᠭᠤᠯ ᠰᠢᠯᠦᠭ ᠵᠦᠢ ᠶᠢᠨ ᠰᠣᠳᠣᠯᠣᠯ ᠳᠤ ᠣᠳᠬ᠎ᠠ | ᠵᠣᠬᠢᠶᠠᠯ ᠤᠨ ᠣᠨᠣᠯ ᠦᠭᠦᠯᠡᠬᠦᠢ ᠶᠢᠨ ᠲᠧᠺᠰᠲ ᠲᠤ ᠰᠠᠭᠤᠷᠢᠯᠠᠭᠰᠠᠨ ᠰᠢᠯᠦᠭ ᠵᠦᠢ ᠶᠢᠨ ᠰᠣᠳᠣᠯᠣᠯ ᠪᠠ ᠣᠳᠬ᠎ᠠ | ᠵᠣᠬᠢᠶᠠᠯ ᠤᠨ ᠲᠧᠺᠰᠲ ᠲᠤ ᠰᠠᠭᠤᠷᠢᠯᠠᠭᠰᠠᠨ ᠰᠢᠯᠦᠭ ᠵᠦᠢ ᠶᠢᠨ ᠰᠣᠳᠣᠯᠣᠯ ᠭᠡᠬᠦ ᠬᠤᠶᠠᠷ ᠵᠦᠢᠯ ᠤᠨ | ᠰᠣᠳᠣᠯᠣᠯ ᠤᠨ ᠠᠷᠭ᠎ᠠ ᠵᠦᠢ ᠪᠦᠷᠢᠯᠳᠣᠨ ᠲᠣᠭᠳᠠᠵᠠᠢ᠃ ᠭᠡᠬᠦ ᠳᠡᠭᠡᠨ ᠪ᠊ · ᠪᠦᠷᠢᠨᠪᠠᠬᠢ ᠶᠢᠨ ᠰᠢᠯᠦᠭ ᠵᠦᠢ ᠶᠢᠨ | ᠰᠣᠳᠣᠯᠭᠠᠨ ᠤ ᠠᠷᠭ᠎ᠠ ᠵᠦᠢ ᠨᠢ ᠮᠣᠩᠭᠤᠯ ᠰᠢᠯᠦᠭ ᠵᠦᠢ ᠰᠣᠳᠣᠯᠣᠯ ᠤᠨ ᠦᠷᠭᠡᠨ ᠶᠡᠭᠡ ᠪᠣᠯᠣᠮᠵᠢ ᠪᠠ ᠣᠷᠣᠨ | ᠵᠠᠢ ᠶᠢ ᠨᠡᠭᠡᠭᠡᠵᠦ ᠦᠭᠭᠦᠭᠰᠡᠨ ᠪᠦᠭᠡᠳ ᠣᠳᠣᠬᠢᠴᠢ ᠣᠳᠬ᠎ᠠ ᠲᠡᠭᠡᠷᠡᠬᠢ ᠰᠢᠯᠦᠭ ᠵᠦᠢ ᠶᠢᠨ ᠰᠣᠳᠣᠯᠭᠠᠨ ᠤ ᠠᠷᠭ᠎ᠠ | ᠵᠦᠢ ᠪᠣᠯᠵᠠᠢ᠃ | ᠪ᠊ · ᠪᠦᠷᠢᠨᠪᠠᠬᠢ ᠶᠢᠨ ᠰᠢᠯᠦᠭ ᠵᠦᠢ ᠶᠢᠨ ᠰᠣᠳᠣᠯᠭᠠᠨ ᠤ ᠠᠷᠭ᠎ᠠ ᠵᠦᠢ ᠨᠢ ᠮᠣᠩᠭᠤᠯ ᠰᠢᠯᠦᠭ ᠵᠦᠢ ᠶᠢᠨ | ᠣᠨᠣᠯ ᠤᠨ ᠲᠣᠭᠳᠠᠯᠴᠠᠭ᠎ᠠ ᠶᠢ ᠦᠷᠭᠡᠳᠭᠡᠨ ᠪᠠᠶᠠᠯᠢᠭᠵᠢᠭᠤᠯᠬᠤ ᠡᠷᠴᠢᠮᠳᠡᠢ ᠨᠢᠭᠡᠨ ᠠᠷᠭ᠎ᠠ ᠵᠠᠮ ᠪᠣᠯᠵᠣ ᠨᠡᠩ | ᠦᠷᠭᠡᠨ ᠰᠢᠯᠦᠭ ᠵᠦᠢ ᠶᠢᠨ ᠰᠣᠳᠣᠯᠭᠠᠨ ᠤ ᠣᠷᠣᠨ ᠵᠠᠢ ᠶᠢ ᠨᠡᠭᠡᠭᠡᠨ ᠦᠭᠴᠡᠢ᠃ ᠣᠨᠣᠯ ᠦᠭᠦᠯᠡᠬᠦᠢ ᠶᠢᠨ | ᠲᠧᠺᠰᠲ ᠪᠣᠯ ᠬᠠᠷᠢᠴᠠᠩᠭᠤᠢ ᠪᠠᠭ᠎ᠠ᠂ ᠲᠡᠭᠦᠨ ᠢ ᠲᠠᠯᠠᠢ ᠮᠡᠳᠦ ᠭᠡᠵᠦ ᠵᠦᠢᠷᠯᠡᠬᠦ ᠳᠤ ᠪᠡᠷᠬᠡ᠃ ᠭᠡᠪᠡᠴᠦ ᠣᠳᠬ᠎ᠠ | ᠵᠣᠬᠢᠶᠠᠯ ᠤᠨ ᠲᠧᠺᠰᠲ ᠪᠣᠯ ᠮᠠᠰᠢ ᠣᠯᠠᠨ᠂ ᠲᠡᠭᠦᠨ ᠢ ᠲᠠᠯᠠᠢ ᠮᠡᠳᠦ ᠭᠡᠵᠦ ᠵᠦᠢᠷᠯᠡᠨ ᠬᠡᠯᠡᠵᠦ ᠪᠣᠯᠣᠨ᠎ᠠ᠃ | ᠡᠶᠢᠮᠦ ᠠᠴᠠ ᠲᠠᠯᠠᠢ ᠮᠡᠳᠦ ᠵᠣᠬᠢᠶᠠᠯ ᠪᠦᠳᠦᠭᠡᠯ ᠢ ᠰᠣᠳᠣᠯᠣᠨ ᠰᠢᠨᠵᠢᠯᠡᠬᠦ ᠶᠠᠪᠣᠴᠠ ᠲᠣᠮᠳᠠ ᠨᠡᠩ ᠣᠯᠠᠨ ᠰᠢᠯᠦᠭ | ᠵᠦᠢ ᠶᠢᠨ ᠣᠨᠴᠠᠯᠢᠭ ᠪᠣᠶᠣ ᠠᠷᠭ᠎ᠠ ᠣᠨᠣᠯ ᠢ ᠢᠯᠭᠠᠷᠠᠭᠤᠯᠣᠨ ᠭᠠᠷᠭᠠᠵᠣ ᠦᠨᠳᠣᠰᠣᠳᠡᠨ ᠤ ᠣᠨᠣᠯ ᠤᠨ ᠦᠪ ᠢ | ᠪᠠᠶᠠᠯᠢᠭᠵᠢᠭᠤᠯᠵᠣ ᠪᠣᠯᠣᠨ᠎ᠠ᠃ ᠨᠦᠭᠦᠭᠡ ᠲᠠᠯ᠎ᠠ ᠪᠠᠷ᠂ ᠣᠳᠣᠬᠠᠨ ᠤ ᠣᠷᠠᠨ ᠵᠣᠬᠢᠶᠠᠯ ᠤᠨ ᠲᠧᠺᠰᠲ ᠲᠤ | ᠰᠠᠭᠤᠷᠢᠯᠠᠭᠰᠠᠨ ᠰᠢᠯᠦᠭ ᠵᠦᠢ ᠶᠢᠨ ᠰᠣᠳᠣᠯᠣᠯ ᠲᠣᠳᠣᠷᠠᠬᠢ ᠰᠢᠯᠢᠳᠡᠭ ᠰᠠᠶᠢᠨ ᠪᠦᠳᠦᠭᠡᠯ ᠨᠢ ᠨᠡᠯᠢᠶᠡᠳ ᠴᠠᠭ | ᠦᠶ᠎ᠡ ᠶᠢᠨ ᠲᠠᠷᠠᠭ᠎ᠠ ᠮᠦᠨ ᠰᠢᠯᠦᠭ ᠵᠦᠢ ᠶᠢᠨ ᠣᠨᠣᠯ ᠦᠭᠦᠯᠡᠬᠦᠢ ᠶᠢᠨ ᠲᠧᠺᠰᠲ ᠪᠣᠯᠣᠨ ᠣᠯᠠᠷᠢᠨ ᠬᠤᠪᠢᠷᠠᠵᠣ᠂ | ᠦᠨᠳᠣᠰᠣᠳᠡᠨ ᠤ ᠰᠢᠯᠦᠭ ᠵᠦᠢ ᠶᠢᠨ ᠣᠨᠣᠯ ᠤᠨ ᠦᠪ ᠪᠣᠯᠵᠣ ᠲᠠᠬᠢᠨᠳᠠ ᠰᠣᠳᠣᠯᠣᠯ ᠤᠨ ᠬᠦᠷᠢᠶᠡᠨ ᠳᠤ ᠣᠷᠣᠨ᠎ᠠ᠃ | ᠲᠠᠬᠢᠪᠠᠯ᠂ ᠪ᠊ · ᠪᠦᠷᠢᠨᠪᠠᠬᠢ ᠶᠢᠨ ᠠᠷᠭ᠎ᠠ ᠣᠨᠣᠯ ᠤᠨ ᠨᠦᠯᠦᠭᠡᠨ ᠲᠣᠣᠷᠠᠬᠢ ᠬᠤᠵᠢᠮ ᠤᠨ ᠰᠣᠳᠣᠯᠭᠠᠳᠠᠳ ᠤᠨ | ᠰᠢᠯᠦᠭ ᠵᠦᠢ ᠶᠢᠨ ᠰᠣᠳᠣᠯᠭᠠᠨ ᠤ ᠠᠷᠭ᠎ᠠ ᠵᠠᠮ ᠨᠢ ᠲᠠᠰᠣᠷᠠᠯᠳᠠ ᠦᠭᠡᠢ ᠦᠷᠭᠡᠳᠦᠨ ᠪᠠᠶᠠᠯᠢᠭᠵᠢᠵᠣ᠂ ᠡᠨᠡ ᠨᠢ | ᠠᠶᠠᠨᠳᠠᠭᠠᠨ ᠨᠡᠩ ᠪᠠᠶᠠᠯᠢᠭ ᠰᠢᠯᠦᠭ ᠵᠦᠢ ᠶᠢᠨ ᠣᠨᠣᠯ ᠤᠨ ᠦᠪ ᠢ ᠪᠦᠷᠢᠯᠳᠦᠭᠦᠯᠦᠨ᠎ᠡ᠃ | ᠪ᠊ · ᠪᠦᠷᠢᠨᠪᠠᠬᠢ ᠶᠢᠨ ᠣᠳᠬ᠎ᠠ ᠵᠣᠬᠢᠶᠠᠯ ᠰᠣᠳᠣᠯᠭᠠᠨ ᠤ ᠠᠷᠭ᠎ᠠ ᠵᠦᠢ ᠨᠢ ᠣᠳᠣ ᠦᠶ᠎ᠡ ᠶᠢᠨ ᠮᠣᠩᠭᠤᠯ | ᠣᠷᠠᠨ ᠵᠣᠬᠢᠶᠠᠯ ᠤᠨ ᠰᠣᠳᠣᠯᠣᠯ ᠳᠤ ᠰᠢᠭᠦᠮᠵᠢ ᠲᠠᠶᠢᠯᠪᠣᠷᠢ ᠮᠠᠶ᠋ᠢᠭ ᠤᠨ ᠰᠣᠳᠣᠯᠭᠠᠨ ᠠᠴᠠ ᠵᠢᠮ᠎ᠡ ᠬᠠᠣᠯᠢ᠂ | ᠲᠣᠭᠤᠷᠪᠢᠯ ᠵᠦᠢ᠂ ᠰᠢᠯᠦᠭ ᠵᠦᠢ ᠶᠢ ᠰᠣᠪᠢᠬᠤ ᠰᠣᠳᠣᠯᠭᠠᠨ ᠲᠡᠶᠢᠰᠢ ᠰᠢᠯᠵᠢᠬᠦ ᠠᠷᠭ᠎ᠠ ᠵᠠᠮ ᠢ ᠵᠢᠭᠠᠵᠣ᠂ ᠣᠳᠬ᠎ᠠ | ᠵᠣᠬᠢᠶᠠᠯ ᠤᠨ ᠰᠣᠳᠣᠯᠭᠠᠨ ᠨᠢ ᠬᠠᠮᠤᠭ ᠡᠴᠦᠰ ᠲᠤ ᠰᠢᠯᠦᠭ ᠵᠦᠢ ᠶᠢᠨ ᠰᠣᠳᠣᠯᠭᠠᠨ ᠤ ᠦᠨᠳᠣᠷᠴᠡ ᠳᠤ ᠬᠦᠷᠬᠦ | ᠶᠣᠰᠣᠳᠠᠢ ᠭᠡᠳᠡᠭ ᠢ ᠭᠡᠷᠡᠴᠢᠯᠡᠭᠰᠡᠨ ᠪᠠᠶᠢᠨ᠎ᠠ᠃ | ᠶ᠊ · ᠲᠡᠮᠦᠷᠵᠢᠨ᠄ ᠪ᠊ · ᠪᠦᠷᠢᠨᠪᠠᠬᠢ ᠶᠢᠨ ᠰᠢᠯᠦᠭ ᠲᠠᠬᠢ ᠣᠳᠣᠬᠢᠴᠢ ᠰᠢᠨᠵᠢ ᠶᠢᠨ ᠲᠡᠯᠡᠯᠲᠡ | ᠪ᠊ · ᠪᠦᠷᠢᠨᠪᠠᠬᠢ ᠪᠣᠯ ᠣᠳᠣ ᠦᠶ᠎ᠡ ᠶᠢᠨ ᠮᠣᠩᠭᠤᠯ ᠤᠳᠬ᠎ᠠ ᠵᠣᠬᠢᠶᠠᠯ ᠤᠨ ᠦᠨᠳᠦᠰᠦᠯᠡᠭᠴᠢ ᠶᠢᠨ ᠨᠢᠭᠡ | ᠮᠥᠨ᠃ ᠡᠨᠡ ᠬᠦ ᠦᠨᠳᠦᠰᠦᠯᠡᠭᠴᠢ ᠭᠡᠬᠦ ᠦᠭᠡᠨ ᠳᠤ ᠰᠠᠭᠤᠷᠢ ᠶᠢᠨ ᠴᠢᠯᠠᠭᠤ ᠶᠢ ᠲᠠᠯᠪᠢᠭᠴᠢ᠂ ᠰᠣᠩᠭᠤᠳᠠᠭ | ᠦᠯᠢᠭᠡᠷ ᠵᠠᠭᠪᠤᠷ ᠢ ᠡᠭᠦᠳᠦᠭᠴᠢ᠂ ᠤᠷᠲᠤ ᠤᠳᠠᠭᠠᠨ ᠨᠥᠯᠥᠭᠡᠯᠡᠭᠴᠢ ᠭᠡᠬᠦ ᠮᠡᠲᠦ ᠶᠢᠨ ᠤᠳᠬ᠎ᠠ ᠠᠭᠤᠯᠤᠭᠳᠠᠵᠤ ᠪᠤᠢ | ᠃ ᠲᠡᠭᠦᠨ ᠢᠶᠠᠷ ᠥᠯᠥ ᠪᠠᠷᠠᠨ ᠪ᠊ · ᠪᠦᠷᠢᠨᠪᠠᠬᠢ ᠶᠢᠨ ᠵᠣᠬᠢᠶᠠᠨ ᠪᠦᠲᠦᠭᠡᠯᠭᠡ ᠣᠳᠣ ᠦᠶ᠎ᠡ ᠶᠢᠨ ᠮᠣᠩᠭᠤᠯ ᠤᠳᠬ᠎ᠠ | ᠵᠣᠬᠢᠶᠠᠯ ᠤᠨ ᠡᠬᠢᠨ ᠤ ᠭᠠᠷᠤᠭ᠎ᠠ ᠳᠤ ᠯᠡ ᠬᠠᠮᠢᠶᠠᠷᠤᠭᠳᠠᠬᠤ ᠪᠤᠰᠤ᠂ ᠬᠠᠷᠢᠨ ᠬᠤᠷᠢᠳᠤᠭᠠᠷ ᠵᠠᠭᠤᠨ ᠤ ᠲᠠᠪᠢᠭᠠᠳ | ᠣᠨ ᠤ ᠡᠬᠢᠨ ᠠᠴᠠ ︽ᠰᠢᠨ᠎ᠡ ᠡᠷᠢᠨ︾ ᠤ ᠶᠡᠷᠡᠭᠡᠳ ᠣᠨ ᠤ ᠡᠬᠢᠨ ᠬᠦᠷᠴᠦ ᠢᠷᠠᠲᠠᠯᠠ ᠲᠤᠭᠤᠰᠢ | ᠦᠷᠭᠦᠯᠵᠢᠯᠡᠭᠰᠡᠨ ᠶᠤᠮ ᠪᠠᠶᠢᠨ᠎ᠠ᠃ ᠲᠡᠶᠢᠮᠦ ᠠᠴᠠ ᠪ᠊ · ᠪᠦᠷᠢᠨᠪᠠᠬᠢ ᠶᠢᠨ ᠵᠣᠬᠢᠶᠠᠯ ᠪᠦᠲᠦᠭᠡᠯ ᠪᠣᠯ ᠣᠳᠣ | ᠦᠶ᠎ᠡ ᠶᠢᠨ ᠮᠣᠩᠭᠤᠯ ᠤᠳᠬ᠎ᠠ ᠵᠣᠬᠢᠶᠠᠯ ᠤᠨ ᠰᠤᠳᠤᠯᠭᠠᠨ ᠤ ᠲᠣᠭᠤᠷᠢᠵᠤ ᠭᠠᠷᠴᠤ ᠪᠣᠯᠣᠰᠢ ᠦᠭᠡᠢ ᠲᠣᠮᠣ ᠬᠥᠰᠢᠶ᠎ᠡ | ᠳᠤᠷᠠᠰᠬᠠᠯ ᠮᠥᠨ᠃ ᠬᠤᠷᠢᠳᠤᠭᠠᠷ ᠵᠠᠭᠤᠨ ᠤ ᠲᠠᠪᠢᠭᠠᠳ ᠣᠨ ᠠᠴᠠ ᠡᠳᠦᠭᠡ ᠬᠦᠷᠴᠦ ᠢᠷᠠᠲᠠᠯᠠ ᠪ᠊ · ᠪᠦᠷᠢᠨᠪᠠᠬᠢ | ᠪᠣᠯ ᠬᠠᠮᠤᠭ ᠠᠴᠠ ᠣᠯᠠᠨ ᠰᠤᠳᠤᠯᠤᠭᠳᠠᠭᠰᠠᠨ ᠰᠢᠯᠦᠭᠴᠢ ᠶᠢᠨ ᠨᠢᠭᠡ ᠨᠢ ᠪᠢᠯᠡ᠃ ᠲᠡᠶᠢᠨ ᠬᠦ᠂ ᠥᠩᠭᠡᠷᠡᠭᠰᠡᠨ ᠤ | ᠰᠤᠳᠤᠯᠭ᠎ᠠ ᠶᠢ ᠨᠣᠷᠱᠣᠨ ᠳᠠᠪᠲᠠᠬᠤ ᠠᠴᠠ ᠵᠠᠶᠢᠯᠠᠰᠬᠢᠶᠠ ᠭᠡᠪᠡᠯ ᠰᠢᠨ᠎ᠡ ᠣᠨᠣᠯ ᠠᠷᠭ᠎ᠠ ᠶᠢ ᠬᠠᠶᠢᠨ ᠰᠦᠪᠡᠭᠴᠢᠯᠡᠬᠦ | ᠬᠡᠷᠡᠭᠲᠡᠢ ᠶᠤᠮ᠃ | ᠣᠳᠣᠬᠢᠴᠢ ᠰᠢᠨᠵᠢ ︵Modernity︶ ᠭᠡᠳᠡᠭ ᠨᠢ ᠣᠶᠢᠷ᠎ᠠ ᠶᠢᠨ ᠵᠢᠯ ᠳᠤ ᠥᠷᠥᠨᠡᠳᠠᠬᠢᠨ ᠠᠴᠠ | ᠳᠣᠷᠣᠨᠠᠳᠠᠬᠢᠨ ᠳᠤ ︽ᠵᠢᠭᠤᠯᠴᠢᠯᠠᠭᠰᠠᠨ︾ ᠡᠷᠳᠡᠮ ᠰᠢᠨᠵᠢᠯᠡᠭᠡᠨ ᠤ ᠬᠥᠭᠵᠢᠶᠡᠨ ᠲᠠᠢ ᠬᠡᠯᠡᠬᠦᠢ ᠪᠣᠯᠣᠭᠰᠠᠨ | ᠮᠥᠷᠲᠡᠯ᠎ᠡ ᠪᠠᠨ ᠡᠭᠡᠳᠡᠷᠡᠭᠡᠨ ᠪᠤᠳᠤᠯᠢᠶᠠᠨᠲᠠᠢ᠂ ᠵᠥᠷᠢᠴᠡᠯ ᠮᠠᠷᠭᠤᠭᠠᠨ ᠲᠠᠢ ᠤᠬᠠᠭᠳᠠᠬᠤᠨ ᠪᠠᠶᠢᠭ᠎ᠠ ᠶᠤᠮ᠃ | ᠣᠳᠣᠬᠢᠴᠢ ᠰᠢᠨᠵᠢ᠂ ᠣᠳᠣᠬᠢᠴᠢᠯᠠᠯ ︵Modernization︶᠂ ᠣᠳᠣᠬᠢᠴᠢ ᠦᠵᠡᠯ ︵Modernism︶ | ᠭᠤᠷᠪᠠ ᠨᠢ ᠴᠦ ᠬᠠᠷᠢᠯᠴᠠᠨ ᠬᠤᠯᠪᠣᠭ᠎ᠠ ᠲᠠᠢ ᠪᠥᠭᠡᠳ ᠢᠯᠭᠠᠭ᠎ᠠ ᠲᠠᠢ ᠤᠬᠠᠭᠳᠠᠬᠤᠨ᠃ ᠭᠦᠨ ᠤᠬᠠᠭᠠᠨ᠂ | ᠨᠡᠶᠢᠭᠡᠮ ᠤᠨ ᠤᠬᠠᠭᠠᠨ᠂ ᠤᠯᠤᠰ ᠲᠥᠷᠥ᠂ ᠠᠵᠤ ᠠᠬᠤᠢ᠂ ᠤᠳᠬ᠎ᠠ ᠤᠷᠠᠯᠢᠭ ᠵᠡᠷᠭᠡ ᠠᠯᠢ ᠣᠯᠠᠨ ᠰᠢᠨᠵᠢᠯᠡᠭᠡᠨ ᠤ | ᠰᠠᠯᠠᠭ᠎ᠠ ᠨᠢ ᠥᠪᠡᠷ ᠥᠪᠡᠷ ᠤᠨ ᠬᠠᠷᠠᠭ᠎ᠠ ᠵᠣᠭᠰᠣᠴᠠ ᠠᠴᠠ ᠣᠳᠣᠬᠢᠴᠢ ᠰᠢᠨᠵᠢ ᠶᠢ ᠴᠣᠭᠴᠠᠯᠠᠨ᠂ ᠲᠠᠶᠢᠯᠪᠤᠷᠢᠯᠠᠨ᠂ | ᠰᠦᠬᠦᠭᠡᠨ᠂ ᠵᠠᠳᠠᠷᠠᠭᠤᠯᠤᠨ ᠮᠡᠳᠭᠡᠯᠴᠡᠭᠰᠡᠭᠡᠷ ᠢᠷᠡᠭᠰᠡᠨ ᠲᠡᠳᠦᠢ ᠦᠭᠡᠢ᠂ ᠨᠢᠭᠡᠨ ᠰᠢᠨᠵᠢᠯᠡᠭᠡᠨ ᠤ ᠰᠠᠯᠠᠭ᠎ᠠ ᠶᠢᠨ | ᠳᠣᠲᠣᠭᠠᠳᠤ ᠳᠤ ᠴᠦ ᠠᠳᠠᠯᠢ ᠪᠤᠰᠤ ᠰᠠᠨᠠᠯ ᠴᠥᠭᠡᠨ ᠪᠤᠰᠤ᠃ ᠠᠳᠡ ᠭᠤᠣᠯᠳᠠᠭᠤ ᠠᠮᠧᠷᠢᠺᠠ ᠶᠢᠨ ᠡᠷᠳᠡᠮᠲᠡᠨ | ᠮᠠᠲ᠋ᠠᠢ ᠺᠠᠯᠢᠨᠧᠰᠺᠦ ︵Matei Calinescu︶ ᠶᠢᠨ ᠢᠯᠭᠠᠨ ᠴᠡᠭᠴᠡᠯᠡᠭᠰᠡᠨ ︽ᠬᠤᠶᠠᠷ ᠵᠦᠢᠯ ᠤᠨ ᠣᠳᠣᠬᠢᠴᠢ | ᠰᠢᠨᠵᠢ︾ ᠭᠡᠳᠡᠭ ᠲᠤ ᠦᠨᠳᠦᠰᠦᠯᠡᠨ ᠪ᠊ · ᠪᠦᠷᠢᠨᠪᠠᠬᠢ ᠶᠢᠨ ᠰᠢᠯᠦᠭ ᠲᠤ ᠵᠠᠳᠠᠯᠤᠯᠲᠠ ᠬᠢᠬᠦ ᠶᠢ ᠵᠣᠷᠢᠵᠤ ᠪᠤᠢ᠃ | ᠨᠡᠶᠢᠭᠡᠮ ᠤᠨ ︵ᠭᠡᠭᠡᠷᠡᠭᠦᠯᠦᠯ ᠤᠨ︶ ᠣᠳᠣᠬᠢᠴᠢ ᠰᠢᠨᠵᠢ ᠭᠡᠳᠡᠭ ᠨᠢ ᠳᠡᠪᠰᠢᠯ ᠤᠨ ᠣᠨᠣᠯ ᠳᠤ ᠲᠤᠯᠭᠠᠭᠤᠷᠢᠯᠠᠵᠤ᠂ | ᠰᠢᠨᠵᠢᠯᠡᠬᠦ ᠤᠬᠠᠭᠠᠨ ᠮᠡᠷᠭᠡᠵᠢᠯ ᠤᠨ ᠬᠥᠮᠥᠨ ᠲᠥᠷᠥᠯᠬᠢᠲᠡᠨ ᠳᠤ ᠵᠣᠯ ᠵᠢᠷᠭᠠᠯ ᠠᠪᠴᠢᠷᠠᠨ ᠥᠭᠬᠦ ᠶᠢ ᠢᠲᠡᠭᠡᠬᠦ᠂ | ᠴᠠᠭ ᠤᠨ ᠦᠨ᠎ᠡ ᠥᠷᠲᠡᠭ ᠪᠠ ᠣᠶᠤᠨᠴᠢ ᠴᠢᠨᠠᠷ ᠢ ᠡᠷᠬᠢᠮᠯᠡᠬᠦ᠂ ᠬᠡᠶᠢᠰᠪᠦᠷᠢ ᠬᠥᠮᠦᠯᠢᠭ ᠦᠵᠡᠯ ᠤᠨ ᠬᠦᠷᠢᠶᠡᠨ ᠳᠠᠬᠢ | ᠡᠷᠬᠡ ᠴᠢᠯᠦᠭᠡᠨ ᠤ ᠬᠦᠰᠡᠯᠡᠩ ᠵᠢᠴᠢ ᠬᠡᠷᠡᠭᠯᠡᠭᠡᠨ ᠤ ᠦᠵᠡᠯ᠂ ᠪᠤᠳᠠᠳᠤ ᠠᠵᠢᠯᠯᠠᠭ᠎ᠠ ᠪᠠ ᠠᠮᠵᠢᠯᠲᠠ ᠶᠢ ᠰᠠᠶᠢᠰᠢᠶᠠᠨ | ᠳᠡᠭᠡᠳᠦᠯᠡᠬᠦ ᠣᠨᠴᠠᠯᠢᠭ ᠲᠠᠢ᠃ ᠭᠤᠸ᠎ᠠ ᠰᠤᠪᠢᠯᠲᠠ ᠶᠢᠨ ᠣᠳᠣᠬᠢᠴᠢ ᠰᠢᠨᠵᠢ ᠨᠢ ᠨᠡᠶᠢᠭᠡᠮ ᠤᠨ ︵ᠭᠡᠭᠡᠷᠡᠭᠦᠯᠦᠯ ᠤᠨ︶ | ᠣᠳᠣᠬᠢᠴᠢ ᠰᠢᠨᠵᠢ ᠠᠴᠠ ᠬᠡᠲᠦ᠋ᠢᠳᠬᠦ᠂ ᠲᠡᠭᠦᠨ ᠯᠦᠭᠡ ᠥᠯᠥ ᠡᠪᠯᠡᠷᠡᠬᠦ᠂᠂ ᠲᠡᠭᠦᠨ ᠢ ᠤᠷᠠᠯᠢᠭ ᠢᠶᠠᠷ ᠰᠦᠬᠦᠭᠡᠬᠦ | ᠵᠡᠷᠭᠡ ᠣᠨᠴᠠᠯᠢᠭ ᠲᠠᠢ᠃ | ᠣᠳᠣᠬᠢᠴᠢ ᠰᠢᠨᠵᠢ ᠶᠢᠨ ᠰᠢᠨᠠᠯᠤᠯ ᠪᠣᠯ ᠣᠳᠣ ᠦᠶ᠎ᠡ ᠶᠢᠨ ᠮᠣᠩᠭᠤᠯ ᠤᠳᠬ᠎ᠠ ᠵᠣᠬᠢᠶᠠᠯ ᠤᠨ ᠨᠡᠶᠢᠲᠡᠯᠢᠭ | ᠢᠯᠡᠷᠡᠯ ᠪᠣᠯᠬᠤ ᠶᠤᠮ᠃ ᠭᠡᠪᠡᠴᠦ ᠪ᠊ · ᠪᠦᠷᠢᠨᠪᠠᠬᠢ ᠶᠢᠨ ᠰᠢᠯᠦᠭ᠂ ᠣᠳᠣᠬᠢᠴᠢ ᠰᠢᠨᠵᠢ ᠶᠢᠨ ᠬᠦᠰᠡᠯᠲᠡ᠂ | ᠡᠷᠡᠮᠡᠯᠵᠡᠯ᠂ ᠡᠷᠢᠯᠲᠡ᠂ ᠲᠡᠮᠡᠦᠯᠦᠯ᠂ ᠱᠠᠭᠠᠷᠳᠠᠯᠭ᠎ᠠ ᠪᠠᠨ ᠲᠤᠤᠱ ᠪᠠᠷᠢᠮᠲᠠᠯᠠᠭᠰᠠᠨ ᠪᠠ ᠥᠪᠡᠷᠮᠢᠴᠡ ᠪᠠᠷ | ᠢᠯᠡᠷᠬᠡᠶᠢᠯᠡᠭᠰᠡᠨ ᠢᠶᠠᠷ ᠢᠶᠠᠨ ᠣᠨᠴᠠᠯᠢᠭᠳᠠᠵᠤ ᠪᠤᠢ᠃ ᠪ᠊ · ᠪᠦᠷᠢᠨᠪᠠᠬᠢ ᠶᠢᠨ ᠰᠢᠯᠦᠭ ᠲᠠᠬᠢ ᠣᠳᠣᠬᠢᠴᠢ ᠰᠢᠨᠵᠢ ᠶᠢᠨ | ᠬᠥᠭᠡᠭᠡᠴᠡᠯᠳᠦᠯ ᠨᠢ ᠬᠤᠪᠢᠰᠬᠠᠯ ᠤᠨ ᠣᠳᠣᠬᠢᠴᠢ ᠰᠢᠨᠵᠢ᠂ ᠨᠡᠶᠢᠭᠡᠮ ᠤᠨ ︵ᠭᠡᠭᠡᠷᠡᠭᠦᠯᠦᠯ ᠤᠨ︶ ᠣᠳᠣᠬᠢᠴᠢ ᠰᠢᠨᠵᠢ | ᠂ ᠭᠤᠸ᠎ᠠ ᠰᠤᠪᠢᠯᠲᠠ ᠶᠢᠨ ᠣᠳᠣᠬᠢᠴᠢ ᠰᠢᠨᠵᠢ ᠵᠡᠷᠭᠡ ᠣᠯᠠᠨ ᠳᠡᠭᠲᠡᠷᠯᠢᠭ ᠲᠠᠢ ᠪᠥᠭᠡᠳ ᠬᠤᠭᠤᠷᠣᠨᠳᠤ ᠪᠠᠨ | ᠥᠪᠡᠷ ᠤᠨ ᠭᠡᠬᠦ ᠤᠷᠠᠯᠢᠭ ᠤᠨ ᠲᠡᠯᠡᠯᠲᠡ ᠶᠢ ᠪᠦᠷᠢᠯᠳᠦᠭᠦᠯᠵᠡᠢ᠃ | ᠨᠢᠭᠡ᠂ ᠬᠤᠪᠢᠰᠬᠠᠯ ᠤᠨ ᠣᠳᠣᠬᠢᠴᠢ ᠰᠢᠨᠵᠢ᠃ ᠬᠤᠪᠢᠰᠬᠠᠯ ᠤᠨ ᠲᠡᠦᠬᠡ ᠶᠢ ᠤᠷᠠᠯᠢᠭᠴᠢᠯᠠᠨ ᠮᠠᠭᠲᠠᠬᠤ᠂ | ᠵᠦᠢ ᠶᠣᠰᠣᠵᠢᠭᠤᠯᠬᠤ᠂ ᠰᠣᠩᠭᠤᠳᠠᠭᠵᠢᠭᠤᠯᠬᠤ᠂ ᠨᠠᠮ ᠵᠠᠰᠠᠭ ᠲᠡᠷᠢᠭᠦᠯᠡᠭᠴᠢ ᠳᠤ ᠬᠦᠨᠳᠦᠳᠬᠡᠯ ᠲᠠᠯᠠᠷᠬᠠᠯ | ᠢᠯᠡᠷᠬᠡᠶᠢᠯᠡᠬᠦ᠂ ᠡᠬᠡ ᠣᠷᠣᠨ ᠢᠶᠠᠨ ᠪᠠᠭ᠋ᠠᠳᠠᠬᠤ᠂ ᠰᠠᠷᠠᠭᠤᠯ ᠢᠷᠡᠭᠡᠳᠦᠢ ᠶᠢ ᠵᠥᠩᠨᠡᠨ ᠢᠷᠦᠭᠡᠬᠦ ᠵᠡᠷᠭᠡ ᠪᠠᠷ ᠢᠯᠡᠷᠡᠨ᠎ᠡ | ᠃ ︽ᠰᠡᠳᠬᠢᠯ ᠪᠠ ᠰᠦ︾᠂ ︽ᠵᠢᠷᠦᠬᠡᠨ ᠤ ᠵᠢᠷᠦᠬᠡ︾᠂ ︽ᠴᠡᠷᠢᠭ ᠤᠨ ᠬᠠᠭᠤᠴᠢᠨ ᠬᠤᠪᠴᠠᠰᠤ︾᠂ ︽ | ᠨᠥᠬᠦᠷ ᠲᠤ︾ ᠵᠡᠷᠭᠡ ᠤᠯᠤᠰ ᠲᠥᠷᠥ ᠶᠢᠨ ᠤᠶᠠᠩᠭ᠎ᠠ ᠰᠢᠯᠦᠭ ᠲᠤ ᠡᠶᠢᠮᠦᠷᠬᠦᠦ ᠢᠷᠦᠭᠡᠯ᠂ ᠮᠠᠭᠲᠠᠭᠠᠯ᠂ | ᠬᠦᠨᠳᠦᠳᠬᠡᠯ᠂ ᠲᠠᠯᠠᠷᠬᠠᠯ ᠨᠢ ᠴᠡᠭ ᠢᠶᠠᠷ ᠵᠢᠷᠤᠭᠠᠰᠤ ᠶᠢ ᠬᠥᠲᠥᠯᠵᠦ᠂ ᠬᠠᠪᠲᠠᠭᠠᠢ ᠶᠢ ᠦᠵᠡᠭᠦᠯᠬᠦ ᠮᠠᠶ᠋ᠢᠭ ᠢᠶᠠᠷ | ᠲᠤᠭᠤᠷᠪᠢᠭᠳᠠᠵᠠᠢ᠃ | ᠬᠤᠶᠠᠷ᠂ ᠨᠡᠶᠢᠭᠡᠮ ᠤᠨ ︵ᠭᠡᠭᠡᠷᠡᠭᠦᠯᠦᠯ ᠤᠨ︶ ᠣᠳᠣᠬᠢᠴᠢ ᠰᠢᠨᠵᠢ᠃ ᠨᠡᠶᠢᠭᠡᠮ ᠤᠨ ︵ᠭᠡᠭᠡᠷᠡᠭᠦᠯᠦᠯ ᠤᠨ︶ | ᠣᠳᠣᠬᠢᠴᠢ ᠰᠢᠨᠵᠢ ᠪᠣᠯ ᠪ᠊ · ᠪᠦᠷᠢᠨᠪᠠᠬᠢ ᠶᠢᠨ ᠨᠠᠰᠤᠨ ᠲᠤᠷᠰᠢᠲᠠ ᠤᠶᠢᠭ᠎ᠠ ᠦᠭᠡᠢ ᠬᠥᠭᠡᠭᠡᠴᠡᠯᠳᠦᠭᠰᠡᠨ ᠲᠣᠮᠣ | ᠬᠡᠯᠡᠬᠦᠢ ᠮᠥᠨ᠃ ᠲᠡᠷᠡ ᠨᠢ ᠠᠤᠭ᠎ᠠ ᠬᠦᠦᠷᠨᠢᠯ ︵ᠤᠶᠠᠩᠭᠠᠯᠠᠯ︶᠂ ᠨᠡᠶᠢᠭᠡᠮᠴᠢᠯᠡᠭᠰᠡᠨ ᠪᠠᠶᠢᠭᠠᠯᠢ᠂ ︽ᠨᠤᠲᠤᠭ︾ | ᠤᠨ ᠬᠤᠪᠢᠷᠠᠯᠲᠠ ᠶᠢ ᠲᠣᠪᠤᠶᠢᠯᠭᠠᠬᠤ᠂ ᠰᠢᠳᠢ ᠦᠭᠡᠶᠢᠳᠡᠭᠦᠯᠬᠦ᠂ ︽ᠬᠡᠲᠦ ᠪᠢ︾ ᠶᠢᠨ ᠳᠦᠷᠢ ᠶᠢ ᠪᠦᠲᠦᠭᠡᠬᠦ᠂ | ᠨᠡᠶᠢᠭᠡᠮ ᠤᠨ ᠣᠳᠣᠬᠢᠴᠢ ᠰᠢᠨᠵᠢ ︵ᠣᠳᠣᠬᠢᠴᠢᠯᠠᠯ ᠤᠨ︶ ᠶᠢᠨ ᠲᠥᠰᠥᠪᠯᠡᠭᠡ ᠵᠣᠬᠢᠶᠠᠬᠤ ᠵᠡᠷᠭᠡ ᠣᠯᠠᠨ ᠲᠠᠯᠠᠲᠤ | ᠢᠯᠡᠷᠡᠯ ᠲᠠᠢ ᠪᠢᠯᠡ᠃ | ᠭᠤᠷᠪᠠ᠂ ᠭᠤᠸ᠎ᠠ ᠰᠤᠪᠢᠯᠲᠠ ᠶᠢᠨ ᠣᠳᠣᠬᠢᠴᠢ ᠰᠢᠨᠵᠢ᠃ 1954 ᠣᠨ ᠳᠤ ᠨᠡᠶᠢᠲᠡᠯᠡᠭᠰᠡᠨ ︽ | ᠠᠳᠤᠭᠤᠴᠢᠨ︾ ᠭᠡᠬᠦ ᠰᠢᠯᠦᠭ ᠠᠴᠠ ᠡᠬᠢᠯᠡᠭᠡᠳ ︽ᠪᠸᠢ ᠬᠠᠢ ᠴᠡᠴᠡᠷᠯᠢᠭ ᠲᠠᠬᠢ ᠬᠤᠶᠠᠷ ᠳᠠᠯᠠᠢ︾᠂ ︽ᠰᠢᠵᠢᠷ | ᠠᠯᠲᠠᠨ ᠤᠯᠠᠷᠢᠯ︾᠂ ︽ᠪᠥᠵᠢᠭ︾᠂ ︽ᠮᠥᠩᠭᠦᠨ ᠳᠡᠯᠡᠬᠡᠢ ᠶᠢᠨ ᠡᠵᠡᠳ︾ ᠵᠢᠴᠢ ︽ᠰᠢᠨ᠎ᠡ ᠡᠷᠢᠨ︾ ᠳᠤ | ᠪᠢᠴᠢᠭᠰᠡᠨ ᠤᠶᠠᠩᠭ᠎ᠠ ᠶᠢᠨ ᠣᠬᠤᠷ ᠰᠢᠯᠦᠭ ᠤᠳ ᠲᠤ ᠴᠣᠯ ᠤᠷᠠᠯᠢᠭ ᠤᠨ ᠶᠢᠷᠲᠢᠨᠴᠦᠰ ᠪᠠ ᠭᠤᠸ᠎ᠠ ᠰᠠᠶᠢᠬᠠᠨ ᠤ | ᠦᠨ᠎ᠡ ᠥᠷᠲᠡᠭ ᠢ ᠪᠦᠲᠦᠭᠡᠭᠰᠡᠨ ᠨᠢ ᠴᠠᠭ ᠦᠶ᠎ᠡ᠂ ᠨᠡᠶᠢᠭᠡᠮ ᠤᠨ ᠣᠳᠣᠬᠢᠴᠢ ᠰᠢᠨᠵᠢ ᠶᠢᠨ ᠱᠠᠭᠠᠷᠳᠠᠯᠭ᠎ᠠ ᠠᠴᠠ | ᠬᠡᠲᠦ᠋ᠢᠳᠦᠨ ᠳᠠᠪᠠᠭᠰᠠᠨ ᠲᠤᠭᠤᠷᠪᠢᠯ ᠪᠣᠯᠵᠠᠢ᠃ | ᠪ᠊ · ᠪᠦᠷᠢᠨᠪᠠᠬᠢ ᠣᠯᠠᠨ ᠵᠢᠯ ᠤᠨ ᠰᠢᠯᠦᠭ ᠲᠤᠭᠤᠷᠪᠢᠯ ᠢᠶᠠᠷ ᠢᠶᠠᠨ ᠤᠶᠠᠩᠭ᠎ᠠ ᠶᠢᠨ ᠣᠳᠣᠬᠢᠴᠢ ᠰᠢᠨᠵᠢ ᠶᠢ | ᠬᠥᠭᠡᠭᠡᠴᠡᠯᠳᠦᠵᠦ᠂ ᠤᠷᠠᠨ ᠤ ᠰᠢᠨ᠎ᠡ ᠶᠢᠷᠲᠢᠨᠴᠦᠰ ᠢ ᠴᠣᠭᠴᠠᠯᠠᠨ ᠪᠦᠲᠦᠭᠡᠵᠡᠢ᠃ | ᠰᠠᠴᠡᠨᠮᠦ᠋ᠩᠬᠡ᠄ ᠪ᠊ · ᠪᠦᠷᠢᠨᠪᠠᠬᠢ ᠶᠢᠨ ᠮᠤᠩᠭᠤᠯ ᠪᠠᠭᠠᠳᠤᠷ ᠤᠨ ᠲᠤᠤᠯᠢ ᠶᠢᠨ ᠤᠬᠰᠠᠭᠠᠳᠠᠨ ᠤ ᠰᠢᠯᠦᠭ | ᠵᠦᠢ ᠶᠢᠨ ᠤᠨᠤᠯ ᠤᠨ ᠲᠤᠬᠳᠠᠯᠴᠠᠭ᠎ᠠ | ᠤᠬᠰᠠᠭᠠᠳᠠᠨ ᠤ ᠰᠢᠯᠦᠭ ᠵᠦᠢ ᠪᠤᠯ 20 ᠳ᠋ᠤᠭᠠᠷ ᠵᠠᠭᠤᠨ ᠤ ᠵᠢᠷᠠᠭᠠᠳ ᠤᠨ ᠤ ᠰᠡᠬᠦᠯᠴᠢ᠂ ᠲᠠᠯᠠᠭᠠᠳ | ᠤᠨ ᠤ ᠡᠬᠢ ᠪᠠᠷ ᠠᠮᠧᠷᠢᠺᠠ ᠶᠢᠨ ᠵᠠᠩ ᠦᠢᠯᠡ ᠶᠢᠨ ᠤᠬᠠᠭᠠᠨ᠂ ᠬᠦᠮᠦᠨ ᠵᠦᠢ ᠶᠢᠨ ᠰᠤᠳᠤᠯᠭᠠᠨ ᠤ ᠬᠦᠷᠢᠶᠠᠨ ᠳᠤ | ᠡᠬᠦᠰᠦᠭᠰᠡᠨ ᠴᠢᠬᠤᠯᠠ ᠤᠨᠤᠯ ᠤᠨ ᠤᠷᠤᠰᠬᠠᠯ ᠪᠤᠯᠬᠤ ᠶᠤᠮ᠃ ᠬᠡᠷᠪᠡ ᠪᠢᠳᠡ ᠦᠷᠦᠨᠡᠳᠡᠬᠢᠨ ᠤ ᠤᠬᠰᠠᠭᠠᠳᠠᠨ ᠤ | ᠰᠢᠯᠦᠭ ᠵᠦᠢ ᠨᠢ ᠬᠡᠰᠡᠭ ᠡᠷᠳᠡᠮᠳᠡᠳ ᠤᠨ ᠦᠷᠦᠨᠡᠳᠡᠬᠢᠨ ᠤ ᠪᠤᠰᠤ ᠤᠷᠤᠨ ᠨᠤᠭᠤᠳ ᠤᠨ ᠤᠬᠰᠠᠭᠠᠳᠠᠨ ᠤ ᠠᠮᠠᠨ | ᠤᠯᠠᠮᠵᠢᠯᠠᠯᠳᠤ ᠰᠢᠯᠦᠭ ᠲᠠᠭᠤᠯᠠᠯ ᠢ ᠬᠡᠷᠬᠢᠨ ᠦᠢᠯᠠᠭᠠᠬᠤ ᠲᠤᠬᠠᠢ ᠦᠵᠡᠯᠳᠠ ᠤᠢᠢᠯᠠᠭᠠᠯᠳᠠ ᠲᠠᠢ ᠰᠢᠭᠤᠳ | ᠬᠤᠯᠪᠤᠭ᠎ᠠ ᠲᠠᠢ ᠪᠠᠷ ᠡᠬᠦᠰᠦᠭᠰᠡᠨ ᠤᠨᠤᠯ ᠤᠨ ᠤᠷᠤᠰᠬᠠᠯ ᠬᠡᠵᠤ ᠦᠵᠡᠬᠦ ᠳᠤ ᠬᠦᠷᠪᠡᠯ᠂ ᠪ᠊ · ᠪᠦᠷᠢᠨᠪᠠᠬᠢ ᠶᠢᠨ | ᠮᠤᠩᠭᠤᠯ ᠪᠠᠭᠠᠳᠤᠷ ᠤᠨ ᠲᠤᠤᠯᠢ ᠶᠢᠨ ᠰᠢᠯᠦᠭ ᠵᠦᠢ ᠨᠢ ᠮᠤᠩᠭᠤᠯ ᠲᠤᠤᠯᠢ ᠶᠢᠨ ᠪᠡᠶᠡᠯᠢᠭ᠋ ᠡᠬᠡ | ᠬᠡᠷᠡᠭᠯᠡᠭᠳᠡᠬᠦᠨ ᠳᠡᠭᠡᠨ ᠰᠠᠭᠤᠷᠢᠯᠠᠬᠰᠠᠨ᠂ ᠦᠪᠡᠷ ᠤᠨ ᠦᠨᠳᠦᠰᠦᠳᠠᠨ ᠤ ᠤᠨᠴᠠᠯᠢᠭ ᠲᠠᠢ ᠮᠤᠩᠭᠤᠯ ᠪᠠᠭᠠᠳᠤᠷ ᠤᠨ | ᠲᠤᠤᠯᠢ ᠶᠢᠨ ᠰᠢᠯᠦᠭ ᠵᠦᠢ ᠶᠢᠨ ᠤᠨᠤᠯ ᠪᠤᠯᠬᠤ ᠶᠤᠮ᠃ | ᠪ᠊ · ᠪᠦᠷᠢᠨᠪᠠᠬᠢ ᠠᠴᠠ ︽ᠮᠤᠩᠭᠤᠯ ᠪᠠᠭᠠᠳᠤᠷᠯᠢᠭ ᠲᠤᠤᠯᠢᠰ ᠤᠨ ᠰᠢᠯᠦᠭ ᠵᠦᠢ︾ ᠬᠡᠬᠦ ᠭᠠᠭᠴᠠ | ᠰᠡᠳᠦᠪᠳᠤ ᠪᠦᠳᠦᠬᠡᠯ ᠳᠡᠭᠡᠨ ᠤᠬᠰᠠᠭᠠᠳᠠᠨ ᠤ ᠰᠢᠯᠦᠭ ᠵᠦᠢ ᠶᠢᠨ ᠡᠬᠦᠳᠡᠨ ᠠᠴᠠ ᠮᠤᠩᠭᠤᠯ ᠤᠬᠰᠠᠭᠠᠳᠠᠨ ᠤ ᠠᠮᠠᠨ | ᠤᠯᠠᠮᠵᠢᠯᠠᠯ ᠤᠨ ᠴᠢᠬᠤᠯᠠ ᠨᠢᠬᠡᠨ ᠬᠡᠯᠪᠡᠷᠢ ᠪᠤᠯᠬᠤ ᠲᠤᠤᠯᠢᠰ ᠤᠨ ᠪᠠᠶᠠᠯᠢᠭ ᠡᠬᠡ ᠬᠡᠷᠡᠭᠯᠡᠭᠳᠡᠬᠦᠨ ᠳᠡᠭᠡᠨ ᠰᠠᠭᠤᠷᠢᠯᠠᠵᠤ | ᠂ ᠮᠤᠩᠭᠤᠯ ᠪᠠᠭᠠᠳᠤᠷ ᠤᠨ ᠲᠤᠤᠯᠢ ᠶᠢᠨ ᠲᠤᠳᠤᠭᠠᠳᠤ ᠪᠦᠳᠦᠴᠡ ᠵᠢᠴᠢ ᠲᠡᠬᠦᠨ ᠤ ᠭᠤᠸ᠎ᠠ ᠵᠦᠢ ᠶᠢᠨ ᠦᠪᠡᠷᠮᠢᠴᠡ | ᠤᠨᠴᠠᠯᠢᠭ ᠰᠢᠨᠵᠢ ᠶᠢ ᠬᠤᠷᠢᠶᠠᠩᠭᠤᠢᠢᠯᠠᠵᠤ᠂ ᠠᠩᠬ᠎ᠠ ᠤᠳᠠᠭ᠎ᠠ ᠮᠤᠩᠭᠤᠯ ᠤᠬᠰᠠᠭᠠᠳᠠᠨ ᠤ ᠪᠠᠭᠠᠳᠤᠷ ᠤᠨ | ᠲᠤᠤᠯᠢ ᠶᠢᠨ ᠰᠢᠯᠦᠭ ᠵᠦᠢ ᠶᠢᠨ ᠤᠨᠤᠯ ᠤᠨ ᠲᠤᠬᠳᠠᠯᠴᠠᠭ᠎ᠠ ᠶᠢ ᠪᠤᠢ ᠪᠤᠯᠭᠠᠬᠰᠠᠨ ᠬᠡᠵᠤ ᠦᠵᠡᠬᠦ ᠪᠦᠷᠢᠨ | ᠦᠨᠳᠦᠰᠦᠯᠡᠯ ᠲᠠᠢ ᠶᠤᠮ᠃ ᠪ᠊ · ᠪᠦᠷᠢᠨᠪᠠᠬᠢ᠂ ︽ᠮᠢᠨᠦ ᠠᠳᠠ ᠦᠬᠦᠯᠡᠵᠤ ᠪᠤᠢ ᠰᠢᠯᠦᠭ ᠵᠦᠢ ᠪᠤᠯ ᠵᠦᠪᠬᠡᠨ | ᠢᠷᠠᠭᠤ ᠨᠠᠶᠢᠷᠠᠭ ᠤᠨ ᠲᠤᠬᠠᠢ ᠰᠢᠨᠵᠢᠯᠡᠯ ᠪᠤᠰᠤ᠂ ᠬᠠᠷᠢᠨ ᠦᠷᠦᠨᠡᠳᠡᠬᠢᠨ ᠤ ᠤᠷᠠᠯᠢᠭ ᠤᠨ ᠤᠨᠤᠯ ᠪᠤᠳᠤᠷᠤᠯ ᠤᠨ | ᠤᠯᠠᠮᠵᠢᠯᠠᠯ ᠤᠨ ᠶᠤᠰᠤᠭᠠᠷ ᠦᠷᠬᠡᠨ ᠤᠳᠬ᠎ᠠ ᠲᠠᠢ ᠪᠠᠷ ᠬᠡᠷᠡᠭᠯᠡᠭᠰᠡᠨ ᠪᠠᠶᠢᠨ᠎ᠠ᠃ ᠡᠬᠦᠨ ᠳᠤ ᠤᠷᠠᠨ ᠵᠤᠬᠢᠶᠠᠯ ᠤᠨ | ᠰᠢᠨᠵᠢ ᠴᠢᠨᠠᠷ᠂ ᠠᠭᠤᠯᠭ᠎ᠠ ᠬᠡᠯᠪᠡᠷᠢ᠂ ᠵᠤᠷᠢᠯᠭ᠎ᠠ ᠦᠢᠯᠡᠳᠦᠯ᠂ ᠲᠦᠷᠦᠯ ᠵᠦᠢᠯ᠂ ᠲᠤᠭᠤᠷᠪᠢᠬᠤᠢ ᠶᠤᠰᠤᠨ ᠵᠡᠷᠬᠡ | ᠠᠭᠤᠯᠬᠤᠨ ᠬᠠᠮᠤᠷᠤᠬᠳᠠᠨᠠ︾ ᠬᠡᠬᠦᠴᠢᠯᠡᠨ ᠲᠤᠳᠤᠷᠬᠠᠢᠢᠯᠠᠬᠰᠠᠨ ᠨᠢ ᠲᠤᠬᠠᠢ ᠶᠢᠨ ᠰᠡᠳᠦᠪ ᠢ ᠤᠬᠰᠠᠭᠠᠳᠠᠨ ᠤ | ᠰᠢᠯᠦᠭ ᠵᠦᠢ ᠶᠢᠨ ᠤᠢᠢᠯᠠᠭᠠᠬᠳᠠᠬᠤᠨ ᠤ ᠲᠡᠯᠬᠡᠷᠡᠩᠬᠦᠢ ᠬᠦᠷᠢᠶ᠎ᠠ ᠬᠡᠪᠴᠢᠶᠠᠨ ᠳᠤ ᠠᠪᠴᠤ ᠦᠵᠡᠭᠰᠡᠨ ᠬᠡᠳᠡᠭ ᠨᠢ | ᠲᠤᠳᠤᠷᠬᠠᠢ᠃ | ᠲᠡᠷᠡ ᠪᠠᠷ᠂ ᠤᠬᠰᠠᠭᠠᠳᠠᠠ ᠤ ᠰᠢᠯᠦᠭ ᠵᠦᠢ ᠬᠡᠳᠡᠭ ᠤᠢᠢᠯᠠᠭᠠᠬᠳᠠᠬᠤᠨ ᠤ ᠡᠬᠦᠳᠡᠨ ᠠᠴᠠ ᠮᠤᠩᠭᠤᠯ | ᠲᠤᠤᠯᠢ ᠶᠢᠨ ᠦᠨᠳᠦᠰᠦᠨ ᠤᠨᠴᠠᠯᠢᠭ ᠢ ᠤᠩᠭᠤᠨ ᠲᠠᠷᠬᠠᠯᠢᠭ ᠰᠢᠨᠵᠢ᠂ ᠤᠵᠤᠭᠤᠷ ᠪᠠᠯᠠᠷᠯᠢᠭ ᠰᠢᠨᠵᠢ᠂ ᠬᠡᠪ | ᠵᠢᠷᠦᠮᠵᠢᠯ ᠰᠢᠨᠵᠢ ᠬᠡᠬᠦ ᠭᠤᠷᠪᠠᠨ ᠲᠠᠯ ᠠ ᠠᠴᠠ ᠬᠤᠷᠢᠶᠠᠩᠭᠤᠢᠢᠯᠠᠬᠤ ᠳᠠᠭᠠᠨ ᠳ᠋ᠠᠩ ᠭᠠᠭᠴᠠ ᠲᠤᠤᠯᠢ ᠶᠢᠨ ᠠᠮᠠᠨ | ᠲᠧᠺᠰᠲ ᠤᠨ ᠡᠬᠡ ᠬᠡᠷᠡᠭᠯᠡᠭᠳᠡᠬᠦᠨ ᠳᠡᠭᠡᠨ ᠲᠦᠰᠢᠭᠯᠡᠭᠰᠡᠨ ᠪᠤᠰᠤ᠂ ᠬᠠᠷᠢᠨ ᠲᠤᠤᠯᠢ ᠬᠠᠶᠢᠯᠠᠬᠤ ᠦᠶᠠᠰ ᠤᠨ | ᠬᠡᠯᠡᠨ ᠤ ᠤᠷᠴᠢᠨ ᠳᠤᠨᠢ ᠪᠤᠴᠠᠭᠠᠨ ᠠᠪᠠᠴᠢᠵᠤ ᠰᠤᠳᠤᠯᠤᠬᠰᠠᠨ ᠶᠠᠪᠤᠳᠠᠯ ᠨᠢ ᠦᠷᠦᠨᠡᠳᠡᠬᠢᠨ ᠤ ᠤᠬᠰᠠᠭᠠᠳᠠᠨ ᠤ | ᠰᠢᠯᠦᠭ ᠵᠦᠢ ᠶᠢᠨ ᠤᠨᠤᠯ᠂ ᠠᠷᠭ᠎ᠠ ᠵᠦᠢ ᠲᠠᠢ ᠪᠠᠨ ᠠᠮᠠ ᠰᠡᠬᠡᠷ ᠵᠤᠯᠭᠠᠵᠤ ᠪᠠᠶᠢᠭ᠎ᠠ ᠨᠢ ᠲᠤᠳᠤᠷᠬᠠᠢ᠃ ᠡᠨᠡ ᠬᠦ | ᠭᠤᠷᠪᠠᠨ ᠤᠨᠴᠠᠯᠢᠭ ᠤᠨ ᠬᠤᠷᠢᠶᠠᠩᠭᠤᠢᠢᠯᠠᠯ ᠪᠤᠯ ᠪ᠊ · ᠪᠦᠷᠢᠨᠪᠠᠬᠢ ᠶᠢᠨ ᠮᠤᠩᠭᠤᠯ ᠲᠤᠤᠯᠢ ᠶᠢᠨ ᠪᠠᠶᠠᠯᠢᠭ ᠵᠢᠱᠢᠶᠠᠨ | ᠲᠡᠭᠡᠷ᠎ᠡ ᠠᠴᠠ ᠮᠤᠩᠭᠤᠯ ᠰᠤᠶᠤᠯ ᠤᠨ ᠬᠠᠷᠠᠭ᠎ᠠ ᠪᠠᠷ ᠬᠤᠷᠢᠶᠠᠩᠭᠤᠢᠢᠯᠠᠵᠤ ᠭᠠᠷᠭᠠᠬᠰᠠᠨ ᠮᠤᠩᠭᠤᠯ ᠲᠤᠤᠯᠢ ᠶᠢᠨ | ᠤᠬᠰᠠᠭᠠᠳᠠᠨ ᠤ ᠰᠢᠯᠦᠭ ᠵᠦᠢ ᠶᠢᠨ ᠦᠪᠡᠷᠮᠢᠴᠡ ᠤᠨᠤᠯ ᠤᠨ ᠲᠤᠬᠳᠠᠯᠴᠠᠭ᠎ᠠ ᠪᠤᠯᠬᠤ ᠶᠤᠮ᠃ ᠡᠨᠡ ᠲᠤᠬᠠᠢ ᠪ᠊ · | ᠪᠦᠷᠢᠨᠪᠠᠬᠢ ᠫᠷᠦᠹᠧᠰᠰᠤᠷ ᠠᠴᠠ ︽ᠲᠡᠬᠡᠷ᠎ᠡ ᠲᠤᠷᠠᠳᠤᠬᠰᠠᠨ ᠭᠤᠷᠪᠠᠨ ᠦᠨᠳᠦᠰᠦᠨ ᠤᠨᠴᠠᠯᠢᠭ ᠪᠤᠯ ᠮᠤᠩᠭᠤᠯ | ᠲᠤᠭᠠᠳᠠᠨ ᠤ ᠵᠢᠩᠬᠢᠨᠢ ᠲᠤᠤᠯᠢᠰ ᠤᠨ ᠪᠦᠳᠦᠬᠡᠯ ᠳᠤ ᠪᠦᠬᠦᠨ᠎ᠠ ᠨᠡᠪᠳᠡᠷᠡᠭᠰᠡᠨ ᠨᠠᠶᠢᠳᠡᠯᠢᠭ ᠰᠢᠨᠵᠢ ᠪᠤᠯᠬᠤ ᠪᠦᠬᠡᠳ | ᠡᠬᠦᠨ ᠢ ᠲᠤᠤᠯᠢᠰ ᠤᠨ ᠵᠤᠬᠢᠶᠠᠯ ᠢ ᠪᠤᠰᠤᠳ ᠵᠤᠬᠢᠶᠠᠯ ᠠᠴᠠ ᠢᠯᠭᠠᠨ ᠵᠠᠭᠠᠬᠯᠠᠬᠤ ᠴᠢᠬᠤᠯᠠ ᠪᠠᠷᠢᠮᠵᠢᠶ᠎ᠠ︾ ᠬᠡᠵᠤ | ᠦᠵᠡᠭᠰᠡᠨ ᠨᠢ ᠮᠠᠰᠢ ᠰᠢᠨᠵᠢᠯᠡᠬᠦ ᠤᠬᠠᠭᠠᠨᠴᠢ ᠳ᠋ᠦᠩᠨᠠᠯᠳᠠ ᠪᠤᠯᠬᠤ ᠶᠤᠮ᠃ | ᠬᠤᠷᠢᠶᠠᠩᠭᠤᠢᠢᠯᠠᠵᠤ ᠬᠡᠯᠡᠪᠡᠯ᠂ ᠪ᠊ · ᠪᠦᠷᠢᠨᠪᠠᠬᠢ ᠶᠢᠨ ︽ᠮᠤᠩᠭᠤᠯ ᠪᠠᠭᠠᠳᠤᠷᠯᠢᠭ ᠲᠤᠤᠯᠢᠰ ᠤᠨ ᠰᠢᠯᠦᠭ | ᠵᠦᠢ︾ ᠨᠢ ᠮᠤᠩᠭᠤᠯ ᠪᠠᠭᠠᠳᠤᠷ ᠤᠨ ᠲᠤᠤᠯᠢ ᠶᠢ ᠮᠤᠩᠭᠤᠯᠴᠤᠳ ᠤᠨ ᠠᠵᠤ ᠠᠮᠢᠳᠦᠷᠠᠯ᠂ ᠵᠠᠩ ᠵᠠᠩᠰᠢᠯ᠂ ᠰᠤᠶᠤᠯ | ᠰᠡᠳᠬᠢᠬᠦᠢ ᠶᠢᠨ ᠦᠷᠬᠡᠨ ᠶᠡᠭᠡ ᠰᠤᠶᠤᠯ ᠤᠨ ᠤᠷᠴᠢᠨ ᠳᠤᠨᠢ ᠲᠠᠯᠪᠢᠵᠤ᠂ ᠰᠤᠳᠤᠯᠤᠭᠰᠠᠨ ᠠᠴᠠ ᠵᠢᠪ ᠵᠢᠩᠬᠢᠨᠢ | ᠮᠤᠩᠭᠤᠯ ᠤᠬᠰᠠᠭᠠᠳᠠᠨ ᠤ ᠦᠪᠡᠷᠮᠢᠴᠡ ᠤᠨᠴᠠᠯᠢᠭ ᠲᠠᠢ ᠲᠤᠤᠯᠢ ᠶᠢᠨ ᠰᠢᠯᠦᠭ ᠵᠦᠢ ᠶᠢᠨ ᠤᠨᠤᠯ ᠤᠨ | ᠲᠤᠬᠳᠠᠯᠴᠠᠭ᠎ᠠ ᠶᠢ ᠪᠤᠢ ᠪᠤᠯᠭᠠᠬᠰᠠᠨ ᠪᠠᠶᠢᠨ᠎ᠠ᠃ | ᠪᠤᠶᠠᠨᠲᠣᠭᠲᠠᠬᠤ᠄ ᠪ᠊ · ᠪᠦᠷᠢᠨᠪᠠᠬᠢ ᠶᠢᠨ ᠰᠢᠯᠦᠭ ᠲᠤ ᠢᠷᠭᠡᠨ ᠤ ᠠᠮᠠᠨ ᠤᠯᠠᠮᠵᠢᠯᠠᠯ ᠤᠨ ᠡᠬᠢ ᠪᠠᠶᠠᠯᠢᠭ ᠢ | ᠠᠰᠢᠬᠯᠠᠭᠰᠠᠨ ᠲᠤᠬᠠᠢ | ᠰᠢᠯᠦᠭᠴᠢ ᠪ᠊ · ᠪᠦᠷᠢᠨᠪᠠᠬᠢ ᠪᠣᠯ ᠮᠣᠩᠭᠤᠯ ᠦᠨᠳᠦᠰᠦᠲᠡᠨ ᠤ ᠣᠳᠣ ᠦᠶ᠎ᠡ ᠶᠢᠨ ᠤᠷᠠᠨ ᠵᠣᠬᠢᠶᠠᠯ ᠤᠨ | ᠦᠨᠳᠦᠰᠦᠯᠡᠭᠴᠢ᠂ ᠣᠳᠣ ᠦᠶ᠎ᠡ ᠶᠢᠨ ᠮᠣᠩᠭᠤᠯ ᠰᠢᠯᠦᠭ ᠤᠨ ︽ᠱᠣᠷᠣᠩ ᠬᠠᠳᠠ︾ ᠪᠣᠯᠣᠨ᠎ᠠ᠃ ᠰᠢᠯᠦᠭᠴᠢ ᠠᠴᠠ | ᠡᠨᠡ ᠬᠦ ᠰᠣᠩᠭᠤᠳᠠᠭ ᠪᠠᠶᠢᠷᠢ ᠪᠠᠨ ᠲᠣᠭᠲᠠᠭᠠᠬᠤ ᠳᠤ ᠪᠠᠨ ᠥᠪᠡᠷ ᠤᠨ ︽ᠭᠠᠶᠢᠬᠠᠮᠰᠢᠭᠲᠤ ᠪᠢᠯᠢᠭ᠂ ᠲᠠᠰᠤᠷᠬᠠᠢ | ᠠᠪᠢᠶᠠᠰ᠂ ᠠᠷᠤᠤᠬᠠᠨ ᠬᠥᠳᠡᠯᠮᠦᠷᠢ︾ ︵ᠳᠣᠷᠣᠨᠠᠲ᠋ᠡᠭᠷᠢ ᠶᠢᠨ ︽ᠪ᠊ · ᠪᠦᠷᠢᠨᠪᠠᠬᠢ ᠰᠤᠳᠤᠯᠤᠯ︾ ᠳᠤ︶ ᠳᠤ ᠪᠠᠨ | ᠲᠦᠰᠢᠭᠯᠡᠭᠰᠡᠨ ᠢᠶᠠᠷ ᠪᠠᠷᠠᠬᠤ ᠦᠭᠡᠢ᠂ ᠲᠡᠭᠦᠨ ᠤ ᠰᠢᠯᠦᠭ ᠮᠥᠨ ᠣᠯᠠᠨ ᠲᠠᠯ᠎ᠠ ᠶᠢᠨ ᠡᠬᠢ ᠪᠠᠶᠠᠯᠢᠭ ᠢ ᠠᠰᠢᠬᠯᠠᠨ | ᠵᠣᠬᠢᠶᠠᠨ ᠪᠦᠲᠦᠭᠡᠭᠳᠡᠭᠰᠡᠨ ᠶᠤᠮ᠃ | 20 ᠳ᠋ᠤᠭᠠᠷ ᠵᠠᠭᠤᠨ ᠤ ᠳᠤᠮᠳᠠᠴᠢ ᠦᠶ᠎ᠡ ᠪᠣᠯ ᠠᠷᠠᠳ ᠤᠨ ᠬᠤᠪᠢᠰᠬᠠᠯ ᠥᠷᠨᠢᠨ ᠪᠠᠳᠠᠷᠠᠵᠤ ᠪᠠᠶᠢᠭᠰᠠᠨ | ᠤᠯᠤᠰ ᠦᠨᠳᠦᠰᠦᠲᠡᠨ ᠤ ᠲᠡᠦᠬᠡᠨ ᠳᠠᠬᠢ ᠳᠣᠩᠰᠣᠯᠤᠯᠲᠠ ᠲᠠᠢ ᠴᠠᠭ ᠡᠷᠢᠨ ᠪᠣᠯᠣᠨ᠎ᠠ᠃ ᠲᠤᠬᠠᠢ ᠶᠢᠨ ᠦᠶ᠎ᠡ ᠪᠠᠷ | ᠮᠣᠩᠭᠤᠯ ᠤᠷᠠᠨ ᠵᠣᠬᠢᠶᠠᠯ ᠤᠨ ᠵᠣᠬᠢᠶᠠᠨ ᠪᠦᠲᠦᠭᠡᠯᠭᠡ ᠨᠢ ᠪᠢᠴᠢᠭᠲᠡᠨ ᠰᠡᠬᠡᠭᠡᠲᠡᠳ ᠤᠨ ᠰᠡᠬᠡᠭᠡᠷᠡᠭᠦᠯᠬᠦ ᠦᠵᠡᠯ ᠤᠨ | ᠤᠷᠠᠨ ᠵᠣᠬᠢᠶᠠᠯ ᠠᠴᠠ ︽ᠠᠷᠠᠳ ᠤᠨ ᠰᠢᠨ᠎ᠡ ᠤᠳᠬ᠎ᠠ ᠤᠷᠠᠯᠢᠭ︾᠂ ︽ᠬᠤᠪᠢᠰᠬᠠᠯᠲᠤ ᠤᠳᠬ᠎ᠠ ᠤᠷᠠᠯᠢᠭ︾ | ᠵᠦᠭ ᠰᠢᠯᠵᠢᠬᠦ ᠰᠢᠯᠵᠢᠯᠲᠡ ᠪᠠᠨ ᠪᠡᠶᠡᠯᠡᠭᠦᠯᠵᠦ᠂ ᠮᠣᠩᠭᠤᠯ ᠰᠢᠯᠦᠭ ᠨᠢ ᠴᠤ ᠠᠷᠠᠳ ᠤᠨ ᠰᠢᠯᠦᠭ᠂ ᠬᠤᠪᠢᠰᠬᠠᠯᠲᠤ | ᠰᠢᠯᠦᠭ ᠪᠣᠯᠵᠤ ᠬᠤᠪᠢᠰᠤᠨ ᠤᠯᠠᠷᠢᠬᠤ ᠶᠠᠪᠤᠴᠠ ᠪᠠᠨ ᠪᠡᠶᠡᠯᠡᠭᠦᠯᠪᠡ᠃ ᠡᠨᠡ ᠦᠶ᠎ᠡ ᠪᠠᠷ ᠰᠡᠬᠡᠭᠡᠲᠡᠨ ᠤ ᠠᠷᠤᠤᠬᠠᠨ | ᠬᠦᠰᠡᠯᠡᠩ ᠨᠢ ᠢᠷᠭᠡᠨ ᠤ ᠪᠣᠷᠣᠭᠵᠢᠭᠤᠨ ᠰᠡᠳᠬᠢᠯᠭᠡ ᠪᠠᠷ ᠰᠣᠯᠢᠭᠳᠠᠵᠤ᠂ ᠪᠢᠴᠢᠭᠲᠡᠳ ᠤᠨ ᠭᠤᠸ᠎ᠠ ᠰᠣᠨᠢᠷᠬᠠᠯ ᠨᠢ | ᠠᠵᠢᠯᠴᠢᠨ ᠲᠠᠷᠢᠶᠠᠴᠢᠨ ︵ᠮᠠᠯᠴᠢᠨ︶ ᠴᠡᠷᠢᠭ ᠵᠡᠷᠭᠡ ᠢᠷᠭᠡᠨ ᠤ ᠭᠤᠸ᠎ᠠ ᠲᠠᠭᠠᠰᠢᠶᠠᠯ ᠳᠤ ᠵᠢᠪᠦᠭᠰᠡᠨ ᠪᠠᠶᠢᠯ᠎ᠠ᠃ | ᠡᠶᠢᠮᠦᠷᠬᠦᠦ ᠡᠷᠢᠨ ᠴᠠᠭ ᠤᠨ ᠶᠡᠭᠡ ᠬᠤᠪᠢᠰᠤᠯ ᠪᠤᠶᠤ ᠰᠢᠯᠦᠭ ᠵᠦᠢ ᠶᠢᠨ ᠰᠢᠨ᠎ᠡ ᠬᠠᠨᠳᠤᠯᠭ᠎ᠠ ᠨᠢ ᠰᠢᠯᠦᠭᠴᠢ | ᠵᠣᠬᠢᠶᠠᠯᠴᠢ ᠶᠢᠨ ᠰᠢᠯᠦᠭ ᠪᠦᠲᠦᠭᠡᠯᠭᠡ ᠳᠤ ᠭᠦᠨᠵᠡᠭᠡᠢ ᠨᠥᠯᠥᠭᠡᠯᠡᠵᠦ ᠪᠠᠶᠢᠵᠠᠢ᠃ | ᠡᠷᠳᠡᠮᠲᠡᠳ ᠠᠴᠠ᠄ ︽ᠥᠪᠥᠷ ᠮᠣᠩᠭᠤᠯ ᠤᠨ ᠦᠨᠳᠦᠰᠦᠲᠡᠨ ᠤ ᠤᠳᠬ᠎ᠠ ᠵᠣᠬᠢᠶᠠᠯ ᠪᠣᠯ ᠭᠤᠣᠯᠳᠠᠭᠤ | ᠠᠷᠠᠳ ᠤᠨ ᠠᠮᠠᠨ ᠵᠣᠬᠢᠶᠠᠯ ᠤᠨ ᠰᠠᠭᠤᠷᠢ ᠳᠡᠭᠡᠷ᠎ᠡ ᠠᠴᠠ ᠲᠥᠷᠥᠭᠳᠡᠵᠦ ᠭᠠᠷᠴᠤ ᠢᠷᠡᠵᠡᠢ︾ ︵︽ᠴᠢᠨᠳᠠᠮᠤᠨᠢ ᠶᠢᠨ | ᠵᠣᠬᠢᠶᠠᠯ ᠥᠭᠦᠯᠡᠯ ᠤᠨ ᠲᠡᠭᠦᠪᠦᠷᠢ︾ ᠳᠤ︶ ᠬᠡᠮᠡᠨ ᠦᠵᠡᠳᠡᠭ ᠨᠢ ᠨᠡᠯᠢᠶᠡᠳ ᠣᠷᠣ ᠲᠠᠢ ᠦᠭᠡ ᠪᠣᠯᠣᠨ᠎ᠠ᠃ | ᠰᠢᠯᠦᠭᠴᠢ ᠪ᠊ · ᠪᠦᠷᠢᠨᠪᠠᠬᠢ ᠶᠢᠨ ︽ᠮᠥᠬᠡᠷᠦᠦ ᠮᠦᠬᠡᠷᠦᠦ ᠱᠣᠷᠣᠩ ᠬᠠᠳᠠ︾ ᠬᠡᠮᠡᠬᠦ ᠤᠤᠭᠠᠨ ᠪᠦᠲᠦᠭᠡᠯ ᠨᠢ | ᠠᠷᠠᠳ ᠤᠨ ᠳᠠᠭᠤᠤ ᠶᠢᠨ ᠠᠶᠠᠰ ᠠᠶᠢᠵᠠᠮ ᠳᠤ ᠠᠶᠠᠨᠳᠠᠭᠠᠨ ᠵᠣᠬᠢᠶᠠᠭᠳᠠᠭᠰᠠᠨ ᠶᠤᠮ᠃ ᠡᠨᠡ ᠨᠢ ᠰᠢᠯᠦᠭᠴᠢ ᠭᠤᠸᠠᠢ | ᠶᠡᠷᠦᠨᠢ ᠤᠷᠢ ᠵᠠᠯᠠᠭᠤ ᠨᠠᠰᠤᠨ ᠳᠠᠭᠠᠨ ᠠᠷᠠᠳ ᠤᠨ ᠳᠠᠭᠤᠤ ᠰᠢᠯᠦᠭ ᠤᠨ ᠬᠠᠮᠲᠤ ᠶᠢᠨ ᠵᠣᠬᠢᠶᠠᠭᠴᠢ ᠶᠢᠨ ᠨᠢᠭᠡᠨ | ᠪᠠᠶᠢᠭᠰᠠᠨ ᠢ ᠬᠠᠷᠠᠭᠤᠯᠵᠤ ᠪᠠᠶᠢᠬᠤ ᠪᠠᠷ ᠪᠠᠷᠠᠬᠤ ᠦᠭᠡᠢ᠂ ᠲᠡᠭᠦᠨ ᠤ ᠰᠢᠯᠦᠭ ᠪᠦᠲᠦᠭᠡᠯᠭᠡ ᠶᠢᠨ ᠡᠬᠢᠯᠡᠯᠲᠡ ᠨᠢ | ᠢᠷᠭᠡᠨ ᠤ ᠠᠮᠠᠨ ᠤᠯᠠᠮᠵᠢᠯᠠᠯ ᠠᠴᠠ ᠡᠰᠢ ᠭᠤᠭᠴᠤᠭ᠎ᠠ ᠲᠠᠢ ᠪᠠᠶᠢᠭᠰᠠᠨ ᠢ ᠲᠣᠳᠣᠷᠬᠠᠢ ᠭᠡᠷᠡᠴᠢᠯᠡᠵᠦ ᠪᠠᠶᠢᠨ᠎ᠠ᠃ | ᠨᠢᠭᠡ ᠦᠨᠳᠦᠰᠦᠲᠡᠨ ᠪᠤᠶᠤ ᠨᠢᠭᠡ ᠵᠣᠬᠢᠶᠠᠯᠴᠢ ᠶᠢᠨ ᠵᠣᠬᠢᠶᠠᠯ ᠪᠦᠲᠦᠭᠡᠯ ᠳᠤ ᠨᠥᠯᠥᠭᠡᠯᠡᠬᠦ ᠬᠦᠴᠦᠨ ᠣᠯᠠᠨ | ᠪᠣᠯᠪᠠᠴᠤ ᠲᠤᠬᠠᠢ ᠶᠢᠨ ᠦᠨᠳᠦᠰᠦᠲᠡᠨ ᠤ ᠠᠮᠠᠨ ᠤᠯᠠᠮᠵᠢᠯᠠᠯ ᠨᠢ ᠬᠠᠮᠤᠭ ᠴᠢᠬᠤᠯᠠ ᠨᠢᠭᠡᠨ ᠡᠬᠢ ᠰᠤᠷᠪᠤᠯᠵᠢ | ᠪᠣᠯᠬᠤ ᠨᠢ ᠵᠠᠶᠢᠯᠠᠰᠢ ᠦᠭᠡᠢ ᠶᠤᠮ᠃ ᠲᠡᠷᠡ ᠦᠷᠭᠦᠯᠵᠢ᠄ ︽ᠬᠠᠷᠠᠬᠠᠨ ᠪᠠᠭ᠎ᠠ ᠳᠠᠭᠠᠨ ᠰᠤᠷᠴᠤ ᠰᠣᠨᠢᠷᠬᠠᠵᠤ | ᠪᠠᠶᠢᠭᠰᠠᠨ ᠠᠷᠠᠳ ᠤᠨ ᠰᠡᠴᠡᠨ ᠦᠭᠡ᠂ ᠪᠡᠯᠡᠨ ᠰᠢᠯᠦᠭ᠂ ᠲᠡᠭᠦᠨᠴᠢᠯᠡᠨ ᠪᠠᠭᠠᠲᠤᠷᠯᠢᠭ ᠲᠤᠤᠯᠢᠰ ᠵᠡᠷᠭᠡ | ᠤᠯᠠᠮᠵᠢᠯᠠᠯᠲᠤ ᠰᠠᠶᠢᠬᠠᠨ ᠪᠦᠲᠦᠭᠡᠯ ᠤᠳ ᠢᠷᠠᠭᠤ ᠨᠠᠶᠢᠷᠠᠭ ᠤᠨ ᠵᠣᠬᠢᠶᠠᠯ ᠳᠤ ᠮᠢᠨᠢ ᠪᠠᠷᠠᠭᠳᠠᠰᠢ ᠦᠭᠡᠢ ᠥᠪ | ᠲᠡᠵᠢᠭᠡᠯ ᠪᠣᠯᠵᠤ ᠪᠠᠶᠢᠯ᠎ᠠ︾ ᠬᠡᠮᠡᠨ ᠶᠠᠷᠢᠳᠠᠭ ᠪᠠᠶᠢᠭᠰᠠᠨ ᠨᠢ ᠲᠡᠭᠦᠨ ᠤ ᠵᠣᠬᠢᠶᠠᠨ ᠪᠦᠲᠦᠭᠡᠯᠭᠡ ᠶᠢᠨ ᠪᠣᠳᠠᠲᠤ | ᠪᠠᠶᠢᠳᠠᠯ ᠲᠠᠢ ᠨᠡᠶᠢᠴᠡᠬᠦ ᠶᠤᠮ᠃ | ᠰᠢᠯᠦᠭᠴᠢ ᠶᠢᠨ ᠠᠯᠢ ᠣᠯᠠᠨ ᠰᠢᠯᠢᠳᠡᠭ ᠪᠦᠲᠦᠭᠡᠯ ᠨᠢ ᠪᠦᠷ ᠮᠣᠩᠭᠤᠯ ᠠᠮᠠᠨ ᠤᠯᠠᠮᠵᠢᠯᠠᠯ ᠢ ᠠᠰᠢᠬᠯᠠᠨ | ᠵᠣᠬᠢᠶᠠᠨ ᠪᠦᠲᠦᠭᠡᠭᠳᠡᠭᠰᠡᠨ ᠪᠤᠶᠤ ᠠᠮᠠᠨ ᠰᠢᠯᠦᠭ ᠨᠠᠶᠢᠷᠠᠭ ᠠᠴᠠ ᠨᠥᠯᠥᠭᠡ ᠬᠦᠷᠲᠡᠵᠦ ᠪᠠᠶᠢᠪᠠ᠃ ︽ᠰᠡᠳᠬᠢᠯ ᠪᠠ | ᠰᠦ︾ ᠪᠣᠯ ᠣᠯᠠᠨ ᠨᠡᠶᠢᠲᠡ ᠳᠤ ᠠᠯᠳᠠᠷᠰᠢᠭᠰᠠᠨ ᠤᠶᠠᠩᠭ᠎ᠠ ᠰᠢᠯᠦᠭ ᠪᠣᠯᠣᠨ᠎ᠠ᠃ ᠤᠤᠯ ᠰᠢᠯᠦᠭ | ᠮᠣᠩᠭᠤᠯᠴᠤᠳ ᠤᠨ ᠢᠷᠦᠭᠡᠯ ᠪᠡᠯᠭᠡᠳᠡᠯ ᠤᠨ ᠠᠮᠠᠨ ᠤᠯᠠᠮᠵᠢᠯᠠᠯ ᠲᠠᠢ ᠬᠤᠯᠪᠣᠭ᠎ᠠ ᠲᠠᠢ ᠪᠣᠯᠬᠤ ᠨᠢ ᠦᠵᠡᠲᠡᠯ᠎ᠡ | ᠢᠯᠡᠬᠡᠨ ᠶᠤᠮ᠃ ᠰᠢᠯᠦᠭᠴᠢ ᠶᠢᠨ ᠡᠵᠢ ᠨᠢ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠪᠣᠯᠬᠤ ᠪᠦᠷᠢ ᠬᠡᠦᠬᠡᠳ ᠲᠡᠭᠡᠨ | ᠡᠬᠡ ᠶᠢᠨ ᠴᠠᠭᠠᠨ ᠰᠦ ᠠᠮᠰᠠᠭᠤᠯᠵᠤ ᠢᠷᠡᠭᠡᠳᠦᠢ ᠶᠢᠨ ᠰᠠᠶᠢᠨ ᠰᠠᠶᠢᠬᠠᠨ ᠤ ᠪᠡᠯᠭᠡ ᠳᠡᠮᠪᠡᠷᠢ ᠲᠠᠯᠪᠢᠵᠤ ᠪᠠᠶᠢᠭᠰᠠᠨ | ᠡᠨᠡ ᠬᠦ ᠬᠠᠭᠤᠴᠢᠨ ᠵᠠᠩᠰᠢᠯ ᠪᠤᠶᠤ ᠠᠮᠠᠨ ᠤᠯᠠᠮᠵᠢᠯᠠᠯ ᠨᠢ ᠲᠤᠰ ᠰᠢᠯᠦᠭ ᠤᠨ ᠵᠣᠬᠢᠶᠠᠨ ᠪᠦᠲᠦᠭᠡᠭᠳᠡᠬᠦ ᠳᠤ ᠪᠡᠯᠡᠨ | ᠰᠡᠳᠬᠢᠮᠵᠢ ᠬᠠᠩᠭᠠᠭᠰᠠᠨ ᠪᠠᠶᠢᠵᠠᠢ᠃ ︽ᠠᠯᠲᠠᠨ ᠤᠨᠠᠭ᠎ᠠ︾᠂ ︽ᠯᠤᠤᠰ ᠤᠨ ᠬᠠᠳ ᠤᠨ ᠬᠤᠷᠢᠮ︾ ᠭᠡᠬᠦ | ᠮᠡᠲᠦ ᠶᠢᠨ ᠰᠢᠯᠦᠭ ᠪᠣᠯ ᠠᠷᠠᠳ ᠤᠨ ᠳᠣᠮᠤᠭ ᠤᠨ ᠰᠢᠨ᠎ᠡ ᠠᠮᠢᠯᠠᠯ ᠮᠥᠨ᠃ ᠮᠣᠩᠭᠤᠯ ᠨᠤᠲᠤᠭ ᠲᠤ ᠠᠯᠲᠠᠨ | ᠤᠨᠠᠭ᠎ᠠ᠂ ᠠᠯᠲᠠᠨ ᠭᠠᠭ᠋ᠠᠢ᠂ ᠠᠯᠲᠠᠨ ᠲᠠᠬᠢᠶ᠎ᠠ ᠶᠢᠨ ᠦᠯᠢᠭᠡᠷ ᠳᠣᠮᠤᠭ ᠮᠠᠰᠢ ᠣᠯᠠᠨ ᠪᠠᠶᠢᠳᠠᠭ᠃ ᠰᠢᠯᠦᠭ ᠲᠤ | ᠢᠯᠡᠷᠡᠭᠰᠡᠨ ︽ᠠᠯᠲᠠᠨ ᠤᠨᠠᠭ᠎ᠠ︾ ᠪᠣᠯ ᠤᠤᠷ ᠬᠡᠪ ᠮᠥᠨ᠃ ᠲᠡᠷᠡ ᠨᠢ ᠨᠤᠲᠤᠭ ᠤᠰᠤ᠂ ᠡᠳ᠋ ᠪᠠᠶᠠᠯᠢᠭ᠂ | ᠨᠠᠪᠳᠠᠭ ᠰᠠᠪᠳᠠᠭ ᠤᠨ ᠪᠡᠯᠭᠡᠳᠡᠯ ᠪᠣᠯᠣᠨ᠎ᠠ᠃ ︽ᠠᠯᠲᠠᠨ ᠤᠨᠠᠭ᠎ᠠ︾ ᠶᠢᠨ ᠳᠣᠮᠤᠭ ᠨᠢ ᠮᠣᠩᠭᠤᠯᠴᠤᠳ ᠤᠨ | ᠨᠤᠲᠤᠭᠴᠢ ᠤᠬᠠᠮᠰᠠᠷ ᠲᠠᠢ ᠬᠤᠯᠪᠣᠭᠳᠠᠵᠤ᠂ ᠬᠠᠷᠢ ᠰᠣᠶᠣᠯ ᠬᠠᠷᠢ ᠬᠦᠴᠦᠨ ᠤ ᠥᠭᠡᠳᠡ ᠬᠠᠨᠳᠤᠭᠤᠯᠤᠭᠰᠠᠨ | ᠰᠣᠶᠣᠯ ᠤᠨ ᠬᠡᠷᠡᠮ ᠪᠣᠯᠵᠤ ᠪᠠᠶᠢᠳᠠᠭ᠃ ᠤᠤᠯ ᠰᠢᠯᠦᠭ ᠨᠢ ᠮᠣᠩᠭᠤᠯ ᠨᠤᠲᠤᠭ ᠤᠨ ᠡᠳ᠋ ᠪᠠᠶᠠᠯᠢᠭ ᠢ ᠬᠠᠶᠢᠷᠠᠯᠠᠨ | ᠬᠠᠮᠠᠭᠠᠯᠠᠬᠤ ᠳᠣᠮᠤᠭ ᠤᠨ ᠤᠤᠷ ᠰᠠᠨᠠᠭ᠎ᠠ ᠶᠢ ᠭᠦᠨᠵᠡᠭᠡᠢ ᠠᠬᠤᠭᠤᠯᠵᠤ ᠪᠠᠶᠢᠨ᠎ᠠ᠃ ᠡᠭᠦᠨ ᠠᠴᠠ ᠭᠠᠳᠠᠨ᠎ᠠ᠂ | ᠪᠠᠭᠠᠲᠤᠷ ᠤᠨ ᠲᠤᠤᠯᠢ᠂ ᠬᠤᠭᠤᠷ ᠤᠨ ᠦᠯᠢᠭᠡᠷ᠂ ᠬᠤᠯᠪᠣᠭ᠎ᠠ ᠨᠢ ᠰᠢᠯᠦᠭᠴᠢ ᠶᠢᠨ ᠣᠯᠠᠨ ᠰᠢᠯᠦᠭ ᠲᠤ ᠤᠯᠠ | ᠮᠥᠷ ᠢᠶᠠᠨ ᠦᠯᠡᠳᠡᠭᠡᠵᠦ ᠪᠠᠶᠢᠭᠰᠠᠨ ᠢ ᠠᠩᠬᠠᠷᠤᠭᠤᠰᠢᠲᠠᠢ ᠶᠤᠮ᠃ | ᠰᠢᠯᠦᠭᠴᠢ ᠶᠢᠨ ᠲᠥᠯᠥᠭᠡᠯᠡᠬᠦ ᠴᠢᠨᠠᠷᠲᠠᠢ ᠪᠦᠲᠦᠭᠡᠯ ᠪᠣᠯᠣᠭᠰᠠᠨ ︽ᠠᠮᠢᠯᠠᠯ ᠤᠨ ᠪᠡᠯᠭᠡᠲᠦ ᠴᠡᠴᠡᠭ︾ ᠪᠣᠯ | ᠶᠣᠰᠣᠲᠠᠢ ᠮᠣᠩᠭᠤᠯ ᠠᠮᠠᠨ ᠤᠯᠠᠮᠵᠢᠯᠠᠯ ᠤᠨ ᠶᠡᠭᠡ ᠬᠤᠷᠠᠬᠤᠢ ᠮᠥᠨ᠃ ᠲᠤᠰ ᠰᠢᠯᠦᠭ ᠢ ᠰᠡᠳᠬᠢᠨ ᠵᠣᠬᠢᠶᠠᠮᠵᠢᠯᠠᠬᠤ | ᠲᠠᠯ᠎ᠠ ᠪᠠᠷ ᠭᠤᠶᠢᠲᠠ ᠰᠢᠨᠡᠴᠢᠯᠡᠯ ᠬᠢᠬᠦ ᠶᠢᠨ ᠬᠠᠮᠲᠤ ᠲᠤᠤᠯᠢ ᠶᠢᠨ ᠬᠦᠰᠡᠬᠦ᠋ᠢᠴᠢ ᠤᠳᠤᠮᠰᠢᠯ᠂ ᠥᠷᠨᠢᠭᠦᠨ | ᠳᠦᠷᠰᠦᠯᠡᠯ ᠬᠢᠭᠡᠳ ᠦᠯᠢᠭᠡᠷ ᠬᠤᠯᠪᠣᠭ᠎ᠠ ᠶᠢᠨ ᠳᠡᠯᠭᠡᠨ ᠲᠣᠭᠠᠴᠢᠯᠲᠠ ᠶᠢ ᠦᠷᠭᠡᠨ ᠢᠶᠠᠷ ᠠᠰᠢᠬᠯᠠᠨ ᠪᠦᠲᠦᠭᠡᠭᠰᠡᠨ | ᠪᠠᠶᠢᠨ᠎ᠠ᠃ ᠤᠤᠯ ᠰᠢᠯᠦᠭ ᠢ ᠤᠶᠠᠩᠭᠠᠯᠠᠨ ᠤᠩᠰᠢᠬᠤ ᠶᠠᠪᠤᠴᠠ ᠳᠤ ᠰᠢᠯᠦᠭ ᠤᠨ ᠬᠡᠯᠡ ᠬᠡᠯᠡᠯᠭᠡ᠂ ᠬᠡᠯᠪᠡᠷᠢ | ᠪᠠᠳᠠᠭᠯᠠᠯ᠂ ᠠᠶᠢᠵᠠᠮ ᠬᠤᠯᠪᠣᠴᠠ ᠶᠢᠨ ᠲᠠᠯ᠎ᠠ ᠳᠠᠬᠢ ᠠᠮᠠᠨ ᠤᠯᠠᠮᠵᠢᠯᠠᠯ ᠤᠨ ᠣᠷᠣ ᠮᠥᠷ ᠢ ᠠᠮᠠᠷᠬᠠᠨ ᠰᠡᠷᠡᠵᠦ | ᠮᠡᠳᠡᠷᠡᠳᠡᠭ᠃ ︽ᠴᠠᠰᠤ᠂ ᠮᠥᠷ᠂ ᠴᠠᠰᠤ︾᠂ ︽ᠮᠥᠩᠭᠦᠨ ᠳᠡᠯᠡᠬᠡᠢ ᠶᠢᠨ ᠡᠵᠡᠳ︾ ᠵᠡᠷᠭᠡ ᠵᠠᠳᠠᠭᠠᠢ | ᠰᠢᠯᠦᠭ ᠠᠴᠠ ᠬᠡᠦᠬᠡᠳ ᠤᠨ ᠲᠣᠭᠯᠠᠭᠠᠮ ᠦᠭᠡ ᠶᠢᠨ ᠵᠣᠬᠢᠶᠠᠮᠵᠢ ᠰᠡᠳᠬᠢᠮᠵᠢ ᠲᠣᠳᠣᠷᠬᠠᠢ ᠠᠵᠢᠬᠯᠠᠭᠳᠠᠨᠠ᠃ | ᠡᠷᠳᠡᠮᠲᠡᠳ ᠠᠴᠠ ᠰᠢᠯᠦᠭᠴᠢ ᠶᠢᠨ ᠰᠢᠯᠦᠭ ᠪᠦᠲᠦᠭᠡᠯᠭᠡ ᠨᠢ ︽ᠪᠦᠬᠦ ᠲᠠᠯ᠎ᠠ ᠪᠠᠷ ᠤᠯᠠᠮᠵᠢᠯᠠᠵᠤ᠂ ᠪᠦᠬᠦ | ᠲᠠᠯ᠎ᠠ ᠪᠠᠷ ᠰᠢᠨᠡᠴᠢᠯᠡᠭᠰᠡᠨ︾ ︵ᠬᠠᠶᠢᠷᠬᠠᠨ ᠤ ᠥᠭᠦᠯᠡᠯ ᠰᠢᠭᠦᠮᠵᠢ ᠳᠤ︶ ᠬᠡᠮᠡᠨ ᠦᠵᠡᠭᠰᠡᠨ ᠪᠠᠶᠢᠨ᠎ᠠ᠃ ᠰᠢᠯᠦᠭᠴᠢ | ᠪ᠊ · ᠪᠦᠷᠢᠨᠪᠠᠬᠢ ᠪᠣᠯ ᠣᠳᠣ ᠦᠶ᠎ᠡ ᠶᠢᠨ ᠮᠣᠩᠭᠤᠯ ᠰᠢᠯᠦᠭ ᠤᠨ ᠲᠠᠪᠴᠠᠩ ᠳᠠᠬᠢ ᠰᠢᠨᠡᠴᠢᠯᠡᠭᠴᠢ ᠪᠦᠯᠦᠭ ᠤᠨ | ᠭᠤᠣᠯ ᠬᠦᠴᠦᠨ ᠪᠤᠶᠤ ᠭᠤᠣᠯ ᠲᠥᠯᠥᠭᠡᠯᠡᠭᠴᠢ ᠪᠣᠯᠬᠤ ᠶᠤᠮ᠃ ᠭᠡᠬᠦ ᠳᠤ ᠲᠡᠭᠦᠨ ᠤ ᠡᠨᠡ ᠬᠦ ᠰᠢᠨᠡᠴᠢᠯᠡᠯ ᠨᠢ | ᠶᠡᠷᠦ ᠠᠴᠠ ᠤᠯᠠᠮᠵᠢᠯᠠᠯ ᠠᠴᠠ ᠡᠬᠢ ᠲᠠᠢ ᠪᠠᠶᠢᠵᠤ᠂ ᠤᠯᠠᠮᠵᠢᠯᠠᠯ ᠤᠨ ᠰᠠᠭᠤᠷᠢ ᠳᠡᠭᠡᠷᠡᠬᠢ ᠰᠢᠨᠡᠴᠢᠯᠡᠯ ᠪᠣᠯᠬᠤ ᠨᠢ | ᠳᠠᠮᠵᠢᠭ ᠦᠭᠡᠢ ᠶᠤᠮ᠃ ᠡᠨᠡ ᠨᠢ ᠮᠥᠨ ᠴᠠᠭᠠᠰᠢᠲᠠ ︽ᠠᠯᠢᠪᠠ ᠰᠢᠨᠡᠴᠢᠯᠡᠯ ᠪᠣᠯ ᠪᠦᠷ ᠤᠯᠠᠮᠵᠢᠯᠠᠯ ᠤᠨ ᠰᠠᠭᠤᠷᠢ | ᠳᠡᠭᠡᠷᠡᠬᠢ ᠰᠢᠨᠡᠴᠢᠯᠡᠯ ᠪᠣᠯᠬᠤ︾ ᠶᠣᠰᠣᠨ ᠢ ᠭᠡᠷᠡᠴᠢᠯᠡᠭᠰᠡᠨ ᠶᠤᠮ᠃ | |