| 1. ᠳᠠᠷᠤᠭᠤᠯ ᠤᠨ ᠲᠠᠪᠠᠭ ᠢ ᠬᠦᠩᠭᠡᠭᠡᠨ ᠠᠯᠠᠭᠠᠳᠠᠬᠤ | ᠺᠤᠮᠫᠢᠦ᠋ᠲ᠋ᠧᠷ ᠢᠶᠠᠨ ᠤᠨᠲᠠᠷᠠᠭᠠᠵᠤ᠂ ᠳᠠᠷᠤᠭᠤᠯ ᠤᠨ ᠲᠠᠪᠠᠭ ᠢ ᠭᠤᠤᠯ ᠮᠠᠰᠢᠨ ᠠᠴᠠ ᠨᠢ ᠰᠠᠯᠭᠠᠨ᠎ᠠ᠃ | ᠰᠢᠷᠡᠭᠡᠨ ᠳᠡᠭᠡᠷ᠎ᠡ ᠨᠢᠭᠡᠨ ᠬᠠᠭᠤᠳᠠᠰᠤ ᠰᠤᠨᠢᠨ ᠢ ᠳᠡᠯᠭᠡᠨ ᠲᠠᠯᠪᠢᠭᠠᠳ ᠳᠠᠷᠤᠭᠤᠯ ᠤᠨ ᠲᠠᠪᠠᠭ ᠢᠶᠠᠨ ᠤᠷᠪᠠᠭᠤᠯᠵᠤ | ᠰᠢᠷᠡᠭᠡᠨ ᠠᠴᠠ ᠪᠠᠨ 10 ᠰᠡᠨᠲ᠋ᠢᠮᠧᠲᠷ ᠵᠠᠶᠢᠲᠠᠢ ᠪᠠᠶᠢᠯᠭᠠᠵᠤ ᠬᠦᠩᠭᠡᠬᠡᠨ ᠲᠤᠭᠰᠢᠪᠠᠯ ᠳᠠᠷᠤᠭᠤᠯ ᠤᠨ ᠲᠠᠪᠠᠭ ᠲᠤ | ᠨᠢᠭᠤᠭᠳᠠᠵᠤ ᠪᠠᠶᠢᠭᠰᠠᠨ ︽ᠬᠤᠷᠢᠶᠠᠭᠳᠠᠮᠠᠯ ᠪᠠᠷᠠᠭ᠎ᠠ︾ ᠨᠤᠭᠤᠳ ᠤᠨᠠᠵᠤ ᠢᠷᠡᠨ᠎ᠡ᠃ ᠲᠤᠭᠤᠰᠤ ᠰᠢᠷᠤᠢ ᠠᠴᠠ | ᠭᠠᠳᠠᠨ᠎ᠠ ᠪᠠᠰᠠ ᠪᠢᠩᠭᠠᠨ ᠤ ᠬᠡᠮᠬᠡᠷᠬᠡᠢ᠂ ᠺᠤᠹᠧ ᠤᠨ ᠨᠤᠨᠳᠠᠭ᠂ ᠪᠠᠯᠠᠯᠤᠭᠤᠷ ᠤᠨ ᠦᠷᠦᠪᠳᠡᠰᠦ᠂ ᠦᠰᠦ ᠭᠡᠵᠢᠭᠡ | ᠵᠡᠷᠭᠡ᠃ | 2. ᠪᠤᠲᠠᠷᠬᠠᠢ ᠪᠤᠳᠠᠰ ᠢ ᠦᠯᠢᠶᠡᠬᠦ | ᠦᠯᠢᠶᠡᠭᠦᠷ ᠢ ᠳᠠᠷᠤᠭᠤᠯ ᠤᠨ ᠲᠠᠪᠠᠭ ᠤᠷᠤᠭᠤ ᠠᠰᠯᠠᠭᠤᠯᠵᠤ ᠳᠠᠷᠤᠭᠤᠯ ᠤᠨ ᠵᠠᠪᠰᠠᠷ ᠢ ᠦᠯᠢᠶᠡᠯᠭᠡᠨᠡ᠃ | ᠳᠠᠷᠤᠭᠤᠯ ᠤᠨ ᠵᠠᠪᠰᠠᠷ ᠲᠠᠬᠢ ᠪᠤᠳᠠᠷᠬᠠᠢ ᠪᠤᠳᠠᠰ ᠢ ᠦᠯᠢᠶᠡᠯᠭᠡᠵᠦ ᠬᠠᠶᠠᠨ᠎ᠠ᠃ ᠲᠠᠬᠢᠭᠠᠳ ᠳᠠᠷᠤᠭᠤᠯ ᠤᠨ | ᠲᠠᠪᠠᠭ ᠢᠶᠠᠨ ᠤᠷᠪᠠᠭᠤᠯᠵᠤ ᠰᠠᠵᠢᠯᠠᠬᠤ ᠶᠢᠨ ᠳᠠᠭᠠᠤ ᠬᠦᠩᠭᠡᠬᠡᠨ ᠠᠯᠠᠭᠠᠳᠠᠨ᠎ᠠ᠃ | 3. ᠤᠭᠢᠶᠠᠨ ᠠᠷᠴᠢᠬᠤ | ᠵᠠᠷᠢᠮ ᠬᠦᠮᠦᠰ ᠨᠤᠶᠢᠲᠠᠨ ᠵᠦᠯᠭᠦᠭᠦᠷ ᠢᠶᠠᠷ ᠳᠠᠷᠤᠭᠤᠯ ᠢ ᠠᠷᠴᠢᠵᠤ ᠴᠡᠪᠡᠷᠯᠡᠬᠦ ᠵᠤᠷᠰᠢᠯ ᠲᠠᠢ᠃ | ᠺᠤᠮᠫᠢᠦ᠋ᠲ᠋ᠧᠷ ᠤᠨ ᠲᠤᠰᠬᠠᠢ ᠤᠭᠢᠶᠠᠨ ᠠᠷᠢᠭᠤᠳᠬᠠᠬᠤ ᠰᠢᠩᠭᠡᠨ ᠢ ᠵᠠᠷᠤᠬᠤ ᠴᠢᠬᠤᠯᠠ ᠦᠭᠡᠢ ᠭᠡᠵᠦ ᠦᠵᠡᠳᠡᠭ᠃ | ᠭᠡᠪᠡᠴᠦ ᠨᠤᠶᠢᠲᠠᠨ ᠵᠦᠯᠭᠦᠬᠦᠷ ᠢᠶᠠᠷ ᠳᠠᠷᠤᠭᠤᠯ ᠳᠡᠭᠡᠷᠡᠬᠢ ᠪᠤᠵᠠᠷ ᠪᠤᠷᠲᠠᠭ ᠪᠠ ᠪᠠᠺᠲ᠋ᠧᠷᠢ ᠶᠢ ᠬᠡᠰᠡᠭ ᠪᠤᠰᠠᠭ | ᠠᠷᠢᠯᠭᠠᠳᠠᠭ ᠴᠦ ᠶᠡᠬᠡᠩᠬᠢ ᠪᠠᠺᠲ᠋ᠧᠷᠢ ᠬᠠᠰᠢᠯᠠ ᠳᠠᠷᠤᠭᠤᠯ ᠳᠡᠭᠡᠷ᠎ᠡ ᠦᠯᠡᠳᠡᠵᠦ ᠺᠤᠮᠫᠢᠦ᠋ᠲ᠋ᠧᠷ ᠤᠨ ᠭᠠᠳᠠᠷᠭᠤ ᠶᠢ | ᠵᠢᠷᠤᠵᠤ ᠡᠪᠳᠡᠯᠡᠬᠦ ᠠᠴᠠ ᠰᠡᠷᠭᠡᠶᠢᠯᠡᠬᠦ ᠮᠦᠷᠲᠡᠭᠡᠨ ᠳᠠᠷᠤᠭᠤᠯ ᠤᠨ ᠵᠠᠪᠰᠠᠷ ᠢᠶᠠᠷ ᠨᠡᠪᠲᠡᠷᠡᠵᠦ ᠳᠠᠷᠤᠭᠤᠯ ᠤᠨ | ᠲᠤᠲᠤᠭᠠᠳᠤ ᠶᠢ ᠡᠪᠳᠡᠯᠡᠬᠦ ᠦᠭᠡᠢ᠃ ᠪᠠᠰᠠ ᠪᠠᠺᠲ᠋ᠧᠷᠢ ᠶᠢ ᠲᠤᠶᠢᠯᠪᠤᠷᠢᠲᠠᠢ ᠠᠯᠠᠵᠤ ᠬᠦᠮᠦᠨ ᠤ ᠪᠡᠶ᠎ᠡ ᠶᠢᠨ ᠡᠷᠡᠭᠦᠯ | ᠮᠡᠨᠳᠦ ᠶᠢ ᠬᠠᠮᠠᠭᠠᠯᠠᠬᠤ ᠦᠢᠯᠡᠳᠦᠯ ᠲᠠᠢ᠃ | 4. ᠳᠠᠷᠤᠭᠤᠯ ᠢ ᠠᠷᠢᠭᠤᠳᠬᠠᠬᠤ | ᠳᠠᠷᠤᠭᠤᠯ ᠢᠶᠠᠨ ᠤᠭᠢᠶᠠᠨ ᠠᠷᠴᠢᠭᠰᠠᠨ ᠤ ᠳᠠᠷᠠᠭ᠎ᠠ᠂ ᠠᠷᠢᠬᠢ ᠪᠤᠶᠤ ᠠᠷᠢᠭᠤᠳᠬᠠᠬᠤ ᠰᠢᠩᠭᠡᠨ ᠲᠦᠷᠬᠢᠵᠦ | ᠠᠷᠢᠭᠤᠳᠬᠠᠭᠠᠳ ᠲᠠᠬᠢᠨ ᠬᠠᠭᠤᠷᠠᠢ ᠠᠯᠴᠢᠭᠤᠷ ᠢᠶᠠᠷ ᠠᠷᠴᠢᠪᠠᠯ ᠨᠡᠩ ᠰᠠᠶᠢᠨ᠃ | 5. ᠲᠤᠶᠢᠯᠪᠤᠷᠢᠲᠠᠢ ᠤᠭᠢᠶᠠᠨ ᠴᠡᠪᠡᠷᠯᠡᠬᠦ | ᠬᠡᠷᠪᠡ ᠲᠠ ᠳᠠᠷᠤᠭᠤᠯ ᠤᠨ ᠲᠠᠪᠠᠭ ᠢ ᠲᠤᠶᠢᠯᠪᠤᠷᠢᠲᠠᠢ ᠤᠭᠢᠶᠠᠨ ᠴᠡᠪᠡᠷᠯᠡᠶᠡ ᠭᠡᠪᠡᠯ ᠳᠠᠷᠤᠭᠤᠯ | ᠨᠢᠭᠡᠪᠦᠷᠢ ᠶᠢᠨ ᠮᠠᠯᠠᠭᠠᠢ ᠶᠢ ᠵᠠᠳᠠᠯᠤᠨ ᠠᠪᠴᠤ ᠲᠤᠰᠬᠠᠢ ᠤᠭᠢᠶᠠᠨ ᠴᠡᠪᠡᠷᠯᠡᠬᠦ ᠰᠢᠩᠭᠡᠨ ᠳᠤ ᠲᠡᠪᠲᠦᠭᠡᠨ ᠵᠦᠭᠡᠯᠡᠨ | ᠪᠦᠰ ᠢᠶᠠᠷ ᠤᠭᠢᠶᠠᠨ ᠴᠡᠪᠡᠷᠯᠡᠨ᠎ᠡ᠃ ᠳᠠᠷᠤᠭᠤᠯ ᠤᠨ ᠲᠠᠪᠠᠭ ᠢ ᠠᠷᠢᠭᠤᠳᠬᠠᠬᠤ ᠴᠠᠭᠠᠰᠤ ᠪᠠᠷ ᠨᠠᠷᠢᠨ ᠨᠢᠮᠪᠠᠢ | ᠠᠷᠴᠢᠨ᠎ᠠ᠃ |