ᠦᠬᠡᠷ ᠤᠨ ᠮᠢᠬᠠᠨ ᠤ ᠰᠢᠮ᠎ᠡ ᠲᠡᠵᠢᠭᠡᠯ
ᠨᠡᠶᠢᠲᠡᠯᠡᠭᠰᠡᠨ ᠴᠠᠭ᠄
2017-04-10
       1. ᠤᠭᠤᠷᠠᠭᠲᠤ ᠡᠳ᠋ ᠢᠶᠠᠷ ᠦᠨᠳᠦᠷ᠂ ᠦᠭᠡᠬᠦ ᠪᠠᠷ ᠳᠤᠤᠷ᠎ᠠ        ᠦᠬᠡᠷ ᠤᠨ ᠮᠢᠬᠠᠨ ᠤ ᠤᠭᠤᠷᠠᠭᠲᠤ ᠡᠳ᠋ ᠤᠨ ᠠᠭᠤᠯᠤᠭᠳᠠᠴᠠ ᠨᠢ ᠦᠬᠡᠷ ᠤᠨ ᠡᠭᠦᠯᠳᠡᠷ᠂ ᠭᠠᠷᠤᠯᠲᠠ ᠶᠢᠨ ᠤᠷᠤᠨ᠂ ᠠᠷᠠᠴᠢᠯᠠᠨ ᠲᠡᠵᠢᠭᠡᠬᠦ ᠠᠷᠭ᠎ᠠ ᠪᠠᠷᠢᠯ ᠤᠨ ᠠᠳᠠᠯᠢ ᠪᠤᠰᠤ ᠠᠴᠠ ᠪᠤᠯᠵᠤ ᠡᠳᠦᠢ ᠲᠡᠳᠦᠢ ᠵᠦᠷᠢᠶ᠎ᠡ ᠲᠠᠢ ᠪᠠᠶᠢᠳᠠᠭ᠂ ᠭᠡᠶ᠎ᠡ ᠡᠩ ᠤᠨ ᠪᠠᠶᠢᠳᠠᠯ ᠳᠤᠤᠷ᠎ᠠ ᠪᠦᠷ 20% ᠠᠴᠠ ᠳᠡᠭᠡᠭᠰᠢ ᠪᠠᠶᠢᠵᠤ᠂ ᠭᠠᠭ᠋ᠠᠢ ᠶᠢᠨ ᠮᠢᠬ᠎ᠠ ᠪᠠ ᠬᠤᠨᠢ ᠢᠮᠠᠭᠠᠨ ᠮᠢᠬᠠᠨ ᠠᠴᠠ ᠦᠨᠳᠦᠷ ᠪᠠᠶᠢᠳᠠᠭ᠃ ᠡᠭᠦᠨ ᠤ ᠬᠠᠮᠲᠤ ᠲᠡᠭᠦᠨ ᠳᠤ ᠠᠭᠤᠯᠤᠭᠳᠠᠵᠤ ᠪᠦᠬᠦᠢ ᠤᠭᠤᠷᠠᠭᠲᠤ ᠡᠳ᠋ ᠤᠨ ᠠᠭᠤᠯᠤᠭᠳᠠᠴᠠ ᠨᠢ ᠬᠦᠮᠦᠨ ᠤ ᠪᠡᠶ᠎ᠡ ᠳᠤ ᠵᠠᠪᠠᠯ ᠱᠠᠭᠠᠷᠳᠠᠭᠳᠠᠳᠠᠭ 8 ᠵᠦᠢᠯ ᠤᠨ ᠰᠢᠪᠲᠤᠷ ᠤᠨ ᠬᠦᠴᠢᠯ ᠪᠠᠶᠢᠵᠤ᠂ ᠰᠢᠩᠭᠡᠭᠡᠭᠳᠡᠨ ᠠᠰᠢᠭᠯᠠᠭᠳᠠᠬᠤ ᠨᠤᠷᠮ᠎ᠠ ᠨᠢ ᠨᠡᠯᠢᠶᠡᠳ ᠦᠨᠳᠦᠷ ᠪᠠᠶᠢᠳᠠᠭ᠃ ᠭᠠᠭ᠋ᠠᠢ ᠶᠢᠨ ᠮᠢᠬ᠎ᠠ ︵ᠲᠠᠷᠭᠤᠨ ᠡᠴᠡᠩᠬᠡᠢ᠂ ᠦᠭᠡᠬᠦ ᠶᠢᠨ ᠠᠭᠤᠯᠤᠭᠳᠠᠴᠠ 