ᠠᠮᠢᠳᠤᠷᠠᠯ ᠤᠨ ᠶᠡᠷᠦ ᠶᠢᠨ ᠮᠡᠳᠡᠯᠭᠡ
ᠨᠡᠶᠢᠲᠡᠯᠡᠭᠰᠡᠨ ᠴᠠᠭ᠄
2017-08-07
       ᠬᠤ᠋ ᠯᠤᠤᠪᠠᠩ ᠢ ᠤᠳᠠᠭᠠᠨ ᠬᠠᠳᠠᠭᠠᠯᠠᠬᠤ ᠠᠷᠭ᠎ᠠ        ᠬᠤ᠋ ᠯᠤᠤᠪᠠᠩ ᠢ ᠬᠠᠳᠠᠭᠠᠯᠠᠬᠤ ᠳᠠᠭᠠᠨ ᠤᠰᠤ ᠪᠠᠷ ᠤᠭᠢᠶᠠᠵᠤ ᠪᠤᠯᠬᠤ ᠦᠭᠡᠢ᠂ ᠵᠦᠭᠡᠷ ᠯᠡ ︽ᠤᠭ ᠤᠨ ᠬᠡᠰᠡᠭ︾ ᠢ ᠨᠢ ᠤᠭᠲᠤᠯᠵᠤ ᠬᠠᠶᠠᠭᠠᠳ ᠬᠦᠯᠳᠡᠭᠡᠭᠦᠷ ᠤᠨ ᠢᠶᠠᠨ ᠰᠡᠷᠢᠭᠦᠨ ᠲᠠᠰᠤᠭ ᠲᠤ ᠬᠠᠳᠠᠭᠠᠯᠠᠵᠤ ᠲᠠᠯᠪᠢᠪᠠᠯ ᠪᠤᠯᠴᠢᠬᠠᠨ᠎ᠠ᠃ ᠢᠩᠭᠢᠪᠡᠯ ᠬᠤ᠋ ᠯᠤᠤᠪᠠᠩ ᠤᠨ ︽ᠤᠭ ᠤᠨ ᠬᠡᠰᠡᠭ︾ ᠨᠢ ᠦᠪᠡᠷ ᠤᠨ ᠪᠡᠶ᠎ᠡ ᠳᠤ ᠬᠠᠳᠠᠭᠠᠯᠠᠭᠳᠠᠭᠰᠠᠨ ᠤᠰᠤ ᠶᠢ ᠨᠢ ᠰᠤᠷᠤᠬᠤ ᠠᠴᠠ ᠵᠠᠶᠢᠯᠠᠰᠬᠢᠵᠦ᠂ ᠤᠷᠲᠤ ᠬᠤᠭᠤᠴᠠᠭ᠎ᠠ ᠪᠠᠷ ᠬᠠᠳᠠᠭᠠᠯᠠᠵᠤ ᠳᠡᠶᠢᠯᠦᠨ᠎ᠡ᠃        ᠬᠤᠪᠴᠠᠰᠤᠨ ᠤ ᠨᠤᠭᠤᠯᠤᠭ᠎ᠠ ᠶᠢ ᠠᠷᠢᠯᠭᠠᠬᠤ ᠠᠷᠭ᠎ᠠ        ᠬᠤᠪᠴᠠᠰᠤ ᠶᠢ ᠬᠤᠷᠭᠤᠨ ᠳᠤ ᠡᠪᠬᠡᠵᠦ ᠲᠠᠯᠪᠢᠭᠠᠳ ᠤᠳᠠᠪᠠᠯ ᠠᠮᠠᠷᠬᠠᠨ ᠨᠤᠭᠤᠯᠤᠭ᠎ᠠ ᠤᠷᠤᠳᠠᠭ᠃ ᠡᠨᠡ ᠦᠶ᠎ᠡ ᠳᠤ ᠬᠤᠪᠴᠠᠰᠤ ᠪᠠᠨ ᠬᠡᠳᠦᠨ ᠬᠡᠰᠡᠭ ᠮᠦᠰᠦ ᠲᠠᠢ ᠬᠤᠪᠴᠠᠰᠤᠨ ᠬᠤᠷᠭᠤᠨ ᠳᠤ 5 ᠮᠢᠨᠦ᠋ᠲ ᠲᠠᠯᠪᠢᠬᠤ ᠳᠤ ᠯᠠ ᠨᠤᠭᠤᠯᠤᠭ᠎ᠠ ᠨᠢ ᠪᠦᠷᠢᠮᠦᠰᠦᠨ ᠠᠷᠢᠯᠤᠨ᠎ᠠ᠃        ᠳ᠋ᠸᠦᠹᠦ᠋ ᠶᠢ ᠰᠦᠢᠷᠡᠭᠦᠯᠬᠦ ᠦᠭᠡᠢ ᠬᠠᠭᠤᠷᠬᠤ ᠠᠷᠭ᠎ᠠ        ᠳ᠋ᠸᠦᠹᠦ᠋ ᠶᠢ ᠬᠠᠭᠤᠷᠬᠤ ᠠᠴᠠ ᠪᠠᠨ ᠡᠮᠦᠨ᠎ᠡ ᠳᠠᠪᠤᠰᠤ ᠲᠠᠢ ᠤᠰᠤᠨ ᠳᠤ ᠳᠡᠪᠲᠤᠭᠡᠪᠡᠯ ᠳ᠋ᠸᠦᠹᠦ᠋ ᠠᠮᠠᠷᠬᠠᠨ ᠰᠦᠢᠷᠡᠳᠡᠭ ᠦᠭᠡᠢ᠃ ᠪᠠᠰᠠ ᠨᠢᠭᠡ ᠠᠷᠭ᠎ᠠ ᠨᠢ ᠳ᠋ᠸᠦᠹᠦ᠋ ᠪᠠᠨ ᠬᠠᠭᠤᠷᠬᠤ ᠠᠴᠠ ᠪᠠᠨ ᠡᠮᠦᠨ᠎ᠡ ᠲᠤᠰᠤᠨ ᠳᠤ 1-2 ᠮᠢᠨᠦ᠋ᠲ ᠬᠠᠭᠠᠷᠢᠨ᠎ᠠ᠃ ᠲᠡᠭᠡᠪᠡᠯ ᠭᠠᠳᠠᠷ ᠲᠠᠯ᠎ᠠ ᠨᠢ ᠬᠠᠲᠠᠭᠤ ᠪᠤᠯᠵᠤ ᠠᠮᠠᠷᠬᠠᠨ ᠰᠦᠢᠷᠡᠬᠦ ᠦᠭᠡᠢ ᠪᠠᠶᠢᠳᠠᠭ᠃        ᠰᠤᠩᠭᠢᠨ᠎ᠠ ᠰᠠᠷᠢᠮᠰᠠᠭ ᠢᠶᠠᠷ ᠲᠤᠰᠤᠨ ᠤ ᠬᠠᠯᠠᠭᠤᠨ ᠢ ᠬᠡᠮᠵᠢᠬᠦ        ᠪᠠᠭ᠎ᠠ ᠬᠡᠰᠡᠭ ᠰᠤᠩᠭᠢᠨ᠎ᠠ ᠶᠢ ᠲᠤᠰᠤ ᠲᠠᠢ ᠲᠤᠭᠤᠭᠠᠨ ᠳᠤ ᠬᠢᠬᠦ ᠳᠤ᠂ ᠲᠤᠰᠤ ᠬᠡᠷᠪᠡ ︽ᠫᠠᠱ ᠫᠠᠱ︾ ᠳᠤᠤᠭᠠᠷᠬᠤ ᠮᠦᠷᠲᠡᠭᠡᠨ ᠬᠦᠭᠡᠰᠦᠷᠴᠦ ᠭᠠᠷᠬᠤ ᠦᠭᠡᠢ ᠪᠠᠶᠢᠪᠠᠯ ᠲᠤᠰᠤ ᠨᠢ ᠭᠤᠷᠪᠠᠨ ᠬᠤᠪᠢ ᠬᠠᠯᠠᠵᠤ ᠪᠠᠶᠢᠬᠤ ᠶᠢ ᠬᠠᠷᠠᠭᠤᠯᠵᠤ᠂ ᠪᠠᠭ᠎ᠠ ᠬᠡᠮᠵᠢᠶᠡᠨ ᠤ ᠬᠦᠭᠡᠰᠦ ᠭᠠᠷᠴᠤ ᠡᠬᠢᠯᠡᠪᠡᠯ ᠲᠤᠰᠤ ᠨᠢ 3-4 ᠬᠤᠪᠢ ᠬᠠᠯᠠᠵᠤ᠂ ᠶᠡᠭᠡ ᠬᠡᠮᠵᠢᠶ᠎ᠡ ᠪᠠᠷ ᠬᠦᠭᠡᠰᠦ ᠭᠠᠷᠴᠤ ᠡᠬᠢᠯᠡᠭᠡᠳ ᠰᠠᠶ᠋ᠢᠬᠢ ᠳᠠᠭᠤ ᠨᠢ ᠰᠤᠨᠤᠰᠲᠠᠬᠤ ᠪᠠᠨ ᠪᠤᠯᠢᠪᠠᠯ 5-6 ᠬᠤᠪᠢ ᠬᠠᠯᠠᠭᠰᠠᠨ ᠢ ᠮᠡᠳᠡᠵᠦ ᠪᠤᠯᠤᠨ᠎ᠠ᠃        ᠬᠤᠪᠴᠠᠰᠤ ᠤᠭᠢᠶᠠᠬᠤ ᠨᠤᠨᠳᠠᠭ ᠤᠨ ᠬᠦᠭᠡᠰᠦᠷᠡᠬᠦ ᠶᠢ ᠪᠠᠭᠠᠰᠬᠠᠬᠤ        ᠬᠤᠪᠴᠠᠰᠤ ᠤᠭᠢᠶᠠᠬᠤ ᠨᠤᠨᠳᠠᠭ ᠤᠨ ᠭᠬᠢᠷ ᠠᠷᠢᠯᠭᠠᠬᠤ ᠨᠢ ᠰᠠᠶᠢᠨ ᠪᠤᠯᠪᠠᠴᠤ ᠬᠦᠭᠡᠰᠦ ᠭᠠᠷᠬᠤ ᠨᠢ ᠶᠡᠭᠡ ᠪᠠᠶᠢᠳᠠᠭ᠃ ᠦᠨᠡᠨ ᠳᠡᠭᠡᠨ ᠬᠤᠪᠴᠠᠰᠤ ᠤᠭᠢᠶᠠᠬᠤ ᠨᠤᠨᠲᠠᠭ ᠢᠶᠠᠨ ᠬᠤᠪᠴᠠᠰᠤ ᠤᠭᠢᠶᠠᠬᠤ ᠮᠠᠰᠢᠨ ᠳᠠᠭᠠᠨ ᠬᠢᠬᠦ ᠦᠶᠡᠰ ᠬᠡᠳᠦᠨ ᠬᠡᠰᠡᠭ ᠵᠢᠵᠢᠭ ᠰᠠᠪᠤᠩ ᠲᠠᠢ ᠬᠠᠮᠲᠤ ᠬᠢᠪᠡᠯ ᠬᠦᠭᠡᠰᠦ ᠭᠠᠷᠬᠤ ᠨᠢ ᠮᠡᠳᠡᠭᠳᠡᠮ᠎ᠡ ᠪᠠᠭᠠᠰᠳᠠᠭ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号