ᠰᠦᠨᠢ ᠳᠡᠭᠡᠨ ᠨᠠᠢᠮᠠᠨ ᠴᠠᠭ ᠤᠨᠲᠠᠭᠠᠷᠠᠢ
ᠨᠡᠶᠢᠲᠡᠯᠡᠭᠰᠡᠨ ᠴᠠᠭ᠄
2017-08-18
       ᠰᠦᠨᠢ ᠶᠢᠨ ᠤᠨᠲᠠᠯᠭ᠎ᠠ ᠪᠤᠯ ᠮᠠᠰᠢ ᠴᠢᠬᠤᠯᠠ ᠶᠤᠮ᠂ ᠠᠳᠠᠭ ᠲᠠᠭᠠᠨ 7 ᠴᠠᠭ ᠤᠨᠲᠠᠬᠤ ᠬᠡᠷᠡᠭᠲᠡᠢ᠃ ᠬᠦᠮᠦᠨ ᠬᠡᠳᠦᠢ ᠤᠨᠲᠠᠪᠠᠯ ᠵᠤᠬᠢᠬᠤ ᠪᠤᠢ︖ ᠭᠡᠳᠡᠭ ᠢ ᠬᠡᠳᠦᠨ ᠵᠠᠭᠤᠨ ᠵᠢᠯ ᠮᠠᠷᠭᠤᠭᠠᠳ ᠤᠳᠤ ᠰᠠᠶ᠋ᠢ ᠲᠤᠳᠤᠷᠬᠠᠢ ᠲᠠᠨᠢᠯᠲᠠ ᠲᠠᠢ ᠪᠤᠯᠤᠯ᠎ᠠ᠃ ᠵᠠᠷᠢᠮ ᠬᠦᠮᠦᠨ ᠢᠩᠭᠢᠵᠦ ᠰᠤᠳᠤᠯᠭᠠᠨ ᠬᠢᠵᠡᠢ᠄ ᠨᠢᠭᠡᠨ ᠲᠤᠮᠤᠬᠠᠨ ᠠᠭᠤᠯᠠᠨ ᠠᠭᠤᠢ ᠲᠤᠲᠤᠷ᠎ᠠ ᠭᠡᠷᠡᠯ ᠦᠵᠡᠬᠦ ᠦᠭᠡᠢ ᠪᠠᠶᠢᠳᠠᠯ ᠳᠤᠤᠷ᠎ᠠ ᠬᠦᠮᠦᠨ ᠢ ᠲᠤᠲᠤᠷ᠎ᠠ ᠨᠢ ᠠᠵᠢᠯ ᠳᠤ ᠭᠠᠷᠬᠤ ᠦᠭᠡᠢ᠂ ᠰᠡᠷᠡᠬᠦ ᠴᠠᠭ ᠲᠠᠭᠠᠨ ᠰᠡᠷᠡᠭᠡᠳ᠂ ᠢᠳᠡᠬᠦ ᠳᠤᠷ᠎ᠠ ᠬᠦᠷᠪᠡᠯ ᠢᠳᠡᠭᠡᠳ᠂ ᠨᠠᠭᠠᠳᠬᠤ ᠳᠤᠷ᠎ᠠ ᠬᠦᠷᠪᠡᠯ ᠨᠠᠭᠠᠳᠴᠤ᠂ ᠡᠳᠦᠷ ᠰᠦᠨᠢ ᠶᠢᠨ ᠡᠭᠡᠯᠵᠢᠯᠡᠯ ᠢ ᠮᠡᠳᠡᠭᠦᠯᠬᠦ ᠦᠭᠡᠢ ᠪᠠᠷ ᠭᠠᠳᠠᠨᠠᠬᠢ ᠶᠢᠷᠲᠢᠨᠴᠦ ᠠᠴᠠ ᠲᠤᠰᠠᠭᠠᠷᠯᠠᠨ ᠰᠠᠭᠤᠯᠭᠠᠵᠠᠢ᠃ ᠪᠠᠰᠠ ᠲᠡᠭᠦᠨ ᠤ ᠠᠮᠢᠳᠤ ᠪᠤᠳᠠᠰ ᠤᠨ ᠴᠠᠭ ᠨᠢ ᠴᠤᠬᠤᠮ ᠶᠠᠭᠠᠬᠢᠵᠤ ᠡᠷᠭᠢᠯᠲᠡ ᠬᠢᠵᠦ ᠪᠠᠶᠢᠭᠰᠠᠨ ᠢ ᠦᠵᠡᠵᠡᠢ᠃ ᠡᠭᠦᠨ ᠤ ᠳ᠋ᠦᠩ ᠳᠤ ᠡᠷᠡᠭᠲᠡᠢ ᠡᠮᠡᠭᠲᠡᠢ ᠬᠦᠭᠰᠢᠨ ᠵᠠᠯᠠᠭᠤ ᠦᠭᠡᠢ ᠪᠠᠷ ᠵᠠᠷᠢᠮ ᠬᠦᠮᠦᠨ 14 ᠴᠠᠭ ᠰᠡᠷᠡᠭᠦᠨ᠂ 7 ᠴᠠᠭ ᠤᠨᠲᠠᠵᠤ᠂ ᠵᠠᠷᠢᠮ ᠬᠦᠮᠦᠨ 8 ᠴᠠᠭ ᠰᠡᠷᠡᠭᠦᠨ᠂ 9 ᠴᠠᠭ ᠤᠨᠲᠠᠵᠤ︔ ᠵᠠᠷᠢᠮ ᠬᠦᠮᠦᠨ 20 ᠴᠠᠭ ᠰᠡᠷᠡᠭᠦᠨ᠂ 10 ᠴᠠᠭ ᠤᠨᠲᠠᠵᠤ ᠪᠠᠶᠢᠪᠠ᠃ ᠦᠶᠡᠯᠡᠬᠦ ᠴᠠᠭ ᠤᠨ ᠤᠷᠲᠤ ᠪᠤᠭᠤᠨᠢ ᠨᠢ ᠠᠳᠠᠯᠢ ᠦᠭᠡᠢ᠂ ᠵᠠᠷᠢᠮ ᠨᠢ 18 ᠴᠠᠭ᠂ ᠵᠠᠷᠢᠮ ᠨᠢ 14 ᠴᠠᠭ ᠪᠤᠯᠪᠠᠴᠤ ᠦᠶᠡᠯᠡᠬᠦ ᠬᠤᠭᠤᠴᠠᠭᠠᠨ ᠳᠠᠬᠢ ᠰᠡᠷᠡᠭᠦᠨ ᠪᠠᠶᠢᠬᠤ ᠪᠠ ᠤᠨᠲᠠᠵᠤ ᠪᠠᠶᠢᠬᠤ ᠶᠢᠨ ᠬᠠᠷᠢᠴᠠᠯ ᠨᠢ ᠪᠦᠷ ᠯᠠ 2᠄ 1 ᠪᠠᠶᠢᠵᠠᠢ᠃ ᠬᠠᠮᠤᠭ ᠰᠡᠭᠦᠯ ᠳᠤᠨᠢ ᠬᠦᠮᠦᠨ ᠤ ᠪᠡᠶ᠎ᠡ ᠶᠢᠨ ᠬᠡᠪ ᠤᠨ ᠠᠮᠢᠳᠤ ᠪᠤᠳᠠᠰ ᠤᠨ ᠴᠠᠭ᠂ ᠦᠭᠡᠷ᠎ᠡ ᠪᠠᠷ ᠬᠡᠯᠡᠪᠡᠯ 24 ᠴᠠᠭ ᠤᠨ 16 ᠴᠠᠭ ᠢ ᠰᠡᠷᠡᠭᠦᠨ ᠦᠩᠭᠡᠷᠡᠭᠦᠯᠵᠦ᠂ 8 ᠴᠠᠭ ᠤᠨᠲᠠᠵᠤ ᠪᠠᠶᠢᠪᠠᠯ ᠬᠦᠮᠦᠨ ᠤ ᠪᠡᠶ᠎ᠡ ᠶᠢᠨ ᠠᠮᠢᠳᠤ ᠪᠤᠳᠠᠰ ᠤᠨ ᠴᠠᠭ ᠤᠨ ᠵᠢᠮ᠎ᠡ ᠬᠠᠤᠯᠢ ᠲᠠᠢ ᠵᠤᠬᠢᠴᠠᠵᠤ ᠪᠠᠶᠢᠳᠠᠭ ᠢ ᠤᠯᠵᠤ ᠮᠡᠳᠡᠵᠡᠢ᠃ ᠵᠠᠷᠢᠮ ᠬᠦᠮᠦᠨ ᠪᠢ ᠶᠠᠭᠠᠬᠢᠭᠰᠠᠨ ᠴᠦ ᠲᠡᠶᠢᠮᠦ ᠠᠷᠪᠢᠨ ᠤᠨᠲᠠᠵᠤ ᠤᠷᠤᠬᠤ ᠦᠭᠡᠢ ᠭᠡᠵᠦ ᠬᠡᠯᠡᠬᠦ ᠮᠠᠭᠠᠳ᠃ ᠭᠡᠲᠡᠯ᠎ᠡ ᠨᠢᠭᠡ ᠪᠦᠯᠦᠭ ᠬᠦᠮᠦᠰ ᠲᠤ ᠤᠨᠲᠠᠯᠭ᠎ᠠ ᠶᠢᠨ ᠪᠠᠶᠢᠴᠠᠭᠠᠯᠲᠠ ᠬᠢᠭᠰᠡᠨ ᠢᠶᠠᠷ᠂ ᠬᠡᠪ ᠤᠨ ᠤᠨᠲᠠᠯᠭ᠎ᠠ ᠨᠢ 8 ᠴᠠᠭ ᠬᠦᠷᠬᠦ ᠬᠦᠮᠦᠰ ᠬᠠᠮᠤᠭ ᠤᠨ ᠡᠷᠡᠭᠦᠯ ᠴᠢᠬᠢᠷᠠᠭ᠂ ᠡᠪᠡᠳᠴᠢᠨ ᠡᠮᠬᠡᠭ ᠬᠠᠮᠤᠭ ᠠᠴᠠ ᠪᠠᠭ᠎ᠠ᠂ ᠠᠮᠢ ᠨᠠᠰᠤ ᠨᠢ ᠬᠠᠮᠤᠭ ᠤᠨ ᠤᠷᠲᠤ ᠭᠡᠳᠡᠭ ᠢ ᠤᠯᠵᠤ ᠮᠡᠳᠡᠵᠡᠢ᠃ ᠡᠳᠦᠷ ᠪᠤᠯᠭᠠᠨ ᠲᠤᠲᠠᠭᠤ ᠨᠢᠭᠡ ᠴᠠᠭ ᠤᠨᠲᠠᠬᠤ ᠪᠦᠷᠢ ᠦᠬᠦᠯᠲᠡ ᠶᠢᠨ ᠨᠤᠷᠮ᠎ᠠ ᠨᠢ 9% ᠪᠠᠷ ᠨᠡᠮᠡᠭᠳᠡᠨ᠎ᠡ︔ ᠡᠳᠦᠷ ᠪᠤᠯᠭᠠᠨ 6 ᠴᠠᠭ ᠤᠨᠲᠠᠭᠰᠠᠳ ᠤᠨ ᠦᠬᠦᠯᠲᠡ ᠶᠢᠨ ᠨᠤᠷᠮ᠎ᠠ 18% ᠪᠠᠷ ᠨᠡᠮᠡᠭᠳᠡᠨ᠎ᠡ︔ ᠡᠳᠦᠷ ᠪᠤᠯᠭᠠᠨ ᠵᠦᠪᠬᠡᠨ 5 ᠴᠠᠭ ᠤᠨᠲᠠᠭᠰᠠᠳ ᠤᠨ ᠦᠬᠦᠯᠲᠡ ᠶᠢᠨ ᠨᠤᠷᠮ᠎ᠠ 27% ᠪᠠᠷ ᠨᠡᠮᠡᠭᠳᠡᠨ᠎ᠡ᠃ ᠡᠶᠢᠮᠦ ᠠᠴᠠ ᠡᠳᠦᠷ ᠪᠤᠯᠭᠠᠨ 8 ᠴᠠᠭ ᠤᠨᠲᠠᠬᠤ ᠪᠤᠯ ᠬᠠᠮᠤᠭ ᠤᠨ ᠲᠤᠬᠢᠷᠠᠮᠵᠢᠲᠠᠢ ᠬᠡᠮᠵᠢᠶ᠎ᠡ ᠪᠤᠯᠬᠤ ᠶᠤᠮ᠃        ᠤᠳᠤᠬᠠᠨ ᠳᠤ ᠡᠷᠡᠭᠦᠯ ᠮᠡᠨᠳᠦ ᠪᠠᠷᠤᠭᠲᠠᠢ ᠬᠦᠮᠦᠰ ᠤᠯᠠᠰᠢᠷᠠᠵᠤ ᠪᠠᠶᠢᠭ᠎ᠠ ᠶᠢᠨ ᠰᠢᠯᠲᠠᠭᠠᠨ ᠤ ᠲᠡᠷᠢᠭᠦᠨ ᠨᠢᠭᠡᠨ ᠵᠦᠢᠯ ᠪᠤᠯ ᠤᠨᠲᠠᠯᠭ᠎ᠠ ᠭᠦᠢᠴᠡᠳ ᠪᠤᠰᠤ ᠪᠤᠶᠤ ᠤᠨᠲᠠᠯᠭ᠎ᠠ ᠶᠢᠨ ᠴᠢᠨᠠᠷ ᠴᠢᠨᠰᠠᠭ᠎ᠠ ᠮᠠᠭᠤ ᠪᠠᠶᠢᠬᠤ ᠶᠠᠪᠤᠳᠠᠯ ᠶᠤᠮ᠃ ᠲᠡᠷᠡ ᠨᠢ ᠶᠡᠭᠡ ᠳᠠᠷᠢᠬᠢᠨ ᠤ ᠴᠢᠳᠠᠪᠤᠷᠢ ᠶᠢ ᠳᠤᠷᠤᠭᠰᠢᠯᠠᠭᠤᠯᠤᠨ᠎ᠠ᠂ ᠤᠷᠭᠠᠨᠢᠭ ᠮᠡᠳᠡᠷᠡᠯ ᠪᠠ ᠲᠤᠲᠤᠭᠠᠳᠤ ᠱᠦᠭᠦᠷᠡᠯ ᠤᠨ ᠠᠯᠢᠪᠠ ᠴᠢᠳᠠᠪᠤᠷᠢ ᠶᠢ ᠰᠠᠮᠠᠭᠤᠷᠠᠭᠤᠯᠳᠠᠭ᠃ ᠠᠮᠢᠳᠤ ᠪᠤᠳᠠᠰ ᠤᠨ ᠲᠤᠷᠰᠢᠯᠲᠠ ᠳᠤ ᠵᠦᠪᠬᠡᠨ ᠦᠯᠦᠰᠬᠦ ᠪᠠᠶᠢᠳᠠᠯ ᠳᠤᠤᠷ᠎ᠠ ᠠᠮᠢᠳᠤ ᠪᠤᠳᠠᠰ ᠲᠤ ᠳᠡᠮᠡᠢ ᠶᠡᠭᠡ ᠠᠰᠠᠭᠤᠳᠠᠯ ᠢᠯᠡᠷᠡᠬᠦ ᠦᠭᠡᠢ᠃ ᠭᠡᠪᠡᠴᠦ ᠤᠨᠲᠠᠬᠤ ᠦᠭᠡᠢ ᠪᠤᠯ ᠴᠢᠰᠤᠨ ᠳᠠᠷᠤᠯᠲᠠ ᠦᠨᠳᠦᠷᠵᠢᠬᠦ᠂ ᠲᠢᠳᠢᠮ ᠵᠢᠷᠦᠬᠡᠨ ᠡᠪᠡᠳᠴᠢᠨ᠂ ᠯᠤᠭᠰᠢᠭᠤᠨ ᠰᠤᠳᠠᠯ ᠤᠨ ᠬᠠᠲᠠᠭᠤᠷᠠᠯ ᠡᠭᠦᠰᠳᠡᠭ᠃ ᠨᠢᠭᠡᠨ 4 ᠨᠠᠰᠤᠲᠠᠢ ᠲᠤᠩ ᠴᠢᠬᠢᠷᠠᠭ ᠵᠤᠯᠵᠠᠭ᠎ᠠ ᠰᠠᠮᠵᠠ ᠪᠠᠷ ᠲᠤᠷᠰᠢᠯᠲᠠ ᠬᠢᠵᠦ᠂ ᠲᠡᠭᠦᠨ ᠳᠤ ᠤᠰᠤ ᠤᠤᠭᠤᠯᠭᠠᠬᠤ ᠦᠭᠡᠢ ᠳᠤ ᠬᠠᠮᠢᠶ᠎ᠠ ᠴᠦ ᠦᠭᠡᠢ ᠪᠠᠶᠢᠪᠠ᠃ ᠰᠡᠭᠦᠯ ᠳᠤᠨᠢ ᠰᠢᠭᠤᠳ ᠯᠠ ᠲᠡᠭᠦᠨ ᠢ ᠤᠨᠲᠠᠭᠤᠯᠬᠤ ᠦᠭᠡᠢ᠂ ᠨᠢᠳᠦ ᠨᠢ ᠠᠨᠢᠭᠰᠠᠭᠠᠷ ᠯᠠ ᠴᠠᠬᠢᠯᠭᠠᠨ ᠢᠶᠠᠷ ᠮᠢᠨᠴᠦᠭᠦᠷᠡᠭᠦᠯᠦᠨ ᠰᠡᠷᠡᠭᠡᠭᠡᠳ ᠪᠠᠶᠢᠪᠠ᠃ ᠳᠡᠮᠡᠢ ᠤᠳᠠᠭᠰᠠᠨ ᠦᠭᠡᠢ ᠰᠠᠮᠵᠠ ᠮᠡᠳᠡᠷᠡᠯ ᠤᠨ ᠠᠵᠢᠯᠯᠠᠭᠠᠨ ᠤ ᠭᠡᠮ ᠳᠤ ᠨᠡᠷᠪᠡᠭᠳᠡᠭᠡᠳ ᠦᠰᠦ ᠨᠢ ᠤᠨᠠᠵᠤ᠂ ᠴᠢᠷᠠᠢ ᠶᠢᠨ ᠦᠩᠭᠡ ᠨᠢ ᠴᠦ ᠮᠠᠭᠤᠲᠠᠵᠤ ᠡᠴᠡᠩᠬᠢᠷᠡᠭᠡᠳ ᠶᠠᠭᠤᠮ᠎ᠠ ᠢᠳᠡᠪᠡᠯ ᠪᠠᠭᠠᠰᠤ ᠠᠯᠳᠠᠬᠤ ᠪᠤᠯᠵᠠᠢ᠃ ᠵᠠᠯᠭᠠᠭᠠᠳ ᠪᠠᠰᠠ ᠲᠡᠭᠦᠨ ᠢ ᠤᠨᠲᠠᠭᠤᠯᠬᠤ ᠦᠭᠡᠢ ᠪᠠᠷ ᠰᠡᠳᠡᠯᠲᠡ ᠦᠭᠭᠦᠭᠡᠳ ᠪᠠᠶᠢᠬᠤ ᠳᠤ ᠮᠡᠳᠡᠷᠡᠯ ᠤᠨ ᠠᠵᠢᠯᠯᠠᠭᠠᠨ ᠤ ᠭᠡᠮ ᠨᠢ ᠬᠦᠨᠳᠦᠷᠡᠭᠡᠳ ᠤᠷᠭᠠᠨᠢᠭ ᠮᠡᠳᠡᠷᠡᠯ ᠤᠨ ᠰᠠᠮᠠᠭᠤᠷᠠᠯ ᠪᠤᠯᠴᠢᠬᠠᠪᠠ᠃ ᠰᠡᠭᠦᠯᠡᠷ ᠨᠢ ᠲᠡᠷᠡᠬᠦ ᠰᠠᠮᠵᠠ ᠶᠢᠨ ᠴᠢᠰᠤᠨ ᠳᠠᠷᠤᠯᠲᠠ ᠨᠢ ᠦᠨᠳᠦᠷᠵᠢᠨ ᠯᠤᠭᠰᠢᠭᠤᠨ ᠰᠤᠳᠠᠯ ᠨᠢ ᠬᠠᠲᠠᠭᠤᠷᠠᠴᠢᠬᠠᠵᠠᠢ᠃ ᠳᠠᠷᠠᠭ᠎ᠠ ᠵᠢᠯ ᠤᠨ ᠬᠢᠨᠢ ᠨᠢᠭᠡᠨ ᠡᠳᠦᠷ ᠳᠡᠭᠦᠵᠢᠩ ᠳᠤ ᠰᠠᠪᠠᠯᠠᠵᠤ ᠪᠠᠶᠢᠭᠰᠠᠭᠠᠷ ᠤᠶᠢᠴᠢᠭᠠᠳ ᠪᠦᠬᠦᠯᠢ ᠪᠡᠶ᠎ᠡ ᠨᠢ ᠬᠦᠢᠲᠡᠨ ᠬᠦᠯᠦᠰᠦ ᠭᠠᠷᠴᠤ ᠪᠠᠶᠢᠭᠠᠳ ᠡᠮᠭᠡᠨᠢᠯᠲᠡᠢ ᠪᠠᠷ ᠦᠬᠦᠴᠢᠬᠡᠯ᠎ᠡ᠃ ᠬᠡᠭᠦᠷ ᠢ ᠨᠢ ᠲᠤᠶᠠᠴᠢᠭᠠᠳ ᠲᠦᠷᠭᠡᠨ ᠴᠢᠨᠠᠷᠲᠠᠢ ᠵᠢᠷᠦᠬᠡᠨ ᠮᠡᠳᠡᠷᠡᠯ ᠤᠨ ᠠᠵᠢᠯᠯᠠᠭᠠᠨ ᠤ ᠭᠡᠮ ᠠᠴᠠ ᠪᠠᠨ ᠤᠷᠭᠠᠨᠢᠭ ᠮᠡᠳᠡᠷᠡᠯ ᠤᠨ ᠰᠠᠮᠠᠭᠤᠷᠠᠯ ᠡᠭᠦᠰᠴᠦ᠂ ᠴᠢᠰᠤᠨ ᠳᠠᠷᠤᠯᠲᠠ ᠦᠨᠳᠦᠷᠵᠢᠬᠦ᠂ ᠯᠤᠭᠰᠢᠭᠤᠨ ᠰᠤᠳᠠᠯ ᠤᠨ ᠬᠠᠲᠠᠭᠤᠷᠠᠯ ᠠᠴᠠ ᠪᠠᠨ ᠵᠢᠷᠦᠬᠡᠨ ᠪᠤᠯᠴᠢᠩ ᠤᠨ ᠵᠠᠩᠭᠢᠷᠠᠯ ᠪᠤᠯᠤᠭᠰᠠᠨ ᠭᠡᠳᠡᠭ ᠢ ᠮᠡᠳᠡᠵᠡᠢ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号