| ᠬᠦᠮᠦᠰ ᠤᠯᠠᠩᠬᠢ ᠳᠠᠭᠠᠨ ᠰᠡᠳᠬᠢᠯ ᠰᠠᠨᠠᠭ᠎ᠠ ᠲᠠᠪᠠ ᠦᠭᠡᠢ᠂ ᠠᠭᠤᠷᠯᠠᠵᠤ ᠪᠤᠬᠢᠨᠢᠳᠤᠭᠰᠠᠨ᠂ ᠭᠤᠮᠤᠳᠠᠵᠤ | ᠭᠠᠴᠢᠭᠳᠠᠭᠰᠠᠨ ᠦᠶ᠎ᠡ ᠳᠡᠭᠡᠨ ᠤᠭᠢᠯᠠᠳᠠᠭ ᠪᠤᠯᠬᠤᠷ ᠨᠢᠯᠪᠤᠰᠤ ᠶᠢ ᠭᠤᠤᠯᠳᠠᠭᠤ ᠪᠡᠷᠬᠡᠰᠢᠶᠡᠯ ᠵᠤᠪᠠᠯᠠᠩ ᠲᠠᠢ ᠬᠤᠯᠪᠤᠨ | ᠲᠦᠰᠦᠭᠡᠯᠡᠵᠦ᠂ ᠬᠠᠷᠢᠨ ᠢᠨᠢᠶᠡᠮᠰᠦᠭᠯᠡᠯ ᠢᠨᠢᠶᠡᠳᠦ ᠶᠢ ᠪᠠᠶᠠᠷ ᠪᠠᠶᠠᠰᠬᠤᠯᠠᠩ ᠲᠠᠢ ᠬᠤᠯᠪᠤᠳᠠᠭ᠃ ᠶᠡᠷᠦᠨᠢ ᠤᠷᠮ᠎ᠠ | ᠦᠭᠡᠢ ᠨᠢᠭᠡᠨ ᠢᠶᠠᠨ ︽ᠪᠠᠶᠠᠷ ᠲᠠᠢ ᠤᠴᠢᠷ ᠢᠶᠠᠨ ᠢᠯᠡᠭᠦᠬᠡᠨ ᠪᠤᠳᠤᠵᠤ ᠶᠠᠪᠤᠭᠠᠷᠠᠢ︾᠂ ︽ᠭᠤᠨᠢᠭ ᠵᠤᠪᠠᠯᠠᠩ ᠢᠶᠠᠨ | ᠮᠠᠷᠲᠠ᠂ ᠢᠨᠢᠶᠠᠮᠰᠦᠭᠯᠡᠵᠦ ᠶᠠᠪᠤᠭᠠᠷᠠᠢ︾ ᠭᠡᠮᠡᠨ ᠲᠠᠶᠢᠳᠬᠤᠷᠠᠭᠤᠯᠳᠠᠭ ᠠᠴᠠ ᠪᠢᠰᠢ ︽ᠤᠭᠢᠯᠠ᠂ ᠰᠠᠶᠢᠨ | ᠤᠭᠢᠯᠠᠭᠠᠷᠠᠢ︾ ᠭᠡᠳᠡᠭ ᠨᠢ ᠬᠤᠪᠤᠷ ᠪᠢᠯᠡ᠃ ᠢᠨᠢᠶᠡᠮᠰᠦᠭᠯᠡᠯ ᠨᠢ ᠦᠪᠡᠷᠲᠡᠭᠡᠨ ᠢᠲᠡᠭᠡᠯ ᠲᠠᠢ᠂ ᠡᠷᠡᠭᠦᠯ ᠰᠠᠷᠠᠭᠤᠯ | ᠪᠠᠶᠢᠬᠤ ᠶᠢ ᠢᠯᠡᠳᠬᠡᠳᠡᠭ᠃ ᠲᠡᠷᠡᠴᠢᠯᠡᠨ ᠢᠨᠢᠶᠡᠮᠰᠦᠭᠯᠡᠬᠦ ᠳᠤ ᠡᠷᠭᠢᠬᠦ ᠲᠤᠬᠢᠶ᠎ᠠ ᠤᠴᠢᠵᠤ᠂ ᠴᠢᠨᠠᠭᠰᠢᠲᠠ ᠪᠦᠬᠦ ᠪᠡᠶ᠎ᠡ | ᠮᠠᠬᠠᠪᠤᠳ ᠨᠢ ︽ᠪᠤᠯᠵᠤ ᠪᠠᠶᠢᠨ᠎ᠠ︾ ᠭᠡᠰᠡᠨ ᠲᠤᠬᠢᠶ᠎ᠠ ᠬᠦᠯᠢᠶᠡᠨ ᠠᠪᠤᠭᠰᠠᠨ ᠠᠴᠠ ᠲᠠᠶᠢᠪᠤᠰᠢᠷᠠᠵᠤ᠂ ᠴᠡᠪᠡᠷᠰᠢᠳᠡᠭ | ᠭᠡᠨ᠎ᠡ᠃ ᠲᠡᠶᠢᠮᠦ ᠠᠴᠠ ᠤᠷᠮ᠎ᠠ ᠦᠭᠡᠢ ᠦᠶ᠎ᠡ ᠳᠡᠭᠡᠨ ᠢᠨᠢᠶᠡᠮᠰᠦᠭᠯᠡᠬᠦ ᠨᠢ ᠪᠠᠰᠠ ᠵᠤᠬᠢᠬᠤ ᠬᠡᠮᠵᠢᠶᠡᠨ ᠳᠤ | ᠲᠠᠶᠢᠳᠬᠤᠷᠠᠯ ᠤᠯᠳᠠᠭ᠃ ᠠᠳᠠᠯᠢ ᠪᠠᠷ ᠨᠢᠯᠪᠤᠰᠤ ᠴᠦ ᠭᠡᠰᠡᠨ ᠲᠠᠭ᠎ᠠ ᠦᠭᠡᠢ ᠵᠦᠢᠯᠡᠰ ᠢ ᠠᠷᠢᠯᠭᠠᠨ ᠴᠡᠪᠡᠷᠯᠡᠵᠦ | ᠴᠢᠳᠠᠳᠠᠭ ᠭᠡᠳᠡᠭ ᠢ ᠬᠦᠮᠦᠰ ᠳᠡᠮᠡᠢ ᠮᠡᠳᠡᠳᠡᠭ ᠦᠭᠡᠢ᠃ ᠠᠮᠧᠷᠢᠺᠡ ᠶᠢᠨ ᠰᠤᠳᠤᠯᠭᠠᠲᠠᠳ ᠨᠢᠯᠪᠤᠰᠤᠨ ᠤ | ᠮᠤᠯᠧᠺᠦ᠋ᠯ ᠤᠨ ᠪᠦᠲᠦᠴᠠ ᠶᠢ ᠰᠤᠳᠤᠯᠵᠤ᠂ ᠬᠦᠮᠦᠨ ᠤ ᠪᠡᠶ᠎ᠡ ᠳᠤ ᠮᠠᠰᠢ ᠬᠡᠷᠡᠭ ᠲᠠᠢ ᠬᠢᠮᠢ ᠶᠢᠨ ᠪᠤᠳᠠᠰ ᠤᠳ | ᠠᠭᠤᠯᠤᠭᠳᠠᠵᠤ ᠪᠠᠶᠢᠬᠤ ᠶᠢ ᠮᠡᠳᠡᠵᠡᠢ᠃ ᠡᠭᠦᠨ ᠳᠤ᠂ ᠡᠪᠡᠳᠬᠦ ᠶᠢ ᠨᠠᠮᠳᠠᠭᠠᠬᠤ ᠪᠤᠶᠤ ᠲᠠᠶᠢᠪᠤᠰᠢᠷᠠᠭᠤᠯᠬᠤ᠂ | ᠪᠠᠺᠲ᠋ᠧᠷᠢ ᠪᠠ ᠬᠤᠤᠷᠠᠲᠤ ᠪᠤᠳᠠᠰ ᠢ ᠭᠠᠳᠠᠭᠰᠢᠯᠠᠭᠤᠯᠬᠤ᠂ ᠪᠡᠶ᠎ᠡ ᠮᠠᠬᠠᠪᠤᠳ ᠲᠤ ᠡᠶᠡᠷᠬᠦ ᠨᠦᠯᠦᠭᠡ ᠦᠵᠡᠭᠦᠯᠬᠦ | ᠡᠯᠧᠮᠧᠨ᠋ᠲ ᠠᠭᠤᠯᠤᠭᠳᠠᠬᠤ ᠠᠴᠠ ᠭᠠᠳᠠᠨ᠎ᠠ ᠬᠠᠷᠠᠭᠤᠰᠤᠯ᠂ ᠭᠤᠮᠤᠳᠠᠬᠤ ᠮᠡᠳᠡᠷᠡᠮᠵᠢ ᠲᠦᠷᠦᠭᠦᠯᠳᠡᠭ ᠪᠤᠳᠠᠰ ᠤᠳ ᠢ | ᠨᠢᠯᠪᠤᠰᠤ ᠲᠠᠢ ᠬᠠᠮᠲᠤ ᠬᠦᠮᠦᠨ ᠤ ᠪᠡᠶ᠎ᠡ ᠠᠴᠠ ᠭᠠᠳᠠᠭᠰᠢᠯᠠᠭᠤᠯᠳᠠᠭ ᠪᠠᠶᠢᠨ᠎ᠠ᠃ ᠦᠭᠡᠷ᠎ᠡ ᠪᠠᠷ ᠬᠡᠯᠡᠪᠡᠯ᠂ ᠨᠢᠯᠪᠤᠰᠤ | ᠬᠦᠮᠦᠨ ᠤ ᠰᠡᠳᠬᠢᠯ ᠰᠠᠨᠠᠭ᠎ᠠ ᠶᠢ ᠴᠡᠪᠡᠷᠯᠡᠨ ᠠᠷᠢᠭᠤᠳᠬᠠᠵᠤ᠂ ᠵᠤᠪᠠᠯᠠᠩ ᠲᠦᠭᠰᠢᠭᠦᠷᠢ ᠶᠢ | ᠭᠠᠳᠠᠭᠰᠢᠯᠠᠭᠤᠯᠤᠭᠰᠠᠨ ᠢᠶᠠᠷ ᠬᠦᠮᠦᠨ ᠢ ᠢᠯᠡᠭᠦᠦ ᠦᠵᠡᠰᠬᠦᠯᠡᠩ ᠲᠠᠢ ᠪᠦᠭᠡᠳ ᠦᠭᠡᠳᠡᠷᠬᠡᠭ ᠪᠤᠯᠭᠠᠳᠠᠭ᠃ | ᠳᠡᠯᠡᠬᠡᠢ ᠨᠡᠶᠢᠲᠡ ᠪᠠᠷ ᠬᠢᠭᠰᠡᠨ ᠰᠤᠳᠤᠯᠭᠠᠨ ᠠᠴᠠ ᠦᠵᠡᠪᠡᠯ ᠡᠮᠡᠭᠲᠡᠶᠢᠴᠦᠳ ᠡᠷᠡᠭᠲᠡᠶᠢᠴᠦᠳ ᠠᠴᠠ ᠲᠠᠪᠤᠨ | ᠲᠠᠬᠢᠨ ᠢᠯᠡᠭᠦᠦ ᠤᠭᠢᠯᠠᠳᠠᠭ ᠪᠦᠭᠡᠳ ᠳᠤᠮᠳᠠᠴᠢ ᠪᠠᠷ 7 ᠨᠠᠰᠤ ᠢᠯᠡᠭᠦᠦ ᠤᠷᠲᠤ ᠨᠠᠰᠤᠯᠠᠳᠠᠭ ᠭᠡᠵᠦ ᠪᠤᠢ᠃ | ᠡᠮᠡᠭᠲᠡᠶᠢᠴᠦᠳ ᠢᠯᠡᠭᠦᠦ ᠤᠷᠲᠤ ᠨᠠᠰᠤᠯᠠᠵᠤ ᠪᠠᠶᠢᠬᠤ ᠨᠢ ᠮᠠᠰᠢ ᠤᠯᠠᠨ ᠵᠦᠢᠯ ᠠᠴᠠ ᠪᠤᠯᠳᠠᠭ ᠴᠦ | ᠨᠢᠯᠪᠤᠰᠤ ᠪᠠᠷ ᠢᠶᠠᠨ ᠰᠡᠳᠬᠢᠯ ᠢᠶᠠᠨ ᠠᠭᠤᠵᠢᠷᠠᠭᠤᠯᠤᠨ᠂ ᠲᠠᠭ᠎ᠠ ᠦᠭᠡᠢ ᠵᠦᠢᠯ ᠠᠴᠠ ᠰᠠᠯᠵᠤ ᠴᠢᠳᠠᠳᠠᠭ ᠳᠠᠪᠠᠭᠤᠯᠢᠭ | ᠲᠠᠯ᠎ᠠ ᠨᠢ ᠵᠤᠬᠢᠬᠤ ᠬᠡᠮᠵᠢᠶ᠎ᠡ ᠪᠠᠷ ᠨᠦᠯᠦᠭᠡᠯᠡᠵᠦ ᠪᠠᠶᠢᠬᠤ ᠨᠢ ᠭᠠᠷᠴᠠᠭ᠎ᠠ ᠦᠭᠡᠢ᠃ ᠲᠡᠭᠡᠬᠦ ᠪᠠᠷ ᠲᠡᠷᠢᠬᠢᠨ ᠬᠦᠳᠡᠯᠭᠡᠨ | ᠨᠤᠮ ᠤᠩᠰᠢᠬᠤ᠂ ᠺᠢᠨᠤ᠋ ᠦᠵᠡᠬᠦ᠂ ᠳᠠᠭᠤᠤ ᠰᠤᠨᠤᠰᠬᠤ ᠳᠠᠭᠠᠨ ᠬᠠᠶᠠ ᠨᠢᠭᠡ ᠴᠦ ᠭᠡᠰᠡᠨ ᠨᠢᠯᠪᠤᠰᠤ | ᠲᠤᠰᠤᠯᠠᠭᠤᠯᠬᠤ ᠳᠤ ᠢᠴᠢᠬᠦ ᠵᠦᠢᠯ ᠤᠭᠲᠤ ᠦᠭᠡᠢ᠂ ᠬᠠᠷᠢᠨ ᠪᠡᠶ᠎ᠡ ᠰᠡᠳᠬᠢᠯ ᠳᠤ ᠴᠢᠨᠢ ᠴᠢᠮᠠᠯᠠᠰᠢ ᠦᠭᠡᠢ ᠠᠴᠢ | ᠲᠤᠰᠠ ᠲᠠᠢ ᠭᠡᠵᠦ ᠰᠠᠨᠠᠭᠠᠷᠠᠢ᠃ |