ᠲᠠᠨ ᠤ ᠮᠡᠳᠡᠬᠦ ᠦᠭᠡᠢ ᠠᠮᠢᠳᠤᠷᠠᠯ ᠤᠨ ᠤᠷ᠎ᠠ ᠳᠡᠮ
ᠨᠡᠶᠢᠲᠡᠯᠡᠭᠰᠡᠨ ᠴᠠᠭ᠄
2017-04-07
       1. ᠨᠢᠭᠤᠷ ᠢᠶᠠᠨ ᠤᠭᠢᠶᠠᠵᠤ ᠪᠠᠷᠠᠭᠰᠠᠨ ᠤ ᠳᠠᠷᠠᠭ᠎ᠠ᠂ ᠬᠤᠷᠤᠭᠤᠨ ᠳᠡᠭᠡᠷ᠎ᠡ ᠪᠠᠨ ᠪᠠᠭ᠋ᠠᠨ ᠨᠠᠷᠢᠯᠢᠭ ᠳᠠᠪᠤᠰᠤ ᠨᠠᠭᠠᠯᠳᠤᠭᠤᠯᠵᠤ ᠬᠠᠮᠠᠷ ᠤᠨ ᠬᠤᠶᠠᠷ ᠲᠠᠯ᠎ᠠ ᠪᠠᠷ ᠢᠶᠠᠨ ᠬᠦᠩᠭᠡᠨ ᠱᠦᠷᠭᠦᠭᠡᠵᠦ᠂ ᠴᠡᠪᠡᠷ ᠤᠰᠤ ᠪᠠᠷ ᠤᠭᠢᠶᠠᠨ ᠴᠡᠪᠡᠷᠯᠡᠪᠡᠯ ᠬᠠᠷ᠎ᠠ ᠲᠤᠯᠪᠤ ᠰᠡᠪᠬᠡ ᠵᠡᠷᠭᠡ ᠶᠢ ᠲᠤᠶᠢᠯᠪᠤᠷᠢᠲᠡᠢ ᠠᠷᠢᠯᠭᠠᠵᠤ ᠪᠤᠯᠤᠨ᠎ᠠ᠃        2. ᠬᠠᠭᠠᠰ ᠬᠠᠲᠠᠭᠰᠠᠨ ᠰᠠᠪᠤᠩ ᠤᠨ ᠨᠤᠨᠳᠠᠭ ᠢᠶᠠᠷ ᠨᠢᠳᠤᠨ ᠰᠢᠯ ᠤᠨ ᠬᠤᠶᠠᠷ ᠲᠠᠯ᠎ᠠ ᠶᠢ ᠵᠢᠭᠳᠡ ᠳᠦᠷᠬᠢᠵᠦ ᠵᠦᠯᠭᠦᠪᠡᠯ ᠨᠢᠳᠦᠨ ᠰᠢᠯ ᠤᠯᠠᠮ ᠭᠡᠷᠡᠯᠳᠦᠬᠦ ᠪᠤᠯᠤᠨ᠎ᠠ᠃ ᠲᠤᠰ ᠠᠷᠭ᠎ᠠ ᠶᠢ ᠬᠡᠷᠡᠭᠯᠡᠪᠡᠯ ᠨᠢᠳᠦᠨ ᠰᠢᠯ ᠬᠠᠯᠠᠭᠤᠨ ᠲᠠᠢ ᠬᠠᠷᠭᠤᠭᠰᠠᠨ ᠴᠦ ᠮᠠᠨᠠᠨᠲᠤᠬᠤ ᠦᠭᠡᠢ ᠪᠠᠶᠢᠳᠠᠭ᠃        3. ᠬᠡᠷᠪᠡ ᠬᠦᠩᠭᠡᠨ ᠴᠠᠭᠠᠨ ᠲᠤᠭᠤᠭ᠎ᠠ ᠪᠠᠨ ᠰᠢᠲᠠᠭᠠᠵᠤ ᠬᠡᠦᠷᠰᠢᠭᠦᠯᠦᠭᠰᠡᠨ ᠪᠠᠶᠢᠪᠠᠯ ᠲᠤᠭᠤᠭ᠎ᠠ ᠶᠢᠨ ᠲᠤᠲᠤᠷ᠎ᠠ ᠪᠠᠨ ᠪᠦᠭᠡᠷᠡᠩᠬᠡᠢ ᠰᠤᠩᠭᠢᠨ᠎ᠠ ᠪᠤᠯᠤᠨ ᠵᠢᠭᠠᠬᠠᠨ ᠤᠰᠤ ᠬᠢᠵᠦ ᠴᠢᠨᠠᠵᠤ ᠪᠤᠯᠭᠤᠪᠠᠯ ᠪᠤᠢ ᠪᠦᠬᠦᠢ ᠰᠢᠲᠠᠵᠤ ᠬᠡᠦᠷᠰᠢᠭᠰᠡᠨ ᠪᠤᠳᠠᠰ ᠨᠢ ᠤᠳᠠᠬᠤ ᠦᠭᠡᠢ ᠳᠡᠭᠳᠡᠨ ᠭᠠᠷᠴᠤ ᠢᠷᠡᠳᠡᠭ᠃        4. ᠲᠤᠭᠤᠭᠠᠨ ᠭᠡᠷ ᠤᠨ ᠱᠠᠯᠠ ᠳᠡᠭᠡᠷ᠎ᠡ ᠲᠤᠰᠤ ᠭᠬᠢᠷ ᠪᠤᠷᠲᠠᠭ ᠬᠤᠷᠠᠵᠤ ᠴᠤᠭᠯᠠᠷᠠᠭᠰᠠᠨ ᠪᠠᠶᠢᠪᠠᠯ ᠱᠠᠯᠠ ᠪᠠᠨ ᠵᠦᠯᠭᠦᠬᠦ ᠠᠴᠠ ᠪᠠᠨ ᠡᠮᠦᠨ᠎ᠡ ᠵᠦᠯᠭᠦᠭᠦᠷ ᠳᠡᠭᠡᠷ᠎ᠡ ᠪᠠᠨ ᠵᠢᠭᠠᠬᠠᠨ ᠼᠤᠤ ᠲᠤᠰᠤᠭᠠᠵᠤ ᠵᠦᠯᠭᠦᠪᠡᠯ ᠲᠤᠰᠤᠨ ᠤ ᠭᠬᠢᠷ ᠪᠤᠷᠲᠠᠭ ᠠᠮᠠᠷᠬᠠᠨ ᠠᠷᠢᠯᠭᠠᠭᠳᠠᠬᠤ ᠪᠤᠯᠤᠨ᠎ᠠ᠃        5. ᠦᠳᠡ ᠶᠢᠨ ᠡᠮᠦᠨ᠎ᠡ ᠨᠤᠭᠤᠭᠠᠨ ᠴᠠᠢ ᠤᠤᠭᠤᠪᠠᠯ ᠬᠤᠳᠤᠭᠤᠳᠤ ᠶᠢ ᠰᠠᠶᠢᠵᠢᠷᠠᠭᠤᠯᠵᠤ ᠳᠠᠷᠢᠬᠢ ᠶᠢ ᠰᠡᠷᠭᠦᠭᠡᠨ᠎ᠡ᠃ ᠦᠳᠡ ᠶᠢᠨ ᠬᠤᠶᠢᠨ᠎ᠠ ᠵᠠᠯᠪᠠᠷᠢ ᠳᠡᠪᠲᠦᠭᠡᠵᠦ ᠤᠤᠭᠤᠪᠠᠯ ᠪᠡᠶ᠎ᠡ ᠮᠠᠬᠠᠪᠤᠳ ᠢ ᠰᠠᠶᠢᠵᠢᠷᠠᠭᠤᠯᠵᠤ᠂ ᠤᠨᠲᠠᠯᠭ᠎ᠠ ᠳᠤ ᠠᠰᠢᠭᠲᠠᠢ ᠪᠠᠶᠢᠳᠠᠭ᠃        6. ᠵᠢᠭᠠᠰᠤ ᠶᠢ ᠴᠡᠪᠡᠷᠯᠡᠵᠦ ᠠᠷᠢᠯᠭᠠᠵᠤ ᠪᠠᠷᠠᠭᠰᠠᠨ ᠤ ᠳᠠᠷᠠᠭ᠎ᠠ ᠪᠤᠳᠠᠭ᠎ᠠ ᠤᠭᠢᠶᠠᠭᠰᠠᠨ ᠤᠰᠤᠨ ᠳᠤ ᠳᠡᠪᠲᠦᠭᠡᠨ᠎ᠡ᠂ ᠢᠩᠭᠢᠪᠡᠯ ᠵᠢᠭᠠᠰᠤ ᠶᠢ ᠬᠠᠭᠤᠷᠴᠤ ᠭᠠᠷᠭᠠᠬᠤ ᠳᠤ ᠦᠨᠦᠷ ᠠᠮᠲᠠ ᠨᠢ ᠨᠡᠩ ᠰᠢᠨ᠎ᠡ ᠰᠤᠷᠭᠤᠭ ᠮᠦᠷᠲᠡᠭᠡᠨ ᠠᠮᠲᠠ ᠲᠠᠢ ᠪᠤᠯᠳᠠᠭ᠃        7. ᠬᠢᠴᠢᠶᠡᠮᠵᠢ ᠦᠭᠡᠢ ᠠᠴᠠ ᠪᠤᠯᠵᠤ CD ᠲᠠᠪᠠᠭ ᠢ ᠱᠦᠷᠭᠦᠭᠡᠵᠦ ᠤᠷᠤᠮ ᠤᠷᠤᠭᠤᠯᠤᠭᠰᠠᠨ ᠪᠠᠶᠢᠪᠠᠯ ᠤᠷᠤᠮ ᠤᠷᠤᠭᠰᠠᠨ ᠭᠠᠵᠠᠷ ᠨᠢ ᠲᠤᠰᠤᠨ ᠪᠢᠷ ᠤᠨ ᠪᠤᠳᠤᠭ ᠲᠦᠷᠬᠢᠪᠡᠯ ᠪᠤᠯᠴᠢᠬᠠᠨ᠎ᠠ᠃ ᠶᠠᠮᠠᠷ ᠦᠩᠭᠡ ᠶᠢᠨ ᠲᠤᠰᠤᠨ ᠪᠢᠷ ᠤᠨ ᠪᠤᠳᠤᠭ ᠴᠦ ᠪᠦᠷ ᠪᠤᠯᠤᠨ᠎ᠠ᠃        8. ᠦᠨ᠎ᠡ ᠬᠠᠩᠰᠢ ᠶᠢᠨ ᠢᠯᠡᠳᠬᠡᠮᠵᠢ ᠶᠢ ᠱᠠᠭᠠᠯᠵᠤ ᠠᠪᠬᠤ ᠳᠤ ᠲᠤᠩ ᠬᠦᠴᠢᠷᠲᠡᠢ ᠪᠠᠶᠢᠳᠠᠭ᠂ ᠲᠡᠭᠦᠨ ᠢ ᠭᠡᠵᠢᠭᠡ ᠬᠠᠲᠠᠭᠠᠬᠤ ᠮᠠᠰᠢᠨ ᠢᠶᠠᠷ ᠦᠯᠢᠶᠡᠯᠭᠡᠵᠦ ᠪᠠᠭ᠋ᠠᠨ ᠬᠠᠯᠠᠭᠤᠯᠤᠭᠠᠳ ᠲᠠᠬᠢᠨ ᠱᠠᠭᠠᠯᠪᠠᠯ ᠲᠤᠩ ᠠᠮᠠᠷᠬᠠᠨ ᠠᠪᠲᠠᠬᠤ ᠪᠦᠭᠡᠳ ᠵᠢᠭᠠᠬᠠᠨ ᠤᠷᠤᠮ ᠴᠦ ᠦᠯᠡᠳᠡᠬᠦ ᠦᠭᠡᠢ ᠪᠠᠶᠢᠳᠠᠭ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号