| ᠬᠠᠮᠤᠭ ᠰᠢᠨ᠎ᠡ ᠰᠤᠳᠤᠯᠭᠠᠨ ᠳᠤ ᠭᠡᠷᠡᠴᠢᠯᠡᠭᠰᠡᠨ ᠢᠶᠠᠷ᠂ ᠶᠠᠪᠠᠭᠠᠨ ᠠᠯᠬᠤᠬᠤ ᠨᠢ ᠲᠢᠲᠢᠮ ᠰᠤᠳᠠᠯ ᠤᠨ | ᠪᠦᠭᠡᠮᠨᠡᠷᠡᠵᠦ ᠬᠠᠲᠠᠭᠤᠷᠠᠬᠤ ᠳᠤ ᠰᠦᠷᠭᠡᠦ ᠡᠷᠭᠢᠯᠲᠡ ᠭᠠᠷᠭᠠᠵᠤ ᠴᠢᠳᠠᠬᠤ ᠪᠦᠭᠡᠳ ᠤᠨᠴᠠᠭᠠᠶᠢᠯᠠᠨ ᠢᠳᠡᠷ ᠦᠲᠡᠯᠦᠭᠡ | ᠬᠦᠮᠦᠰ ᠲᠤ ᠲᠤᠬᠢᠷᠠᠨ᠎ᠠ᠃ ᠶᠠᠪᠠᠭᠠᠨ ᠠᠯᠬᠤᠬᠤ ᠨᠢ ᠪᠠᠰᠠ ᠰᠢᠬᠢᠷ ᠰᠢᠵᠢᠩ ᠡᠪᠡᠳᠴᠢᠨ ᠢ ᠦᠷ᠎ᠡ ᠠᠰᠢᠭᠲᠠᠢ ᠪᠠᠷ | ᠰᠡᠷᠭᠡᠶᠢᠯᠡᠵᠦ ᠴᠢᠳᠠᠳᠠᠭ᠃ ᠰᠤᠳᠤᠯᠭᠠᠨ ᠳᠤ ᠭᠡᠷᠡᠴᠢᠯᠡᠭᠰᠡᠨ ᠢᠶᠠᠷ᠂ ᠭᠠᠷᠠᠭ ᠲᠤ ᠭᠤᠷᠪᠠ ᠤᠳᠠᠭ᠎ᠠ ᠶᠠᠪᠠᠭᠠᠨ | ᠠᠯᠬᠤᠪᠠᠯ ᠰᠢᠬᠢᠷ ᠰᠢᠵᠢᠩ ᠡᠪᠡᠳᠴᠢᠨ ᠤ ᠡᠭᠦᠰᠬᠦ ᠲᠤᠬᠢᠶᠠᠯ ᠨᠢ ᠬᠦᠳᠡᠯᠭᠡᠭᠡᠨ ᠬᠢᠳᠡᠭ ᠦᠭᠡᠢ ᠬᠦᠮᠦᠨ ᠠᠴᠠ | 25% ᠪᠠᠷ ᠪᠠᠭᠠᠰᠴᠤ᠂ ᠭᠠᠷᠠᠭ ᠲᠤ ᠳᠦᠷᠪᠡ ᠤᠳᠠᠭ᠎ᠠ ᠶᠠᠪᠠᠭᠠᠨ ᠠᠯᠬᠤᠪᠠᠯ 33% ᠪᠠᠷ ᠪᠠᠭᠠᠰᠴᠤ᠂ ᠭᠠᠷᠠᠭ ᠲᠤ | ᠲᠠᠪᠤ ᠤᠳᠠᠭ᠎ᠠ ᠶᠠᠪᠠᠭᠠᠨ ᠠᠯᠬᠤᠪᠠᠯ 42% ᠢᠶᠠᠷ ᠪᠠᠭᠠᠰᠴᠤ ᠪᠤᠯᠤᠨ᠎ᠠ᠃ ᠡᠭᠦᠨ ᠳᠤ ᠤᠳᠠᠭ᠎ᠠ ᠪᠦᠷᠢ ᠶᠠᠪᠠᠭᠠᠨ ᠢᠶᠠᠷ | 3 ᠺᠢᠯᠦᠮᠧᠲᠷ ᠭᠠᠷᠤᠢ ᠠᠯᠬᠤᠪᠠᠯ ᠵᠤᠬᠢᠨ᠎ᠠ᠃ ᠮᠠᠨ ᠤ ᠤᠯᠤᠰ ᠤᠨ ᠳ᠋ᠠᠴᠢᠩ ᠬᠤᠲᠠ ᠬᠢᠭᠡᠳ ᠪᠡᠭᠡᠵᠢᠩ ᠬᠤᠲᠠ ᠳᠤ | ᠬᠢᠭᠰᠡᠨ ᠰᠤᠳᠤᠯᠭᠠᠨ ᠳᠤ ᠪᠠᠰᠠ ᠭᠡᠷᠡᠴᠢᠯᠡᠭᠰᠡᠨ ᠢᠶᠠᠷ᠂ ᠬᠦᠳᠡᠯᠭᠡᠭᠡᠨ ᠬᠢᠳᠡᠭ ᠦᠭᠡᠢ ᠬᠦᠮᠦᠨ ᠲᠠᠢ ᠠᠳᠠᠯᠢᠳᠬᠠᠪᠠᠯ | ᠬᠦᠳᠡᠯᠭᠡᠭᠡᠨ ᠬᠢᠳᠡᠭ ᠬᠦᠮᠦᠨ ᠤ ᠰᠢᠬᠢᠷ ᠰᠢᠵᠢᠩ ᠡᠪᠡᠳᠴᠢᠨ ᠡᠭᠦᠰᠬᠦ ᠨᠤᠷᠮ᠎ᠠ ᠨᠢ 30% -50% ᠪᠠᠷ | ᠪᠠᠭᠠᠰᠤᠭᠰᠠᠨ ᠪᠠᠶᠢᠨ᠎ᠠ᠃ | | | | ᠶᠠᠪᠠᠭᠠᠨ ᠠᠯᠬᠤᠬᠤ ᠨᠢ ᠪᠠᠰᠠ ᠬᠦᠮᠦᠨ ᠤ ᠪᠡᠶ᠎ᠡ ᠪᠢᠯᠳᠠᠷ ᠢ ᠢᠯᠡᠷᠬᠡᠢ ᠭᠤᠸᠠᠵᠢᠭᠤᠯᠵᠤ᠂ ᠦᠭᠡᠬᠦᠯᠡᠬᠦ ᠶᠢ | ᠪᠠᠭᠠᠰᠬᠠᠵᠤ᠂ ᠮᠠᠷᠢᠶ᠎ᠠ ᠲᠠᠢ ᠬᠦᠮᠦᠰ ᠤᠨ ᠮᠠᠷᠢᠶ᠎ᠠ ᠶᠢ ᠨᠢ ᠰᠢᠭᠤᠷᠠᠭᠤᠯᠵᠤ᠂ ᠡᠴᠡᠩᠬᠡᠢ ᠬᠦᠮᠦᠰ ᠤᠨ ᠪᠤᠯᠴᠢᠩ ᠢ ᠨᠢ | ᠴᠢᠬᠢᠷᠠᠭᠵᠢᠭᠤᠯᠵᠤ ᠬᠦᠳᠡᠷᠯᠢᠭ ᠪᠤᠯᠭᠠᠳᠠᠭ᠃ ᠢᠳᠡᠷ ᠨᠠᠰᠤᠨ ᠤ ᠡᠮᠡᠭᠲᠡᠶᠢᠴᠦᠳ 8 ᠭᠠᠷᠠᠭ ᠤᠨ ᠲᠤᠲᠤᠷ᠎ᠠ | ᠡᠮᠴᠢ ᠶᠢᠨ ᠵᠢᠯᠤᠭᠤᠳᠤᠯᠭ᠎ᠠ ᠳᠤᠤᠷ᠎ᠠ ᠬᠦᠳᠡᠯᠭᠡᠭᠡᠨ ᠤ ᠬᠡᠮᠵᠢᠶ᠎ᠡ ᠶᠢ ᠨᠢ ᠠᠭᠠᠵᠢᠮ ᠢᠶᠠᠷ ᠨᠡᠮᠡᠭᠳᠡᠭᠦᠯᠬᠦ ᠲᠤᠷᠰᠢᠯᠲᠠ ᠳᠤ | ᠤᠷᠤᠯᠴᠠᠭᠠᠳ ᠳᠤᠮᠳᠠᠴᠢ ᠪᠠᠷ 6 ᠺᠢᠯᠦᠭᠷᠡᠮ ᠦᠭᠡᠬᠦ ᠶᠢ ᠪᠠᠭᠠᠰᠬᠠᠵᠤ᠂ ᠪᠤᠯᠴᠢᠩ ᠨᠢ 3.6 