| ᠠᠮᠧᠷᠢᠺᠡ ᠶᠢᠨ ︽ᠡᠷᠡᠴᠦᠦᠯ ᠤᠨ ᠡᠷᠡᠭᠦᠯ ᠮᠡᠨᠳᠦ︾ ᠰᠡᠳᠬᠦᠯ ᠵᠤᠬᠢᠶᠠᠯ ᠨᠡᠶᠢᠲᠡᠯᠡᠵᠦ᠂ ᠬᠡᠷᠪᠡ ᠦᠷᠯᠦᠭᠡ | ᠪᠤᠰᠤᠭᠰᠠᠭᠠᠷ ᠳᠤᠤᠷᠠᠬᠢ ᠮᠡᠲᠦ 5 ᠵᠦᠢᠯ ᠤᠨ ᠶᠠᠪᠤᠳᠠᠯ ᠢ ᠬᠢᠪᠡᠯ ᠡᠷᠡᠭᠦᠯ ᠮᠡᠨᠳᠦ ᠳᠡᠭᠡᠨ ᠨᠢᠭᠡᠨᠲᠡ ᠳᠠᠯᠳᠠ ᠭᠡᠮ | ᠦᠯᠡᠳᠡᠭᠡᠯ᠎ᠡ ᠭᠡᠰᠡᠨ ᠪᠠᠶᠢᠨ᠎ᠠ᠃ | 1. ᠦᠷᠯᠦᠭᠡ ᠶᠢᠨ ᠨᠠᠷᠠ ᠶᠢ ᠠᠯᠳᠠᠵᠤ ᠶᠠᠪᠤᠭᠤᠯᠬᠤ᠃ | ᠤᠯᠠᠩᠬᠢ ᠬᠦᠮᠦᠰ ᠦᠳᠡ ᠶᠢᠨ ᠡᠮᠦᠨ᠎ᠡ ᠪᠠᠨ ᠠᠯᠪᠠᠨ ᠭᠡᠷ ᠲᠡᠭᠡᠨ ᠶᠠᠭᠠᠷᠠᠵᠤ ᠦᠳᠡ ᠶᠢᠨ ᠬᠤᠭᠤᠯᠠ | ᠢᠳᠡᠲᠡᠯ᠎ᠡ ᠭᠡᠷ ᠠᠴᠠ ᠪᠠᠨ ᠭᠠᠷᠬᠤ ᠦᠭᠡᠢ ᠪᠠᠶᠢᠳᠠᠭ᠃ ᠠᠮᠧᠷᠢᠺᠡ ᠶᠢᠨ ᠪᠠᠷᠠᠭᠤᠨ ᠬᠤᠶᠢᠲᠤ ᠶᠢᠨ ᠶᠡᠭᠡ | ᠰᠤᠷᠭᠠᠭᠤᠯᠢ ᠶᠢᠨ ᠨᠢᠭᠡᠨ ᠰᠤᠳᠤᠯᠭᠠᠨ ᠢᠯᠡᠷᠡᠭᠦᠯᠦᠭᠰᠡᠨ ᠢᠶᠠᠷ᠂ ᠦᠷᠯᠦᠭᠡ ᠶᠢᠨ ᠨᠠᠷᠠᠨ ᠤ ᠭᠡᠷᠡᠯ ᠢ ᠠᠯᠳᠠᠵᠤ | ᠶᠠᠪᠤᠭᠤᠯᠪᠠᠯ ᠪᠡᠶ᠎ᠡ ᠶᠢᠨ ᠴᠢᠨᠠᠷ ᠴᠢᠨᠰᠠᠭ᠎ᠠ ᠶᠢᠨ ᠢᠯᠡᠳᠬᠡᠭᠴᠢ ᠶᠢ ᠬᠠᠷᠰᠢᠯᠠᠨ᠎ᠠ ᠭᠡᠵᠡᠢ᠃ ᠡᠳᠦᠷ ᠪᠦᠷᠢ ᠶᠢᠨ | ᠦᠷᠯᠦᠭᠡ ᠨᠠᠷᠠᠨ ᠳᠤ ᠪᠡᠶ᠎ᠡ ᠪᠠᠨ ᠡᠭᠡᠭᠡᠳᠡᠭ ᠬᠦᠮᠦᠨ ᠪᠤᠯᠤᠨ ᠦᠳᠡ ᠦᠩᠭᠡᠷᠡᠭᠡᠳ ᠨᠠᠷᠠᠨ ᠤ ᠭᠡᠷᠡᠯ ᠢ ᠬᠦᠯᠢᠶᠡᠨ | ᠠᠪᠳᠠᠭ ᠬᠦᠮᠦᠨ ᠢ ᠬᠠᠷᠢᠴᠠᠭᠤᠯᠪᠠᠯ ᠦᠳᠡ ᠦᠩᠭᠡᠷᠡᠭᠡᠳ ᠨᠠᠷᠠᠨ ᠳᠤ ᠡᠭᠡᠭᠡᠳᠡᠭ ᠬᠦᠮᠦᠨ ᠤ ᠪᠡᠶ᠎ᠡ ᠶᠢᠨ ᠡᠷᠡᠭᠦᠯ | ᠮᠡᠨᠳᠦ ᠶᠢᠨ ᠢᠯᠡᠳᠬᠡᠭᠴᠢ ᠲᠤᠭ᠎ᠠ ᠨᠢ ᠨᠡᠩ ᠳᠤᠤᠷ᠎ᠠ ᠪᠠᠶᠢᠳᠠᠭ᠃ | 2. ᠤᠰᠤ ᠤᠤᠭᠤᠬᠤ ᠦᠭᠡᠢ ᠪᠠᠶᠢᠬᠤ᠃ | ᠠᠮᠧᠷᠢᠺᠡ ᠶᠢᠨ ᠫᠢᠰᠪᠦ᠋ᠷᠡᠭ ᠶᠡᠭᠡ ᠰᠤᠷᠭᠠᠭᠤᠯᠢ ᠶᠢᠨ ᠬᠦᠳᠡᠯᠭᠡᠭᠡᠨ ᠤ ᠠᠨᠠᠭᠠᠬᠤ ᠤᠬᠠᠭᠠᠨ ᠤ ᠲᠦᠪ ᠤᠨ | ᠰᠤᠳᠤᠯᠭᠠᠨ ᠳᠤ ᠵᠢᠭᠠᠵᠤ ᠭᠠᠷᠭᠠᠭᠰᠠᠨ ᠨᠢ᠂ ᠦᠷᠯᠦᠭᠡ ᠳᠡᠭᠡᠨ ᠤᠰᠤ ᠤᠤᠭᠤᠬᠤ ᠦᠭᠡᠢ ᠪᠤᠯ ᠬᠦᠮᠦᠨ ᠤ ᠪᠡᠶ᠎ᠡ | ᠡᠳᠦᠷ ᠢᠶᠠᠷ ᠢᠶᠠᠨ ᠤᠰᠤ ᠲᠤᠲᠠᠭᠳᠠᠬᠤ ᠪᠠᠶᠢᠳᠠᠯ ᠳᠤ ᠪᠠᠶᠢᠳᠠᠭ ᠭᠡᠪᠡ᠃ ᠹᠷᠠᠨᠼᠢ ᠶᠢᠨ ᠬᠠᠮᠤᠭ ᠤᠨ ᠰᠢᠨ᠎ᠡ | ᠰᠤᠳᠤᠯᠭᠠᠨ ᠤ ᠮᠡᠳᠡᠭᠦᠯᠦᠯᠲᠡ ᠳᠤ ᠬᠠᠷᠠᠭᠤᠯᠤᠭᠰᠠᠨ ᠢᠶᠠᠷ᠂ ᠬᠦᠮᠦᠨ ᠤ ᠪᠡᠶ᠎ᠡ ᠳᠤ ᠤᠰᠤ ᠲᠤᠲᠠᠪᠠᠯ ᠬᠢᠯᠪᠠᠷᠬᠠᠨ | ᠠᠪᠤᠷᠢᠯᠠᠬᠤ᠂ ᠲᠦᠭᠡᠷᠢᠭᠳᠡᠬᠦ ᠪᠠ ᠶᠠᠳᠠᠷᠠᠬᠤ ᠪᠠᠶᠢᠳᠠᠯ ᠢᠯᠡᠷᠡᠳᠡᠭ ᠭᠡᠵᠡᠢ᠃ | 3. ᠦᠯᠦᠨ ᠢᠶᠠᠷ ᠬᠦᠳᠡᠯᠭᠡᠭᠡᠨ ᠬᠢᠬᠦ᠃ | ᠠᠩᠭ᠍ᠯᠢ ᠶᠢᠨ ᠬᠠᠮᠤᠭ ᠤᠨ ᠰᠢᠨ᠎ᠡ ᠰᠤᠳᠤᠯᠭᠠᠨ ᠳᠤ ᠬᠠᠷᠠᠭᠤᠯᠤᠭᠰᠠᠨ ᠢᠶᠠᠷ᠂ ᠦᠷᠯᠦᠭᠡ ᠬᠤᠭᠤᠯᠠ ᠢᠳᠡᠬᠦ | ᠦᠭᠡᠢ ᠪᠠᠷ ᠬᠦᠶᠦᠭᠦ ᠪᠤᠶᠤ ᠪᠤᠰᠤᠳ ᠬᠦᠳᠡᠯᠭᠡᠭᠡᠨ ᠬᠢᠭᠰᠡᠨ ᠬᠦᠮᠦᠨ ᠪᠦᠬᠦᠯᠢ ᠡᠳᠦᠷ ᠢᠶᠠᠷ ᠢᠶᠠᠨ ᠬᠡᠳᠡᠷ ᠲᠤᠭᠰᠢᠨ | ᠠᠭᠠᠰᠢᠯᠠᠳᠠᠭ ᠪᠦᠭᠡᠳ ᠲᠤᠯᠤᠭᠠᠢ ᠨᠢ ᠡᠷᠭᠢᠵᠦ ᠳᠦᠢᠷᠡᠳᠡᠭ ᠭᠡᠵᠡᠢ᠃ ᠬᠦᠳᠡᠯᠭᠡᠭᠡᠨ ᠬᠢᠬᠦ ᠠᠴᠠ ᠡᠮᠦᠨ᠎ᠡ ᠬᠤᠭᠤᠯᠠ | ᠢᠳᠡᠭᠰᠡᠨ ᠬᠦᠮᠦᠨ ᠨᠢ ᠦᠯᠦᠨ ᠢᠶᠠᠷ ᠲᠠᠮᠢᠷ ᠤᠨ ᠬᠦᠳᠡᠯᠭᠡᠭᠡᠨ ᠬᠢᠭᠰᠡᠨ ᠬᠦᠮᠦᠨ ᠠᠴᠠ ᠨᠡᠩ ᠢᠯᠡᠭᠦᠦ ᠰᠤᠷᠮᠤᠭᠤᠨ᠂ | ᠨᠡᠩ ᠪᠠᠶᠠᠷ ᠬᠦᠷ ᠲᠠᠢ ᠪᠠᠶᠢᠳᠠᠭ ᠭᠡᠵᠡᠢ᠃ | 4. ᠤᠭᠤᠷᠠᠭ ᠢ ᠭᠦᠢᠴᠡᠳ ᠰᠢᠩᠭᠡᠭᠡᠨ ᠠᠪᠤᠭᠰᠠᠨ ᠦᠭᠡᠢ᠃ | ᠠᠮᠧᠷᠢᠺᠡ ᠶᠢᠨ ᠳ᠋ᠧᠺᠠᠰᠠᠰ ᠶᠡᠭᠡ ᠰᠤᠷᠭᠠᠭᠤᠯᠢ ᠶᠢᠨ ᠰᠤᠳᠤᠯᠭᠠᠨ ᠢᠯᠡᠷᠡᠭᠦᠯᠦᠭᠰᠡᠨ ᠢᠶᠠᠷ᠂ ᠦᠷᠯᠦᠭᠡ | ᠬᠤᠭᠤᠯᠠᠨ ᠳᠤ ᠨᠤᠬᠠᠢ ᠶᠢᠨ ᠬᠤᠰᠢᠭᠤ ᠶᠢᠨ ᠰᠢᠩᠭᠡᠨ ᠪᠤᠳᠠᠭ᠎ᠠ ᠪᠤᠶᠤ ᠨᠢᠭᠡ ᠪᠠᠨᠠᠨᠠ ᠢᠳᠡᠬᠦ ᠨᠢ ᠭᠡᠳᠡᠰᠦ ᠶᠢ | ᠴᠠᠳᠬᠠᠬᠤ ᠪᠤᠯᠪᠠᠴᠤ ᠦᠳᠡ ᠶᠢᠨ ᠬᠤᠭᠤᠯᠠ ᠪᠤᠶᠤ ᠤᠷᠤᠢ ᠶᠢᠨ ᠬᠤᠭᠤᠯᠠᠨ ᠳᠤ ᠰᠠᠶ᠋ᠢ ᠤᠭᠤᠷᠠᠭ ᠨᠦᠬᠦᠪᠦᠷᠢᠯᠡᠬᠦ | ᠨᠢ ᠪᠤᠯᠴᠢᠩ ᠤᠨ ᠦᠰᠦᠯᠲᠡ ᠪᠤᠶᠢᠵᠢᠯᠲᠠ ᠳᠤ ᠠᠰᠢᠭ ᠦᠭᠡᠢ ᠶᠤᠮ᠃ ᠡᠳᠦᠷ ᠤᠨ ᠭᠤᠷᠪᠠᠨ ᠡᠷᠡᠨ ᠳᠤ ᠴᠦᠮ 30 | ᠭᠷᠡᠮ ᠤᠭᠤᠷᠠᠭ ᠰᠢᠩᠭᠡᠭᠡᠨ ᠠᠪᠳᠠᠭ ᠬᠦᠮᠦᠨ ᠤ ᠪᠤᠯᠴᠢᠩ ᠤᠨ ᠤᠭᠤᠷᠠᠭ ᠤᠨ ᠨᠡᠶᠢᠯᠡᠭᠦᠯᠦᠮᠵᠢ ᠨᠢ ᠠᠳᠠᠯᠢ | ᠬᠡᠮᠵᠢᠶᠡᠨ ᠤ ᠤᠭᠤᠷᠠᠭ ᠢ ᠰᠢᠩᠭᠡᠭᠡᠨ ᠠᠪᠳᠠᠭ ᠴᠦ ᠤᠷᠤᠢ ᠶᠢᠨ ᠬᠤᠭᠤᠯᠠᠨ ᠠᠴᠠ ᠯᠡ ᠰᠢᠩᠭᠡᠭᠡᠨ ᠠᠪᠳᠠᠭ | ᠬᠦᠮᠦᠨ ᠠᠴᠠ 25% ᠦᠨᠳᠦᠷ ᠶᠤᠮ᠃ | 5. ᠵᠠᠮ ᠳᠠᠭᠠᠨ ᠠᠭᠤᠷᠯᠠᠬᠤ᠃ | ᠵᠠᠮ ᠤᠨ ᠲᠦᠭᠵᠢᠷᠡᠯ ᠲᠠᠰᠤᠷᠠᠯ ᠦᠭᠡᠢ ᠭᠠᠷᠬᠤ ᠨᠢ ᠠᠵᠢᠯ ᠠᠮᠢᠳᠤᠷᠠᠯ ᠤᠨ ᠳᠠᠷᠤᠭᠠᠰᠤ ᠬᠦᠨᠳᠦᠷᠡᠭᠰᠡᠨ | ᠬᠦᠮᠦᠰ ᠢ ᠤᠯᠠᠮ ᠢᠯᠡᠭᠦᠦ ᠭᠠᠴᠢᠭᠳᠠᠭᠤᠯᠳᠠᠭ᠃ ᠰᠸᠧᠳᠧᠨ ᠤ ᠨᠢᠭᠡᠨ ᠰᠤᠳᠤᠯᠭᠠᠨ ᠬᠠᠷᠠᠭᠤᠯᠤᠭᠰᠠᠨ ᠢᠶᠠᠷ᠂ ᠬᠡᠷᠪᠡ | ᠠᠵᠢᠯᠯᠠᠬᠤ ᠪᠠᠷ ᠶᠠᠪᠤᠬᠤ ᠵᠠᠮ ᠳᠤ ᠲᠦᠭᠵᠢᠷᠡᠭᠰᠡᠨ ᠠᠴᠠ ᠪᠤᠯᠵᠤ ᠶᠡᠬᠡᠪᠡᠷ ᠠᠭᠤᠷᠯᠠᠨ ᠭᠠᠴᠢᠭᠳᠠᠪᠠᠯ ᠲᠤᠰ | ᠦᠷᠯᠦᠭᠡ ᠶᠢᠨ ᠰᠡᠳᠬᠢᠯᠭᠡ ᠮᠠᠭᠤ ᠪᠤᠯᠬᠤ ᠪᠠᠷ ᠪᠠᠷᠠᠬᠤ ᠦᠭᠡᠢ᠂ ᠪᠠᠰᠠ ᠬᠢᠯᠪᠠᠷᠬᠠᠨ ᠢᠶᠠᠷ ᠪᠦᠬᠦᠶᠢᠯᠡ ᠠᠮᠢᠳᠤᠷᠠᠯ ᠤᠨ | ᠴᠢᠨᠠᠷ ᠴᠢᠨᠰᠠᠭ᠎ᠠ ᠶᠢ ᠪᠠᠭᠤᠷᠠᠭᠤᠯᠤᠨ᠎ᠠ ᠭᠡᠵᠡᠢ᠃ ᠦᠭᠡᠷ᠎ᠡ ᠪᠠᠷ ᠬᠡᠯᠡᠪᠡᠯ ᠡᠳᠦᠷ ᠪᠦᠷᠢ ᠶᠢᠨ ᠵᠠᠮ ᠬᠠᠷᠢᠯᠴᠠᠭᠠᠨ ᠤ | ᠪᠠᠶᠢᠳᠠᠯ ᠤᠨ ᠲᠤᠬᠠᠢ ᠰᠡᠳᠬᠢᠯᠭᠡ ᠶᠢᠨ ᠰᠠᠶᠢᠨ ᠮᠠᠭᠤ ᠪᠠᠶᠢᠬᠤ ᠨᠢ ᠪᠦᠬᠦᠯᠢ ᠴᠤᠭᠴᠠ ᠶᠢᠨ ᠵᠤᠯ ᠵᠢᠷᠭᠠᠯᠲᠤ | ᠰᠡᠳᠬᠢᠯᠭᠡ ᠶᠢ ᠨᠦᠯᠦᠭᠡᠯᠡᠳᠡᠭ᠃ |