37%︶᠂ ᠬᠤᠨᠢ ᠢᠮᠠᠭᠠᠨ ᠮᠢᠬ᠎ᠠ ︵ᠲᠠᠷᠭᠤᠨ ᠡᠴᠡᠩᠬᠡᠢ᠂ ᠦᠭᠡᠬᠦ ᠶᠢᠨ ᠠᠭᠤᠯᠤᠭᠳᠠᠴᠠ 14.1%︶ ᠶᠢᠨ ᠬᠤᠪᠢ ᠳᠤ ᠠᠪᠴᠤ ᠬᠡᠯᠡᠪᠡᠯ ᠦᠬᠡᠷ ᠤᠨ ᠮᠢᠬᠠᠨ ᠤ ᠦᠭᠡᠬᠦ ᠶᠢᠨ ᠠᠭᠤᠯᠤᠭᠳᠠᠴᠠ ᠨᠡᠯᠢᠶᠡᠳ ᠳᠤᠤᠷ᠎ᠠ ᠪᠠᠶᠢᠳᠠᠭ᠂ ᠰᠠᠶ᠋ᠢ 4.2%᠂ ᠲᠡᠭᠦᠨ ᠤ ᠲᠤᠲᠤᠷᠠᠬᠢ ᠦᠬᠡᠷ ᠤᠨ ᠭᠤᠤᠯ ᠮᠢᠬᠠᠨ ᠦᠭᠡᠬᠦ ᠶᠢᠨ ᠠᠭᠤᠯᠤᠭᠳᠠᠴᠠ ᠨᠢ ᠵᠦᠪᠬᠡᠨ 0.9% ᠯᠡ ᠪᠠᠶᠢᠳᠠᠭ᠃        2. ᠦᠬᠡᠷ ᠤᠨ ᠮᠢᠬᠠᠨ ᠲᠤᠲᠤᠷᠠᠬᠢ ᠡᠷᠦᠳᠡᠰᠦ ᠪᠤᠳᠠᠰ ᠤᠨ ᠠᠭᠤᠯᠤᠭᠳᠠᠴᠠ ᠨᠢ ᠡᠯᠪᠡᠭ ᠪᠠᠶᠠᠯᠢᠭ ᠪᠠᠶᠢᠵᠤ ᠴᠢᠰᠤ ᠨᠦᠬᠦᠬᠦ ᠰᠠᠶᠢᠨ ᠢᠳᠡᠭᠡᠨ ᠪᠤᠯᠤᠨ᠎ᠠ        ᠦᠬᠡᠷ ᠤᠨ ᠮᠢᠬᠠᠨ ᠲᠤᠲᠤᠷ᠎ᠠ ᠪᠠᠰᠠ ᠤᠯᠠᠨ ᠵᠦᠢᠯ ᠤᠨ ᠡᠷᠦᠳᠡᠰᠦ ᠪᠤᠳᠠᠰ ᠠᠭᠤᠯᠤᠭᠳᠠᠵᠤ ᠪᠠᠶᠢᠳᠠᠭ᠃ ᠵᠢᠱᠢᠶᠡᠯᠡᠪᠡᠯ᠄ ᠺᠠᠯᠢ᠂ ᠮᠠᠭᠨᠢ᠂ ᠴᠠᠶᠢᠷ᠂ ᠲᠡᠮᠦᠷ᠂ ᠰᠧᠯᠧᠨ᠂ ᠵᠡᠰ ᠵᠡᠷᠭᠡ᠃ ᠲᠡᠭᠦᠨ ᠤ ᠲᠤᠲᠤᠷ᠎ᠠ ᠲᠡᠮᠦᠷ ᠬᠢᠭᠡᠳ ᠰᠧᠯᠧᠨ ᠤ ᠠᠭᠤᠯᠤᠭᠳᠠᠴᠠ ᠨᠢ ᠨᠡᠯᠢᠶᠡᠳ ᠳᠤᠪᠤᠶᠢᠮ᠎ᠠ ᠪᠠᠶᠢᠳᠠᠭ᠃ ᠦᠬᠡᠷ ᠤᠨ ᠮᠢᠬᠠᠨ ᠲᠤᠲᠤᠷ᠎ᠠ ᠠᠭᠤᠯᠤᠭᠳᠠᠵᠤ ᠪᠦᠬᠦᠢ ᠲᠡᠮᠦᠷ ᠨᠢ ᠬᠦᠮᠦᠨ ᠤ ᠪᠡᠶ᠎ᠡ ᠳᠤ ᠬᠢᠯᠪᠠᠷᠬᠠᠨ ᠰᠢᠩᠭᠡᠭᠡᠭᠳᠡᠬᠦ ᠴᠢᠰᠤᠨ ᠤ ᠤᠯᠠᠭᠠᠨ ᠡᠳ᠋ ᠤᠨ ᠲᠡᠮᠦᠷ ᠪᠤᠯᠤᠨ᠎ᠠ ᠃ ᠠᠮᠠᠷᠬᠠᠨ ᠴᠢᠰᠤ ᠲᠤᠲᠠᠭᠳᠠᠳᠠᠭ ᠬᠡᠦᠬᠡᠳ᠂ ᠵᠠᠯᠠᠭᠤᠴᠤᠳ ᠪᠠᠭᠠᠴᠤᠳ ᠵᠢᠴᠢ ᠡᠮ᠎ᠡ ᠪᠡᠯᠭᠡᠲᠡᠨ ᠳᠤ ᠠᠪᠴᠤ ᠬᠡᠯᠡᠪᠡᠯ ᠦᠬᠡᠷ ᠤᠨ ᠮᠢᠬ᠎ᠠ ᠨᠢ ᠬᠠᠮᠤᠭ ᠠᠴᠠ ᠲᠤᠬᠢᠷᠠᠮᠵᠢᠲᠠᠢ ᠴᠢᠰᠤ ᠨᠦᠬᠦᠬᠦ ᠢᠳᠡᠭᠡᠨ ᠪᠤᠯᠤᠨ᠎ᠠ᠃        3. ᠤᠯᠠᠨ ᠵᠦᠢᠯ ᠤᠨ ᠸᠢᠲ᠋ᠠᠮᠢᠨ ᠠᠭᠤᠯᠤᠭᠳᠠᠵᠤ ᠪᠠᠶᠢᠳᠠᠭ        ᠦᠬᠡᠷ ᠤᠨ ᠮᠢᠬᠠᠨ ᠲᠤᠲᠤᠷ᠎ᠠ ᠤᠯᠠᠨ ᠲᠦᠷᠦᠯ ᠤᠨ ᠸᠢᠲ᠋ᠠᠮᠢᠨ ᠠᠭᠤᠯᠤᠭᠳᠠᠵᠤ ᠪᠠᠶᠢᠳᠠᠭ᠃ ᠵᠢᠱᠢᠶᠡᠯᠡᠪᠡᠯ᠄ ᠸᠢᠲ᠋ᠠᠮᠢᠨ A᠂ ᠬᠠᠷᠠᠭᠠᠨ ᠤ ᠰᠢᠷ᠎ᠠ ᠠᠯᠺᠤᠤᠯ᠂ ᠬᠦᠬᠦᠷᠲᠦ ᠠᠮᠢᠨ ︵ᠸᠢᠲ᠋ᠠᠮᠢᠨ B1︶᠂ ᠸᠢᠲ᠋ᠠᠮᠢᠨ B2᠂ ᠸᠢᠲ᠋ᠠᠮᠢᠨ B5 ᠵᠢᠴᠢ ᠸᠢᠲ᠋ᠠᠮᠢᠨ E ᠵᠡᠷᠭᠡ ᠠᠭᠤᠯᠤᠭᠳᠠᠵᠤ ᠪᠠᠶᠢᠳᠠᠭ ᠰᠢᠮ᠎ᠡ ᠲᠡᠵᠢᠭᠡᠯ ᠤᠨ ᠨᠢᠭᠲᠠᠴᠠ ᠪᠠᠷ ᠲᠤᠩ ᠶᠡᠭᠡ᠂ ᠡᠨᠧᠷᠭᠢ ᠪᠠᠷ ᠲᠤᠩ ᠳᠤᠤᠷ᠎ᠠ ᠢᠳᠡᠭᠡᠨ ᠤ ᠲᠦᠷᠦᠯ ᠤᠨ ᠰᠤᠳᠤᠨ ᠪᠤᠯᠤᠨ᠎ᠠ᠃        ᠦᠬᠡᠷ ᠤᠨ ᠮᠢᠬᠠᠨ ᠤ ᠢᠳᠡᠭᠡᠨ ᠤ ᠵᠠᠩᠰᠢᠯ ᠬᠢᠭᠡᠳ ᠡᠷᠡᠭᠦᠯᠵᠢᠯ ᠤᠨ ᠦᠢᠯᠡᠳᠦᠯ        ᠬᠢᠲᠠᠳ ᠡᠮᠨᠡᠯᠭᠡ ᠶᠢᠨ ᠤᠬᠠᠭᠠᠨ ᠤ ᠦᠵᠡᠬᠦ ᠪᠠᠷ ᠦᠬᠡᠷ ᠤᠨ ᠮᠢᠬ᠎ᠠ ᠨᠢ ᠪᠠᠰᠠ ᠦᠷᠭᠦᠯᠵᠢ ᠬᠡᠷᠡᠭᠯᠡᠭᠳᠡᠳᠡᠭ ᠰᠢᠮ᠎ᠡ ᠲᠡᠵᠢᠭᠡᠯ ᠤᠨ ᠨᠦᠬᠦᠪᠦᠷᠢ ᠢᠳᠡᠭᠡᠨ ᠪᠤᠯᠤᠨ᠎ᠠ᠃ ︽ᠡᠪᠡᠰᠦᠨ ᠡᠮ ᠤᠨ ᠠᠩᠭᠢᠯᠠᠯ︾ ᠳᠤ ᠲᠡᠮᠳᠡᠭᠯᠡᠭᠰᠡᠨ ᠢᠶᠠᠷ ᠄ ᠱᠠᠷ ᠤᠨ ᠮᠢᠬᠠᠨ ᠤ ᠦᠨᠦᠷ ᠠᠮᠲᠠ ᠨᠢ ᠠᠮᠲᠠᠯᠢᠭ᠂ ᠪᠦᠯᠢᠶᠡᠨ ᠬᠤᠤᠷ᠎ᠠ ᠦᠭᠡᠢ᠃ ᠲᠤᠲᠤᠷ ᠢ ᠠᠮᠤᠷᠵᠢᠭᠤᠯᠵᠤ᠂ ᠪᠡᠶ᠎ᠡ ᠶᠢ ᠲᠠᠮᠢᠷᠵᠢᠭᠤᠯᠤᠨ᠂ ᠳᠡᠯᠢᠭᠦᠦ ᠬᠤᠳᠤᠭᠤᠳᠤ ᠶᠢ ᠲᠡᠵᠢᠭᠡᠨ᠎ᠡ᠃ ᠬᠦᠯ ᠨᠢᠷᠤᠭᠤ ᠡᠪᠡᠳᠬᠦ ᠳᠤ ᠲᠤᠰᠠ ᠪᠤᠯᠵᠤ ᠂ ᠤᠮᠳᠠᠭᠠᠰᠬᠤ ᠵᠢᠴᠢ ᠰᠢᠯᠦᠰᠦ ᠭᠤᠭᠤᠵᠢᠭᠤᠯᠬᠤ ᠶᠢ ᠵᠤᠭᠰᠤᠭᠠᠳᠠᠭ᠃ ᠦᠬᠡᠷ ᠤᠨ ᠮᠢᠬ᠎ᠠ ᠬᠡᠢ ︵ᠲᠠᠮᠢᠷ︶ ᠶᠢ ᠨᠦᠬᠦᠬᠦ ᠦᠢᠯᠡᠳᠦᠯᠲᠠᠢ᠂ ᠤᠰᠤᠨ ᠦᠬᠡᠷ ᠤᠨ ᠮᠢᠬ᠎ᠠ ᠦᠨᠦᠷ ᠠᠮᠲᠠ ᠨᠢ ᠰᠢᠬᠢᠷᠯᠢᠭ᠂ ᠲᠡᠭᠰᠢ ᠴᠢᠨᠠᠷᠲᠠᠢ᠂ ᠬᠤᠤᠷ᠎ᠠ ᠦᠭᠡᠢ᠃ ᠤᠮᠳᠠᠭᠠᠰᠬᠤ ᠶᠢ ᠬᠠᠷᠢᠭᠤᠯᠵᠤ᠂ ᠳᠤᠮᠳᠠ ᠶᠢ ᠲᠠᠶᠢᠪᠤᠰᠢᠷᠠᠭᠤᠯᠵᠤ᠂ ᠲᠠᠮᠢᠷ ᠢ ᠲᠦᠯᠦᠪᠵᠢᠭᠦᠯᠵᠦ᠂ ᠳᠡᠯᠢᠭᠦᠦ ᠬᠤᠳᠤᠭᠤᠳᠤᠨ ᠳᠤ ᠠᠰᠢᠭᠲᠠᠢ ᠭᠡᠵᠡᠢ᠃ ︽ᠨᠡᠷᠡᠲᠦ ᠡᠮᠴᠢ︾ ᠶᠢᠨ ᠤᠨᠳᠤᠤ ᠲᠡᠮᠳᠡᠭᠯᠡᠯ ᠳᠤ ᠲᠡᠮᠳᠡᠭᠯᠡᠬᠦ ᠳᠡᠭᠡᠨ᠄ ︽ᠶᠠᠰᠤ ᠰᠢᠷᠪᠤᠰᠤ ᠶᠢ ᠴᠢᠬᠢᠷᠠᠭᠵᠢᠭᠤᠯᠵᠤ᠂ ᠤᠰᠤᠨ ᠬᠠᠪᠤᠳᠠᠷ ᠢ ᠬᠠᠷᠢᠭᠤᠯᠤᠨ᠂ ᠴᠢᠭᠢᠭ ᠤᠨ ᠬᠡᠢ ᠶᠢ ᠠᠷᠢᠯᠭᠠᠳᠠᠭ︾ ᠭᠡᠵᠡᠢ᠃ ᠳᠦᠭᠦᠮ ᠢᠶᠠᠷ ᠬᠡᠯᠡᠪᠡᠯ ᠳᠠᠷᠤᠢ ᠦᠷᠭᠦᠯᠵᠢ ᠦᠬᠡᠷ ᠤᠨ ᠮᠢᠬ᠎ᠠ ᠢᠳᠡᠬᠦ ᠨᠢ ᠳᠤᠮᠳᠠ ᠶᠢ ᠨᠦᠬᠦᠵᠦ ᠬᠡᠢ ᠳᠤ ᠲᠤᠰᠠᠯᠠᠵᠤ᠂ ᠬᠤᠳᠤᠭᠤᠳᠤ ᠳᠡᠯᠢᠭᠦᠦ ᠶᠢ ᠲᠡᠵᠢᠭᠡᠵᠦ᠂ ᠰᠢᠷᠪᠤᠰᠤ ᠶᠢ ᠴᠢᠩᠭᠠᠷᠠᠭᠤᠯᠵᠤ᠂ ᠬᠠᠪᠤᠳᠠᠷ ᠢ ᠬᠠᠷᠢᠭᠤᠯᠵᠤ᠂ ᠰᠢᠭᠡᠭᠡᠯᠭᠡᠬᠦ ᠳᠤ ᠲᠤᠰᠠᠯᠠᠵᠤ᠂ ᠴᠡᠷ ᠢ ᠬᠤᠪᠬᠤᠯᠵᠤ ᠰᠠᠯᠬᠢ ᠶᠢ ᠳᠠᠷᠤᠵᠤ᠂ ᠤᠮᠳᠠᠭᠠᠰᠬᠤ ᠶᠢ ᠵᠤᠭᠰᠤᠭᠠᠵᠤ᠂ ᠰᠢᠯᠦᠰᠦ ᠭᠤᠭᠤᠵᠢᠬᠤ ᠶᠢ ᠬᠤᠷᠢᠭᠯᠠᠳᠠᠭ᠃ ᠴᠢᠰᠤ ᠲᠤᠲᠠᠭᠤ᠂ ᠪᠡᠶ᠎ᠡ ᠪᠠᠷᠤᠭᠲᠠᠢ ᠤᠳᠠᠭᠠᠨ ᠡᠳᠦᠷ ᠡᠪᠡᠳᠴᠢᠯᠡᠭᠰᠡᠨ ᠬᠦᠮᠦᠨ ᠬᠢᠭᠡᠳ ᠰᠢᠷᠪᠤᠰᠤ ᠶᠠᠰᠤ ᠲᠠᠮᠢᠷᠳᠠᠬᠤ᠂ ᠬᠦᠯᠦᠰᠦ ᠭᠠᠷᠬᠤ᠂ ᠨᠢᠭᠤᠷ ᠬᠦᠭᠡᠭᠡᠵᠦ ᠬᠦᠯ ᠬᠠᠪᠤᠳᠬᠤ ᠬᠦᠮᠦᠨ ᠦᠬᠡᠷ ᠤᠨ ᠮᠢᠬ᠎ᠠ ᠢᠳᠡᠪᠡᠯ ᠪᠦᠷ ᠡᠪᠡᠳᠴᠢᠨ ᠤ ᠪᠠᠶᠢᠳᠠᠯ ᠢ ᠨᠠᠮᠳᠠᠭᠤᠯᠤᠨ ᠰᠠᠶᠢᠵᠢᠷᠠᠭᠤᠯᠬᠤ ᠦᠢᠯᠡᠳᠦᠯ ᠲᠠᠢ ᠪᠠᠶᠢᠳᠠᠭ᠃ ᠦᠬᠡᠷ ᠤᠨ ᠮᠢᠬ᠎ᠠ ᠪᠦᠯᠢᠶᠡᠨ ᠴᠢᠨᠠᠷᠲᠠᠢ᠂ ᠰᠢᠬᠢᠷᠯᠢᠭ ᠠᠮᠲᠠᠲᠠᠢ᠂ ᠳᠡᠯᠢᠭᠦᠦ ᠬᠤᠳᠤᠭᠤᠳᠤ ᠶᠢ ᠪᠦᠯᠢᠶᠡᠰᠬᠡᠳᠡᠭ ᠤᠴᠢᠷ ᠠᠴᠠ ᠡᠪᠦᠯ ᠤᠨ ᠬᠦᠢᠲᠡᠨ ᠳᠤ ᠰᠢᠮ᠎ᠡ ᠲᠡᠵᠢᠭᠡᠯ ᠨᠦᠬᠦᠬᠦ ᠶᠢᠨ ᠰᠠᠶᠢᠨ ᠡᠳ᠋ ᠪᠤᠯᠤᠨ᠎ᠠ᠃        ᠬᠢᠲᠠᠳ ᠡᠮᠨᠡᠯᠭᠡ ᠶᠢᠨ ᠤᠬᠠᠭᠠᠨ ᠤ ᠦᠵᠡᠬᠦ ᠪᠠᠷ ︽ᠠᠮᠲᠠᠯᠢᠭ ᠠᠮᠲᠠᠲᠠᠢ︾ ᠢᠳᠡᠭᠡᠨ ᠪᠤᠯᠤᠨ᠎ᠠ᠃ ᠲᠡᠶᠢᠮᠦ ᠮᠦᠷᠲᠡᠭᠡᠨ ᠠᠮᠲᠠ ᠨᠢ ᠳᠡᠯᠢᠭᠦᠨ ᠳᠤ ᠤᠷᠤᠳᠠᠭ᠃ ᠡᠯᠢᠭᠡ ᠬᠤᠳᠤᠭᠤᠳᠤ ᠨᠢ ᠲᠠᠬᠢᠨ ᠬᠦᠮᠦᠨ ᠤ ᠪᠡᠶ᠎ᠡ ᠶᠢᠨ ᠲᠠᠮᠢᠷ ᠴᠢᠰᠤ ᠵᠢᠴᠢ ᠲᠠᠪᠤᠨ ᠴᠤᠯᠤ ᠵᠢᠷᠭᠤᠭᠠᠨ ᠰᠠᠪᠠ ᠳᠤ ᠱᠠᠭᠠᠷᠳᠠᠭᠳᠠᠬᠤ ᠰᠢᠮ᠎ᠡ ᠲᠡᠵᠢᠭᠡᠯᠲᠦ ᠡᠳ᠋ ᠪᠤᠯᠭᠠᠨ ᠬᠤᠪᠢᠷᠠᠭᠤᠯᠳᠠᠭ᠃ ᠡᠶᠢᠮᠦ ᠠᠴᠠ ᠦᠷᠭᠦᠯᠵᠢ ᠦᠬᠡᠷ ᠤᠨ ᠮᠢᠬ᠎ᠠ ᠢᠳᠡᠬᠦ ᠨᠢ ᠳᠡᠯᠢᠭᠦᠦ ᠬᠤᠳᠤᠭᠤᠳᠤ ᠶᠢ ᠪᠦᠯᠢᠶᠡᠰᠬᠡᠨ ᠨᠦᠬᠦᠵᠦ᠂ ᠲᠠᠮᠢᠷ ᠴᠢᠰᠤ ᠶᠢ ᠡᠭᠦᠰᠬᠡᠨ᠂ ᠬᠦᠮᠦᠨ ᠢ ᠢᠳᠡᠷ ᠴᠢᠬᠢᠷᠠᠭ ᠬᠦᠴᠦᠲᠡᠢ ᠪᠤᠯᠭᠠᠳᠠᠭ᠃ ᠪᠡᠶ᠎ᠡ ᠳᠤᠷᠤᠢ ᠪᠠᠭᠤᠷᠠᠢ ᠬᠦᠮᠦᠰ ᠢᠳᠡᠬᠦ ᠳᠤ ᠨᠡᠩ ᠵᠤᠬᠢᠴᠠᠳᠠᠭ᠃ ᠡᠩ ᠤᠨ ᠴᠠᠭ ᠲᠤ ᠪᠢᠳᠡ ᠭᠤᠤᠯᠳᠠᠭᠤ ᠱᠠᠷ ᠤᠨ ᠮᠢᠬ᠎ᠠ ︵ᠮᠤᠩᠭᠤᠯ ᠦᠬᠡᠷ︶ ᠢᠳᠡᠵᠦ ᠬᠠᠶᠠ ᠵᠠᠷᠢᠮ ᠳᠠᠭᠠᠨ ᠵᠤᠯ ᠲᠠᠭᠠᠷᠠᠪᠠᠯ ᠤᠰᠤᠨ ᠦᠬᠡᠷ ᠤᠨ ᠮᠢᠬ᠎ᠠ ᠤᠯᠵᠤ ᠢᠳᠡᠳᠡᠭ᠃ ᠱᠠᠷ ᠦᠬᠡᠷ ᠤᠨ ᠮᠢᠬ᠎ᠠ ᠲᠠᠮᠢᠷ ᠨᠦᠬᠦᠵᠦ᠂ ᠤᠰᠤᠨ ᠦᠬᠡᠷ ᠤᠨ ᠮᠢᠬ᠎ᠠ ᠰᠢᠬᠢᠷ ᠢ ᠪᠠᠭᠤᠷᠠᠭᠤᠯᠬᠤ ᠦᠢᠯᠡᠳᠦᠯ ᠲᠠᠢ᠃ ︽ᠡᠪᠡᠰᠦᠨ ᠡᠮ ᠤᠨ ᠠᠩᠭᠢᠯᠠᠯ︾ ᠳᠤ ᠤᠨᠴᠠᠭᠠᠶᠢᠯᠠᠨ ᠴᠢᠬᠤᠯᠠᠴᠢᠯᠠᠵᠤ ᠬᠡᠯᠡᠬᠦ ᠳᠡᠭᠡᠨ ︽ᠤᠰᠤᠨ ᠦᠬᠡᠷ ᠤᠨ ᠮᠢᠬ᠎ᠠ ︵ᠤᠮᠳᠠᠭᠠᠰᠬᠤ᠂ ᠰᠢᠬᠢᠷ ᠰᠢᠵᠢᠩ ᠡᠪᠡᠳᠴᠢᠨ︶ ᠢ ᠡᠮᠴᠢᠯᠡᠨ ᠵᠠᠰᠠᠳᠠᠭ︾ ᠭᠡᠵᠡᠢ᠃ ᠡᠶᠢᠮᠦ ᠠᠴᠠ ᠴᠢᠰᠤᠨ ᠰᠢᠬᠢᠷ ᠦᠨᠳᠦᠷ ᠪᠠᠶᠢᠳᠠᠭ ᠬᠦᠮᠦᠨ ᠨᠢ ᠤᠰᠤᠨ ᠦᠬᠡᠷ ᠤᠨ ᠮᠢᠬ᠎ᠠ ᠶᠢ ᠦᠯᠡᠭᠦᠦ ᠰᠢᠭ ᠢᠳᠡᠪᠡᠯ ᠵᠤᠬᠢᠨ᠎ᠠ᠃ ᠬᠠᠷᠢᠴᠠᠭᠤᠯᠵᠤ ᠦᠵᠡᠪᠡᠯ᠂ ᠱᠠᠷ ᠤᠨ ᠮᠢᠬ᠎ᠠ ᠨᠢ ᠬᠡᠢ ᠴᠢᠰᠤ ᠨᠦᠬᠦᠬᠦ᠂ ᠰᠢᠷᠪᠤᠰᠤ ᠶᠠᠰᠤ ᠶᠢ ᠴᠢᠬᠢᠷᠠᠭᠵᠢᠭᠤᠯᠤᠨ ᠴᠢᠩᠭᠠᠷᠠᠭᠤᠯᠬᠤ ᠲᠠᠯ᠎ᠠ ᠪᠠᠷ ᠤᠰᠤᠨ ᠦᠬᠡᠷ ᠤᠨ ᠮᠢᠬᠠᠨ ᠠᠴᠠ ᠨᠡᠩ ᠬᠦᠴᠦᠲᠡᠢ ᠪᠠᠶᠢᠵᠤ ᠲᠠᠮᠢᠷᠳᠠᠬᠤ ᠪᠠ ᠪᠡᠶ᠎ᠡ ᠪᠠᠭᠤᠷᠠᠢ᠂ ᠶᠠᠰᠤ ᠰᠡᠶᠢᠷᠡᠭᠵᠢᠭᠰᠡᠨ ᠡᠪᠡᠳᠴᠢᠨ ᠤ ᠰᠢᠨᠵᠢ ᠲᠡᠮᠳᠡᠭ ᠲᠠᠢ ᠢᠳᠡᠷ ᠦᠲᠡᠯᠦᠭᠡ ᠨᠠᠰᠤᠲᠠᠨ ᠨᠢ ᠱᠠᠷ ᠤᠨ ᠮᠢᠬ᠎ᠠ ᠶᠢ ᠪᠠᠭ᠋ᠠᠨ ᠢᠯᠡᠭᠦᠦ ᠢᠳᠡᠵᠦ ᠪᠤᠯᠤᠨ᠎ᠠ᠃        ᠪᠠᠰᠠ ᠨᠢᠭᠡᠨ ᠤᠨᠴᠠᠭᠠᠶᠢᠯᠠᠨ ᠠᠩᠬᠠᠷᠤᠭᠤᠰᠢᠲᠠᠢ ᠵᠦᠢᠯ ᠨᠢ ᠭᠡᠪᠡᠯ᠂ ᠦᠬᠡᠷ ᠤᠨ ᠮᠢᠬ᠎ᠠ ᠨᠢ ᠬᠡᠳᠦᠶᠢᠪᠡᠷ ᠳᠡᠯᠢᠭᠦᠦ ᠬᠤᠳᠤᠭᠤᠳᠤ ᠶᠢ ᠪᠦᠯᠢᠶᠡᠰᠬᠡᠨ ᠨᠦᠬᠦᠳᠡᠭ ᠪᠤᠯᠪᠠᠴᠤ ᠦᠬᠡᠷ ᠤᠨ ᠦᠰᠦᠨ ᠪᠤᠶᠢᠵᠢᠯᠲᠠ ᠶᠢᠨ ᠦᠶᠡᠯᠡᠯ ᠤᠨ ᠬᠤᠭᠤᠴᠠᠭ᠎ᠠ ᠨᠢ ᠨᠡᠯᠢᠶᠡᠳ ᠤᠷᠲᠤ ᠪᠠᠶᠢᠵᠤ᠂ ᠮᠢᠬᠠᠨ ᠤ ᠴᠢᠨᠠᠷ ᠨᠢ ᠬᠠᠲᠠᠭᠤ ᠰᠢᠷᠬᠡᠭᠯᠢᠭ ᠪᠠᠶᠢᠳᠠᠭ ᠠᠴᠠ ᠬᠢᠯᠪᠠᠷᠬᠠᠨ ᠰᠢᠩᠭᠡᠭᠡᠭᠳᠡᠬᠦ ᠦᠭᠡᠢ ᠪᠠᠶᠢᠳᠠᠭ᠃ ᠡᠶᠢᠮᠦ ᠠᠴᠠ ᠳᠡᠯᠢᠭᠦᠦ ᠬᠤᠳᠤᠭᠤᠳᠤ ᠳᠤᠷᠤᠢ ᠪᠠᠭᠤᠷᠠᠢ ᠬᠦᠮᠦᠨ ᠳᠤ ᠠᠪᠴᠤ ᠬᠡᠯᠡᠪᠡᠯ᠂ ᠨᠢᠯᠵᠠᠷᠠᠢ ᠦᠬᠡᠷ ᠤᠨ ᠮᠢᠬ᠎ᠠ ᠢᠳᠡᠬᠦ ᠨᠢ ᠨᠡᠩ ᠵᠤᠬᠢᠰᠲᠠᠢ᠃ ᠨᠢᠯᠬ᠎ᠠ ᠨᠢᠯᠵᠠᠷᠠᠢ ᠦᠬᠡᠷ ᠤᠨ ᠮᠢᠬ᠎ᠠ ᠶᠢ ᠰᠢᠯᠵᠠᠷᠠᠲᠠᠯ᠎ᠠ ᠴᠢᠨᠠᠭᠠᠳ ᠱᠦᠯᠦ ᠶᠢ ᠨᠢ ᠤᠤᠭᠤᠬᠤ ᠶᠢᠨ ᠵᠡᠷᠭᠡᠪᠡᠷ ᠢᠳᠡᠪᠡᠰᠦ ᠭᠤᠶᠤ ᠰᠠᠶᠢᠬᠠᠨ ᠦᠨᠦᠷ ᠠᠮᠲᠠᠲᠠᠢ ᠪᠦᠭᠡᠳ ᠡᠷᠡᠭᠦᠯ ᠡᠩᠬᠡ ᠳᠤ ᠶᠡᠬᠡᠲᠡ ᠲᠤᠰᠠᠲᠠᠢ ᠪᠠᠶᠢᠳᠠᠭ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号