ᠨᠢᠭᠤᠷ ᠤᠨ ᠵᠤᠯᠤᠮ᠎ᠠ ᠨᠠᠭᠠᠭᠰᠠᠨ ᠤ ᠰᠡᠭᠦᠯᠡᠷ ᠨᠢᠭᠤᠷ ᠢᠶᠠᠨ ᠤᠭᠢᠶᠠᠬᠤ ᠦᠦ
ᠨᠡᠶᠢᠲᠡᠯᠡᠭᠰᠡᠨ ᠴᠠᠭ᠄
2017-07-12
       ᠮᠠᠰᠢ ᠤᠯᠠᠨ ᠬᠦᠮᠦᠨ ᠨᠢᠭᠤᠷ ᠤᠨ ᠵᠤᠯᠤᠮ᠎ᠠ ᠨᠠᠭᠠᠭᠰᠠᠨ ᠤ ᠰᠡᠭᠦᠯᠡᠷ ᠰᠢᠭᠤᠳ ᠳᠠᠷᠠᠭᠠᠴᠢ ᠶᠢᠨ ᠠᠷᠠᠰᠤ ᠬᠠᠮᠠᠭᠠᠯᠠᠬᠤ ᠳᠡᠰ ᠳᠠᠷᠠᠭ᠎ᠠ ᠶᠢ ᠬᠢᠵᠦ ᠪᠤᠯᠬᠤ ᠡᠰᠡᠭᠦ ᠲᠤᠬᠠᠢ ᠡᠷᠡᠭᠡᠯᠵᠡᠳᠡᠭ ᠪᠠᠶᠢᠨ᠎ᠠ᠂ ᠡᠶᠢᠮᠦ ᠠᠴᠠ ᠨᠢᠭᠤᠷ ᠤᠭᠢᠶᠠᠵᠤ ᠪᠤᠯᠬᠤ ᠡᠰᠡᠭᠦ ᠲᠤᠬᠠᠢ ᠠᠰᠠᠭᠤᠳᠠᠯ ᠢᠯᠡᠷᠡᠭᠰᠡᠨ ᠪᠠᠶᠢᠨ᠎ᠠ᠂ ᠳᠤᠤᠷ᠎ᠠ ᠡᠨᠡᠬᠦ ᠲᠦᠪᠡᠭᠲᠡᠢ ᠠᠰᠠᠭᠤᠳᠠᠯ ᠢ ᠰᠢᠢᠳᠪᠦᠷᠢᠯᠡᠶ᠎ᠡ︕        ᠨᠠᠭᠠᠬᠤ ᠬᠡᠯᠪᠡᠷᠢ ᠶᠢᠨ ᠨᠢᠭᠤᠷ ᠤᠨ ᠵᠤᠯᠤᠮ᠎ᠠ        ᠬᠠᠮᠤᠭ ᠤᠨ ᠳᠦᠭᠦᠮ ᠬᠢᠯᠪᠠᠷ ᠨᠢᠭᠤᠷ ᠤᠨ ᠵᠤᠯᠤᠮ᠎ᠠ ᠪᠠᠶᠢᠵᠤ᠂ ᠬᠦᠮᠦᠰ ᠤᠨ ᠬᠠᠮᠤᠭ ᠠᠴᠠ ᠬᠡᠷᠡᠭᠯᠡᠬᠦ ᠳᠤᠷᠠᠲᠠᠢ ᠨᠢᠭᠡ ᠵᠦᠢᠯ ᠤᠨ ᠵᠤᠯᠤᠮ᠎ᠠ ᠪᠤᠯᠤᠨ᠎ᠠ᠃ ᠨᠢᠭᠡ ᠬᠡᠰᠡᠭ ᠨᠢᠭᠤᠷ ᠤᠨ ᠵᠤᠯᠤᠮ᠎ᠠ ᠳᠤ ᠤᠬᠢ ᠶᠢᠨ ᠰᠢᠩᠭᠡᠨ ᠦᠨᠳᠦᠰᠦᠨ ᠳᠡᠭᠡᠨ 25-35 ᠮᠢᠯᠢᠯᠢᠲᠷ ᠰᠢᠬᠠᠮ ᠠᠭᠤᠯᠵᠤ᠂ 15 ᠮᠢᠨᠦ᠋ᠲ ᠤᠷᠴᠢᠮ ᠨᠠᠭᠠᠪᠠᠯ ᠠᠪᠴᠤ᠂ ᠨᠢᠭᠤᠷ ᠳᠡᠭᠡᠷ᠎ᠡ ᠦᠯᠡᠳᠡᠭᠰᠡᠨ ᠤᠬᠢ ᠶᠢᠨ ᠰᠢᠩᠭᠡᠨ ᠢ ᠬᠦᠩᠭᠡᠨ ᠢᠯᠢᠪᠡᠯ ᠠᠷᠠᠰᠤᠨ ᠳᠤ ᠨᠡᠩ ᠠᠮᠠᠷᠬᠠᠨ ᠰᠢᠩᠭᠡᠬᠦ ᠪᠤᠯᠤᠨ᠎ᠠ᠃        ᠬᠡᠷᠪᠡ ᠲᠠ ᠬᠦᠩᠬᠡᠨ ᠢᠯᠢᠭᠡᠳ ᠨᠢᠭᠤᠷ ᠳᠡᠭᠡᠷ᠎ᠡ ᠴᠢᠨᠢ ᠪᠠᠰᠠ ᠯᠠ ᠨᠢᠯᠴᠠᠭᠠᠢ ᠪᠠᠶᠢᠵᠤ᠂ ᠤᠬᠢ ᠶᠢᠨ ᠰᠢᠩᠭᠡᠨ ᠨᠢ ᠠᠷᠪᠢᠨ ᠪᠠᠶᠢᠪᠠᠯ ᠴᠡᠪᠡᠷ ᠤᠰᠤ ᠪᠠᠷ ᠤᠭᠢᠶᠠᠭᠠᠳ ᠲᠠᠬᠢᠨ ᠳᠠᠷᠠᠭᠠᠴᠢ ᠶᠢᠨ ᠠᠷᠠᠰᠤ ᠬᠠᠮᠠᠭᠠᠯᠠᠬᠤ ᠳᠡᠰ ᠳᠠᠷᠠᠭ᠎ᠠ ᠶᠢ ᠶᠠᠪᠤᠭᠳᠠᠭᠤᠯᠤᠨ᠎ᠠ᠃ ᠬᠡᠷᠪᠡ ᠬᠦᠩᠭᠡᠨ ᠢᠯᠢᠬᠦ ᠪᠠᠷ ᠳᠠᠮᠵᠢᠵᠦ ᠨᠢᠭᠤᠷ ᠳᠡᠭᠡᠷᠡᠬᠢ ᠤᠬᠢ ᠶᠢᠨ ᠰᠢᠩᠭᠡᠨ  ᠨᠢ ᠨᠡᠯᠢᠶᠡᠳ ᠰᠢᠩᠭᠡᠵᠦ᠂ ᠨᠢᠯᠴᠠᠭᠠᠢ ᠪᠢᠰᠢ ᠪᠤᠯᠤᠭᠰᠠᠨ ᠪᠠᠶᠢᠪᠠᠯ ᠨᠢᠭᠤᠷ ᠢᠶᠠᠨ ᠤᠭᠢᠶᠠᠬᠤ ᠬᠡᠷᠡᠭ ᠦᠭᠡᠢ᠂ ᠰᠢᠭᠤᠳ ᠳᠠᠷᠠᠭᠠᠴᠢ ᠶᠢᠨ ᠠᠷᠠᠰᠤ ᠬᠠᠮᠠᠭᠠᠯᠠᠬᠤ ᠳᠡᠰ ᠳᠠᠷᠠᠭ᠎ᠠ ᠶᠢ ᠬᠢᠪᠡᠯ ᠪᠤᠯᠴᠢᠬᠠᠨ᠎ᠠ᠃        ᠴᠠᠷᠴᠠᠮᠠᠯ ᠬᠡᠯᠪᠡᠷᠢ ᠪᠤᠯᠤᠨ ᠬᠠᠨᠳᠠ ᠬᠡᠯᠪᠡᠷᠢ ᠶᠢᠨ ᠨᠢᠭᠤᠷ ᠤᠨ ᠵᠤᠯᠤᠮ᠎ᠠ        ᠴᠠᠷᠴᠠᠮᠠᠯ ᠬᠡᠯᠪᠡᠷᠢ ᠪᠤᠯᠤᠨ ᠬᠠᠨᠳᠠ ᠬᠡᠯᠪᠡᠷᠢ ᠶᠢᠨ ᠨᠢᠭᠤᠷ ᠤᠨ ᠵᠤᠯᠤᠮ᠎ᠠ ᠶᠢ ᠨᠠᠭᠠᠭᠰᠠᠨ ᠤ ᠰᠡᠭᠦᠯᠡᠷ ᠪᠦᠷ ᠤᠰᠤ ᠪᠠᠷ ᠴᠡᠪᠡᠷ ᠤᠭᠢᠶᠠᠵᠤ᠂ ᠨᠢᠭᠤᠷ ᠤᠨ ᠵᠤᠯᠤᠮ᠎ᠠ ᠦᠯᠡᠳᠡᠭᠰᠡᠨ ᠦᠭᠡᠢ ᠪᠠᠶᠢᠬᠤ ᠶᠢ ᠪᠠᠲᠤᠯᠠᠭᠰᠠᠨ ᠤ ᠰᠡᠭᠦᠯᠡᠷ ᠰᠠᠶ᠋ᠢ ᠳᠠᠷᠠᠭᠠᠴᠢ ᠶᠢᠨ ᠠᠷᠠᠰᠤ ᠬᠠᠮᠠᠭᠠᠯᠠᠬᠤ ᠳᠡᠰ ᠳᠠᠷᠠᠭ᠎ᠠ ᠶᠢ ᠶᠠᠪᠤᠭᠳᠠᠭᠤᠯᠤᠨ᠎ᠠ᠃ ᠢᠩᠭᠢᠪᠡᠯ ᠰᠠᠶ᠋ᠢ ᠳᠠᠷᠠᠭᠠᠴᠢ ᠶᠢᠨ ᠠᠷᠠᠰᠤ ᠬᠠᠮᠠᠭᠠᠯᠠᠬᠤ ᠪᠦᠲᠦᠭᠡᠭᠳᠡᠭᠦᠨ ᠨᠢ ᠰᠠᠶᠢᠲᠤᠷ ᠰᠢᠩᠭᠡᠬᠦ ᠪᠤᠯᠤᠨ᠎ᠠ᠃ ᠴᠠᠷᠴᠠᠮᠠᠯ ᠬᠡᠯᠪᠡᠷᠢ ᠪᠤᠯᠤᠨ ᠬᠠᠨᠳᠠ ᠬᠡᠯᠪᠡᠷᠢ ᠶᠢᠨ ᠨᠢᠭᠤᠷ ᠤᠨ ᠵᠤᠯᠤᠮ᠎ᠠ ᠨᠢ ᠠᠷᠠᠰᠤᠨ ᠳᠤ ᠲᠤᠩ ᠰᠠᠶᠢᠨ ᠪᠢᠲᠡᠭᠦᠮᠵᠢ ᠴᠢᠨᠠᠷ ᠲᠠᠢ ᠪᠦᠲᠦᠭᠡᠭᠳᠡᠭᠦᠨ ᠪᠠᠶᠢᠵᠤ᠂ ᠵᠤᠯᠤᠮ᠎ᠠ ᠶᠢ ᠨᠠᠭᠠᠬᠤ ᠦᠶᠡᠰ ᠰᠢᠮ᠎ᠡ ᠲᠡᠵᠢᠭᠡᠯ ᠨᠢ ᠨᠢᠭᠡᠨᠲᠡ ᠬᠦᠷᠦᠯᠴᠡᠬᠦᠶᠢᠴᠡ ᠲᠤᠯᠠ ᠨᠠᠭᠠᠭᠰᠠᠨ ᠤ ᠰᠡᠬᠦᠯᠡᠷ ᠤᠭᠢᠶᠠᠬᠤ ᠬᠡᠷᠡᠭᠲᠡᠢ᠃        ᠰᠦᠨᠢ ᠶᠢᠨ ᠨᠢᠭᠤᠷ ᠤᠨ ᠵᠤᠯᠤᠮ᠎ᠠ        ᠮᠠᠰᠢ ᠤᠯᠠᠨ ᠨᠢᠭᠤᠷ ᠤᠨ ᠵᠤᠯᠤᠮ᠎ᠠ ᠳᠡᠭᠡᠷ᠎ᠡ ᠪᠦᠷ ᠪᠢᠲᠡᠬᠡᠢ ᠤᠭᠢᠶᠠᠭᠠᠷᠠᠢ ᠭᠡᠵᠦ ᠪᠢᠴᠢᠵᠦ ᠪᠠᠶᠢᠳᠠᠭ᠂ ᠲᠡᠭᠦᠨ ᠤ ᠨᠡᠷ᠎ᠡ ᠠᠴᠠ ᠨᠢ ᠳᠠᠷᠤᠢ ᠨᠠᠭᠠᠭᠠᠳ ᠤᠨᠲᠠᠬᠤ ᠨᠢᠭᠤᠷ ᠤᠨ ᠵᠤᠯᠤᠮ᠎ᠠ ᠭᠡᠰᠡᠨ ᠢ ᠮᠡᠳᠡᠵᠦ ᠪᠤᠯᠤᠨ᠎ᠠ᠃ ᠬᠡᠷᠪᠡ ᠲᠠ ᠨᠠᠭᠠᠭᠠᠳ ᠤᠨᠲᠠᠬᠤ ᠭᠡᠪᠡᠯ ᠨᠢᠮᠭᠡᠭᠡᠨ ᠨᠢᠭᠡ ᠳᠠᠪᠬᠤᠷ ᠨᠠᠭᠠᠪᠠᠯ ᠳᠠᠷᠤᠢ ᠬᠦᠷᠴᠢᠭᠡᠨ᠎ᠡ᠂ ᠬᠡᠲᠦᠷᠬᠡᠢ ᠵᠤᠵᠠᠭᠠᠨ ᠨᠠᠭᠠᠪᠠᠯ ᠠᠷᠠᠰᠤᠨ ᠤ ᠰᠤᠯᠢᠯᠴᠠᠭ᠎ᠠ ᠠᠮᠢᠰᠬᠤᠯ ᠢ ᠬᠠᠷᠰᠢᠯᠠᠬᠤ ᠪᠦᠭᠡᠳ ᠬᠦᠨᠵᠢᠯᠡ ᠳᠡᠷ᠎ᠡ ᠳᠡᠭᠡᠷ᠎ᠡ ᠠᠮᠠᠷᠬᠠᠨ ᠬᠦᠷᠬᠦ ᠪᠤᠯᠤᠨ᠎ᠠ᠃ ᠳᠠᠷᠠᠭ᠎ᠠ ᠦᠷᠯᠦᠭᠡ ᠨᠢ ᠪᠤᠰᠤᠭᠰᠠᠨ ᠤ ᠰᠡᠭᠦᠯᠡᠷ ᠨᠢᠭᠤᠷ ᠤᠭᠢᠶᠠᠬᠤ ᠡᠳ᠋ ᠢᠶᠠᠷ ᠨᠢᠭᠤᠷ ᠢᠶᠠᠨ ᠰᠠᠶᠢᠲᠤᠷ ᠤᠭᠢᠶᠠᠨ᠎ᠠ᠃        ᠱᠠᠭᠠᠯᠠᠬᠤ ᠬᠡᠯᠪᠡᠷᠢ ᠶᠢᠨ ᠨᠢᠭᠤᠷ ᠤᠨ ᠵᠤᠯᠤᠮ᠎ᠠ        ᠵᠠᠷᠢᠮ ᠴᠡᠪᠡᠷᠯᠡᠬᠦ ᠬᠡᠯᠪᠡᠷᠢ ᠶᠢᠨ ᠨᠢᠭᠤᠷ ᠤᠨ ᠵᠤᠯᠤᠮ᠎ᠠ ᠶᠢ ᠪᠤᠯ ᠦᠨᠡᠬᠡᠷ ᠱᠠᠭᠠᠯᠬᠤ ᠬᠡᠷᠡᠭ ᠲᠠᠢ ᠪᠠᠶᠢᠵᠤ᠂ ᠢᠯᠠᠩᠭᠤᠶ᠎ᠠ ᠵᠠᠷᠢᠮ ᠬᠠᠷ᠎ᠠ ᠰᠡᠪᠬᠡ ᠶᠢ ᠠᠷᠢᠯᠭᠠᠬᠤ ᠬᠠᠮᠠᠷ ᠤᠨ ᠵᠤᠯᠤᠮ᠎ᠠ ᠶᠢ ᠱᠠᠭᠠᠯᠤᠭᠰᠠᠨ ᠤ ᠰᠡᠭᠦᠯᠡᠷ ᠳᠡᠭᠡᠷ᠎ᠡ ᠨᠢ ᠲᠤᠩ ᠤᠯᠠᠨ ᠤᠯᠠᠨ ᠬᠠᠷ᠎ᠠ ᠰᠡᠪᠬᠡ ᠬᠠᠷᠠᠭᠳᠠᠳᠠᠭ᠃ ᠭᠡᠪᠡᠴᠦ ᠤᠯᠠᠩᠬᠢ ᠬᠦᠮᠦᠨ ᠱᠠᠭᠠᠯᠵᠤ ᠠᠪᠤᠭᠰᠠᠨ ᠤ ᠰᠡᠭᠦᠯᠡᠷ ᠳᠤᠤᠷ᠎ᠠ ᠨᠢ ᠬᠡᠪ ᠤᠨ ᠠᠷᠠᠰᠤ ᠬᠠᠮᠠᠭᠠᠯᠠᠬᠤ ᠳᠡᠰ ᠳᠠᠷᠠᠭ᠎ᠠ ᠶᠢ ᠶᠠᠪᠤᠭᠳᠠᠭᠤᠯᠵᠤ᠂ ᠦᠰᠦᠨ ᠤ ᠰᠦᠪᠡ ᠶᠢ ᠠᠪᠴᠢᠭᠠᠬᠤ ᠡᠨᠡᠬᠦ ᠠᠯᠬᠤᠮ ᠢ ᠤᠮᠳᠤᠭᠠᠶᠢᠯᠠᠭᠰᠠᠨ ᠠᠴᠠ ᠬᠡᠳᠦᠨ ᠡᠳᠦᠷ ᠤᠨ ᠳᠠᠷᠠᠭ᠎ᠠ ᠬᠠᠷ᠎ᠠ ᠰᠡᠪᠬᠡ ᠲᠠᠬᠢᠨ ᠢᠯᠡᠷᠡᠳᠡᠭ᠃ ᠱᠠᠭᠠᠯᠬᠤ ᠬᠡᠯᠪᠡᠷᠢ ᠶᠢᠨ ᠬᠠᠮᠠᠷ ᠤᠨ ᠵᠤᠯᠤᠮ᠎ᠠ ᠪᠠ ᠱᠠᠭᠠᠯᠬᠤ ᠬᠡᠯᠪᠡᠷᠢ ᠶᠢᠨ ᠨᠢᠭᠤᠷ ᠤᠨ ᠵᠤᠯᠤᠮ᠎ᠠ ᠭᠡᠰᠡᠨ ᠦᠭᠡᠢ᠂ ᠱᠠᠭᠠᠯᠤᠭᠰᠠᠨ ᠤ ᠰᠡᠭᠦᠯᠡᠷ ᠵᠠᠪᠠᠯ ᠤᠰᠤ ᠪᠠᠷ ᠨᠢᠭᠡ ᠤᠳᠠᠭ᠎ᠠ ᠤᠭᠢᠶᠠᠵᠤ᠂ ᠲᠠᠬᠢᠨ ᠠᠪᠴᠢᠭᠠᠬᠤ ᠤᠰᠤ ᠶᠢ ᠲᠦᠷᠬᠢᠵᠦ ᠦᠰᠦᠨ ᠤ ᠰᠦᠪᠡ ᠶᠢ ᠠᠪᠴᠢᠭᠠᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号