ᠺᠢᠯᠦᠭᠷᠡᠮ ᠨᠡᠮᠡᠭᠳᠡᠨ᠂ | ᠪᠡᠶ᠎ᠡ ᠶᠢᠨ ᠬᠦᠨᠳᠦ ᠨᠢ 2.4 ᠺᠢᠯᠦᠭᠷᠡᠮ ᠪᠠᠭᠤᠷᠠᠭᠰᠠᠨ ᠪᠠᠶᠢᠵᠠᠢ᠃ ᠶᠠᠪᠠᠭᠠᠨ ᠠᠯᠬᠤᠬᠤ ᠨᠢ ᠮᠡᠳᠡᠷᠡᠯ ᠤᠨ | ᠰᠢᠰᠲ᠋ᠧᠮ ᠤᠨ ᠴᠢᠳᠠᠪᠤᠷᠢ ᠪᠠ ᠤᠨᠴᠠᠭᠠᠶᠢᠯᠠᠨ ᠲᠡᠩᠴᠡᠭᠦᠷᠢᠰᠢᠭᠦᠯᠬᠦ ᠴᠢᠳᠠᠪᠤᠷᠢ ᠶᠢ ᠰᠠᠶᠢᠵᠢᠷᠠᠭᠤᠯᠳᠠᠭ᠃ ᠪᠠᠰᠠ | ᠰᠡᠳᠬᠢᠭᠦᠢ ᠶᠢ ᠰᠠᠶᠢᠵᠢᠷᠠᠭᠤᠯᠤᠨ᠂ ᠤᠷᠮ᠎ᠠ ᠰᠡᠳᠬᠢᠯᠭᠡ ᠶᠢ ᠪᠠᠶᠠᠷ ᠬᠦᠷ ᠲᠠᠢ ᠪᠤᠯᠭᠠᠨ ᠬᠤᠪᠢᠷᠠᠭᠤᠯᠳᠠᠭ᠃ ᠠᠳᠡ | ᠬᠡᠯᠡᠵᠦ ᠪᠠᠶᠢᠭ᠎ᠠ ᠡᠳᠦᠷ ᠲᠤ ᠨᠠᠢᠮᠠᠨ ᠮᠢᠩᠭᠠᠨ ᠠᠯᠬᠤᠮ ᠪᠤᠯ ᠬᠠᠷᠢᠴᠠᠯᠠᠰᠢ ᠦᠭᠡᠢ ᠪᠢᠰᠢ᠃ ᠶᠠᠫᠤᠨ ᠤ ᠬᠦᠮᠦᠰ | ᠡᠳᠦᠷ ᠲᠤ ᠲᠦᠮᠡᠨ ᠠᠯᠬᠤᠮ ᠠᠯᠬᠤᠳᠠᠭ᠃ ᠢᠩᠭᠢᠬᠦ ᠳᠤ ᠪᠦᠷ ᠪᠤᠯᠤᠨ᠎ᠠ᠃ ᠭᠡᠪᠡᠴᠦ ᠬᠠᠮᠤᠭ ᠪᠠᠭ᠎ᠠ ᠳᠠᠭᠠᠨ 3 | ᠺᠢᠯᠦᠮᠧᠲᠷ᠂ ᠳᠠᠷᠤᠢ 6000 ᠠᠯᠬᠤᠮ ᠪᠠᠶᠢᠬᠤ ᠬᠡᠷᠡᠭᠲᠡᠢ᠃ 8000 ᠠᠯᠬᠤᠮ ᠭᠡᠳᠡᠭ ᠪᠤᠯ ᠪᠠᠷᠤᠭᠴᠠᠭᠠᠯᠠᠭᠰᠠᠨ | ᠬᠡᠮᠵᠢᠶ᠎ᠡ᠂ ᠬᠠᠮᠤᠭ ᠦᠨᠳᠦᠷ ᠲᠡᠭᠡᠨ 12000 ᠠᠯᠬᠤᠮ᠂ ᠬᠠᠮᠤᠭ ᠪᠠᠭ᠎ᠠ ᠳᠠᠭᠠᠨ 6000 ᠠᠯᠬᠤᠮ ᠪᠠᠶᠢᠪᠠᠯ | ᠡᠷᠡᠭᠦᠯ ᠮᠡᠨᠳᠦ ᠳᠤ ᠠᠰᠢᠭᠲᠠᠢ ᠪᠠᠶᠢᠳᠠᠭ᠃ | | | | |