1. ᠴᠢᠭᠢᠭ ᠨᠤᠶᠢᠲᠠᠨ ᠠᠴᠠ ᠵᠠᠶᠢᠯᠠᠰᠬᠢᠬᠦ ᠬᠡᠷᠡᠭᠲᠡᠢ᠃ ᠦᠷᠭᠦᠯᠵᠢ ᠴᠢᠭᠢᠭ ᠨᠤᠶᠢᠲᠠᠨ ᠤᠷᠴᠢᠨ ᠳᠤ | ᠰᠠᠭᠤᠪᠠᠯ ᠴᠢᠭᠢᠭ ᠠᠮᠠᠷᠬᠠᠨ ᠪᠡᠶ᠎ᠡ ᠳᠤ ᠤᠷᠤᠨ᠎ᠠ᠃ ᠱᠠᠯᠠ ᠳᠡᠭᠡᠷ᠎ᠡ ᠤᠨᠲᠠᠵᠤ ᠪᠤᠯᠬᠤ ᠦᠭᠡᠢ᠂ ᠴᠢᠭᠢᠭ ᠨᠤᠶᠢᠲᠠᠨ | ᠲᠠᠢ ᠬᠤᠪᠴᠠᠰᠤ ᠬᠤᠨᠠᠷ ᠡᠮᠦᠰᠴᠦ ᠪᠤᠯᠬᠤ ᠦᠭᠡᠢ᠃ ᠬᠦᠨᠵᠢᠯᠡ ᠪᠠᠨ ᠦᠷᠭᠦᠯᠵᠢ ᠰᠠᠯᠬᠢ ᠵᠢᠪᠠᠷ ᠨᠡᠪᠲᠡᠷᠡᠬᠦ | ᠭᠠᠵᠠᠷ ᠲᠤ ᠨᠠᠷᠠᠨ ᠳᠤ ᠳᠡᠯᠭᠡᠨ ᠡᠭᠡᠭᠡᠵᠦ ᠬᠠᠲᠠᠭᠠᠨ᠎ᠠ᠃ ᠪᠡᠶ᠎ᠡ ᠪᠠᠨ ᠤᠭᠢᠶᠠᠭᠰᠠᠨ ᠤ ᠳᠠᠷᠠᠭ᠎ᠠ ᠭᠦᠢᠴᠡᠳ ᠰᠠᠶᠢᠬᠠᠨ | ᠤᠭᠢᠶᠠᠵᠤ ᠬᠠᠲᠠᠭᠠᠬᠤ ᠬᠡᠷᠡᠭᠲᠡᠢ᠂ ᠡᠭᠦᠳᠡ ᠴᠤᠩᠬᠤ ᠪᠠᠨ ᠦᠷᠭᠦᠯᠵᠢ ᠨᠡᠭᠡᠭᠡᠬᠦ ᠨᠢ ᠮᠠᠰᠢ ᠵᠦᠢᠲᠠᠢ᠃ | 2. ᠰᠤᠩᠭᠢᠨ᠎ᠠ᠂ ᠰᠠᠷᠢᠮᠰᠠᠭ᠂ ᠭᠠ ᠬᠡᠷᠡᠭᠯᠡᠵᠦ ᠪᠤᠯᠤᠨ᠎ᠠ᠃ ᠡᠳᠡᠭᠡᠷ ᠬᠠᠯᠠᠭᠤᠨ ᠴᠢᠨᠠᠷ ᠲᠠᠢ ᠵᠦᠢᠯ ᠢᠶᠠᠷ | ᠪᠡᠶ᠎ᠡ ᠶᠢᠨ ᠴᠢᠭᠢᠭ ᠢ ᠭᠠᠳᠠᠭᠰᠢᠯᠠᠭᠤᠯᠵᠤ ᠪᠤᠯᠤᠨ᠎ᠠ᠃ | 3. ᠵᠤᠬᠢᠬᠤ ᠬᠡᠮᠵᠢᠶ᠎ᠡ ᠪᠠᠷ ᠲᠠᠮᠢᠷ ᠤᠨ ᠬᠦᠳᠡᠯᠭᠡᠭᠡᠨ ᠳᠤ ᠤᠷᠤᠯᠴᠠᠵᠤ ᠬᠦᠯᠦᠰᠦ ᠭᠠᠷᠪᠠᠯ ᠰᠠᠶᠢᠨ᠃ | ᠵᠤᠬᠢᠬᠤ ᠬᠡᠮᠵᠢᠶᠡᠨ ᠤ ᠬᠦᠳᠡᠯᠭᠡᠭᠡᠨ ᠬᠢᠬᠦ ᠨᠢ ᠬᠦᠮᠦᠨ ᠤ ᠰᠢᠨ᠎ᠡ ᠬᠠᠭᠤᠴᠢᠨ ᠤ ᠰᠤᠯᠢᠯᠴᠠᠭ᠎ᠠ ᠶᠢ ᠰᠠᠶᠢᠵᠢᠷᠠᠭᠤᠯᠵᠤ᠂ | ᠴᠢᠰᠤᠨ ᠤ ᠡᠷᠭᠢᠯᠲᠡ ᠶᠢ ᠲᠦᠷᠭᠡᠳᠬᠡᠬᠦ ᠪᠠᠷ ᠪᠠᠷᠠᠬᠤ ᠦᠭᠡᠢ ᠪᠠᠰᠠ ᠬᠤᠤᠷ᠎ᠠ ᠶᠢ ᠭᠠᠳᠠᠭᠰᠢᠯᠠᠭᠤᠯᠤᠨ᠎ᠠ᠃ | 4. ᠮᠢᠬ᠎ᠠ ᠲᠤᠰᠤ ᠲᠤᠲᠠᠭᠤ ᠢᠳᠡᠪᠡᠯ ᠰᠠᠶᠢᠨ᠃ ᠬᠤᠶᠠᠷ ᠤᠯᠠᠷᠢᠯ ᠤᠨ ᠵᠠᠪᠰᠠᠷ ᠲᠤ ᠵᠤᠬᠢᠰᠲᠠᠢ ᠤᠰᠤ | ᠨᠦᠬᠦᠪᠦᠷᠢᠯᠡᠵᠦ᠂ ᠬᠦᠢᠲᠡᠨ ᠨᠤᠶᠢᠲᠠᠨ ᠢᠳᠡᠭᠡᠨ ᠤᠮᠳᠠᠭᠠᠨ ᠢ ᠴᠡᠭᠡᠷᠯᠡᠬᠦ ᠬᠡᠷᠡᠭᠲᠡᠢ᠃ | 5. ᠬᠠᠪᠤᠷ ᠤᠨ ᠰᠡᠭᠦᠯᠴᠢ ᠵᠤᠨ ᠤ ᠡᠬᠢ ᠪᠠᠷ ᠬᠦᠮᠦᠨ ᠤ ᠪᠡᠶ᠎ᠡ ᠳᠠᠬᠢ ᠬᠤᠤᠷᠠᠲᠠᠢ ᠵᠦᠢᠯᠡᠰ ᠠᠮᠠᠷᠬᠠᠨ | ᠬᠦᠳᠡᠯᠬᠦ ᠲᠤᠯᠠ ᠬᠤᠤᠷ᠎ᠠ ᠭᠠᠳᠠᠭᠰᠢᠯᠠᠭᠤᠯᠬᠤ ᠠᠷᠭ᠎ᠠ ᠠᠪᠬᠤ ᠴᠢᠬᠤᠯᠠᠲᠠᠢ᠃ ᠡᠭᠦᠨ ᠳᠤ ᠢᠳᠡᠭᠡᠨ ᠢᠶᠠᠷ ᠲᠠᠭᠤᠪᠠᠯ | ᠬᠠᠮᠤᠭ ᠠᠴᠠ ᠠᠰᠢᠭᠲᠠᠢ ᠪᠦᠭᠡᠳ ᠪᠦᠲᠦᠮᠵᠢᠲᠡᠢ ᠪᠠᠶᠢᠳᠠᠭ᠃ ᠤᠷᠲᠤ ᠰᠢᠷᠬᠡᠭᠯᠢᠭ ᠲᠠᠢ ᠨᠤᠭᠤᠭ᠎ᠠ ᠢᠯᠡᠭᠦᠬᠡᠨ | ᠢᠳᠡᠵᠦ᠂ ᠸᠢᠲ᠋ᠠᠮᠢᠨ C ᠶᠢᠨ ᠠᠭᠤᠯᠤᠭᠳᠠᠴᠠ ᠦᠨᠳᠦᠷ ᠯᠤᠤᠪᠠᠩ ᠤᠨ ᠨᠠᠪᠴᠢ᠂ ᠠᠮᠲᠠᠲᠠᠢ ᠯᠠᠵᠤᠤ᠂ ᠰᠢᠯᠢᠮᠳᠡᠭ᠂ | ᠪᠦᠭᠡᠷᠡᠩᠬᠡᠢ ᠨᠤᠭᠤᠭ᠎ᠠ᠂ ᠭᠠᠰᠢᠭᠤᠨ ᠬᠡᠮᠬᠡ ᠵᠡᠷᠭᠡ ᠨᠤᠭᠤᠭ᠎ᠠ ᠢᠳᠡᠵᠦ ᠪᠤᠯᠤᠨ᠎ᠠ᠃ ᠡᠭᠦᠨ ᠠᠴᠠ ᠭᠠᠳᠠᠨ᠎ᠠ ᠤᠯᠠᠭᠠᠨ | ᠂ ᠪᠤᠷᠤ᠂ ᠬᠦᠷᠡᠩ ᠦᠩᠭᠡᠲᠡᠢ᠂ ᠨᠤᠭᠤᠭ᠎ᠠ ᠵᠢᠮᠢᠰ ᠢᠳᠡᠵᠦ ᠢᠰᠦᠯᠳᠦᠬᠦ ᠶᠢ ᠳᠠᠭᠠᠭᠠᠬᠤ ᠡᠳ᠋ ᠨᠦᠬᠦᠪᠦᠷᠢᠯᠡᠵᠦ | ᠪᠤᠯᠤᠨ᠎ᠠ᠃ ᠡᠭᠡᠳᠡᠭᠰᠡᠨ ᠰᠦ ᠬᠦᠮᠦᠨ ᠤ ᠭᠡᠳᠡᠰᠦ ᠬᠤᠳᠤᠭᠤᠳᠤ ᠶᠢ ᠴᠡᠪᠡᠷᠰᠢᠭᠦᠯᠬᠦ ᠦᠢᠯᠡᠳᠦᠯ ᠲᠠᠢ ᠪᠠᠶᠢᠳᠠᠭ ᠶᠤᠮ᠃ | |