ᠶᠡᠬᠡᠩᠬᠢ ᠡᠮᠡᠭᠲᠡᠶᠢᠴᠦᠳ ᠭᠤᠸ᠎ᠠ ᠰᠠᠶᠢᠬᠠᠨ ᠤ ᠪᠦᠲᠦᠭᠡᠭᠳᠡᠭᠦᠨ ᠬᠡᠷᠡᠭᠯᠡᠬᠦ ᠦᠭᠡᠢ ᠪᠠᠶᠢᠵᠤ ᠴᠢᠳᠠᠳᠠᠭ | ᠦᠭᠡᠢ᠂ ᠡᠮᠡᠭᠲᠡᠶᠢᠴᠦᠳ ᠮᠠᠨᠢ ᠭᠤᠸ᠎ᠠ ᠰᠠᠶᠢᠬᠠᠨ ᠤ ᠪᠦᠲᠦᠭᠡᠭᠳᠡᠭᠦᠨ ᠬᠡᠷᠡᠭᠯᠡᠬᠦ ᠳᠡᠭᠡᠨ ᠲᠡᠭᠦᠨ ᠤ ᠡᠰᠡᠷᠭᠦ | ᠨᠦᠯᠦᠭᠡᠨ ᠤ ᠲᠠᠯ᠎ᠠ ᠪᠠᠷ ᠤᠭᠲᠤ ᠪᠤᠳᠤᠵᠤ ᠦᠵᠡᠳᠡᠭ ᠦᠭᠡᠢ᠃ ᠲᠡᠭᠡᠪᠡᠯ ᠡᠮᠡᠭᠲᠡᠶᠢᠴᠦᠳ ᠤᠨ ᠡᠳᠦᠷ ᠲᠤᠲᠤᠮ | ᠬᠡᠷᠡᠭᠯᠡᠳᠡᠭ ᠭᠤᠸ᠎ᠠ ᠰᠠᠶᠢᠬᠠᠨ ᠤ ᠪᠦᠲᠦᠭᠡᠭᠳᠡᠭᠦᠨ ᠨᠦᠭᠦᠳ ᠶᠠᠮᠠᠷ ᠬᠤᠤᠷ ᠬᠦᠨᠦᠭᠡᠯ ᠲᠠᠢ ᠪᠤᠯᠬᠤ ᠲᠠᠯ᠎ᠠ ᠪᠠᠷ ᠡᠨᠡᠬᠦ | ᠮᠡᠳᠡᠭᠡᠯᠡᠯ ᠠᠴᠠ ᠬᠠᠷᠠᠬᠤ ᠪᠤᠯᠤᠨ᠎ᠠ᠃ | 1. ᠤᠷᠤᠭᠤᠯ ᠤᠨ ᠪᠤᠳᠤᠭ | ᠸᠠᠰᠢᠩᠲ᠋ᠤᠨ ᠰᠢᠤᠳᠠᠨ ᠬᠡᠪᠯᠡᠯ ᠳᠡᠭᠡᠷ᠎ᠡ ᠤᠷᠤᠭᠤᠯ ᠤᠨ ᠪᠤᠳᠤᠭ ᠤᠨ 400 ᠭᠠᠷᠤᠢ | ᠦᠢᠯᠡᠳᠪᠦᠷᠢ ᠨᠦᠭᠦᠳ ᠪᠤᠳᠤᠭ ᠬᠢᠬᠦ ᠳᠡᠭᠡᠨ ᠬᠠᠷ᠎ᠠ ᠲᠤᠭᠤᠯᠭ᠎ᠠ ᠠᠰᠢᠭᠯᠠᠳᠠᠭ ᠭᠡᠮᠡᠨ ᠮᠡᠳᠡᠭᠡᠯᠡᠵᠡᠢ᠃ ᠡᠨᠡᠬᠦ ᠬᠠᠷ᠎ᠠ | ᠲᠤᠭᠤᠯᠭ᠎ᠠ ᠨᠢ ᠬᠦᠮᠦᠨ ᠤ ᠪᠦᠬᠦᠶᠢᠯᠡ ᠡᠷᠬᠡᠲᠡᠨ ᠳᠤ ᠮᠠᠭᠤ ᠪᠠᠷ ᠨᠦᠯᠦᠭᠡᠯᠡᠬᠦ ᠠᠶᠤᠯ ᠲᠠᠢ ᠭᠡᠨ᠎ᠡ᠃ ᠬᠠᠷ᠎ᠠ | ᠲᠤᠭᠤᠯᠭ᠎ᠠ ᠶᠢ ᠶᠡᠭᠡ ᠬᠡᠮᠵᠢᠶ᠎ᠡ ᠪᠠᠷ ᠬᠡᠷᠡᠭᠯᠡᠭᠰᠡᠨ ᠢᠶᠠᠷ ᠦᠬᠦᠯ ᠳᠤ ᠬᠦᠷᠬᠦ ᠠᠶᠤᠯᠲᠠᠢ ᠭᠡᠰᠡᠨ ᠰᠤᠳᠤᠯᠭᠠᠨ ᠪᠠᠶᠢᠳᠠᠭ᠃ | ᠲᠡᠶᠢᠮᠦ ᠠᠴᠠ ᠪᠦᠰᠡᠭᠦᠢ ᠲᠠ ᠤᠷᠤᠭᠤᠯ ᠢᠶᠠᠨ ᠪᠤᠳᠤᠬᠤ ᠳᠠᠭᠠᠨ ᠪᠤᠯᠭᠤᠮᠵᠢ ᠲᠠᠢ ᠪᠠᠶᠢᠭᠠᠷᠠᠢ᠃ | 2. ᠤᠷᠤᠭᠤᠯ ᠦᠩᠭᠡᠯᠡᠭᠴᠢ | ᠤᠷᠤᠭᠤᠯ ᠦᠩᠭᠡᠯᠡᠭᠴᠢ ᠶᠢ ᠭᠢᠯᠠᠯᠵᠠᠭᠰᠠᠨ ᠪᠤᠯᠭᠠᠳᠠᠭ ᠵᠦᠢᠯ ᠨᠢ ᠸᠠᠽᠧᠯᠢᠨ ᠲᠤᠰᠤ᠂ ᠲᠡᠭᠡᠪᠡᠯ ᠡᠨᠡ | ᠸᠠᠽᠧᠯᠢᠨ ᠲᠤᠰᠤ ᠨᠢ ᠨᠧᠹᠲ ᠤᠨ ᠬᠠᠶᠠᠭᠳᠠᠮᠠᠯ ᠪᠦᠲᠦᠭᠡᠭᠳᠡᠭᠦᠨ ᠶᠤᠮ ᠪᠠᠶᠢᠨ᠎ᠠ᠃ ᠪᠦᠬᠦᠶᠢᠯᠡ ᠨᠢᠭᠡ | ᠨᠠᠰᠤᠨ ᠤ ᠪᠠᠨ ᠲᠤᠷᠰᠢᠲᠠ ᠡᠮᠡᠭᠲᠡᠶᠢᠴᠦᠳ ᠳᠤᠮᠳᠠᠴᠢ ᠪᠠᠷ 3 ᠺᠢᠯᠦᠭᠷᠡᠮ ᠨᠧᠹᠲ ᠤᠨ ᠬᠠᠶᠠᠭᠳᠠᠮᠠᠯ ᠢ ᠬᠡᠷᠡᠭᠯᠡᠳᠡᠭ | ᠭᠡᠮᠡᠨ ᠰᠤᠳᠤᠯᠭᠠᠨ ᠲᠤᠭᠲᠠᠭᠠᠵᠠᠢ᠃ ᠤᠷᠤᠰ ᠲᠤ ᠤᠷᠤᠭᠤᠯ ᠦᠩᠭᠡᠯᠡᠭᠴᠢ ᠳᠤ ᠸᠠᠽᠧᠯᠢᠨ ᠲᠤᠰᠤ ᠠᠭᠤᠯᠤᠭᠰᠠᠨ | ᠪᠦᠲᠦᠭᠡᠭᠳᠡᠭᠦᠨ ᠤᠷᠤᠭᠤᠯᠬᠤ ᠶᠢ ᠬᠤᠷᠢᠭᠯᠠᠭᠰᠠᠨ ᠪᠠᠶᠢᠨ᠎ᠠ᠃ ᠤᠴᠢᠷ ᠨᠢ ᠸᠠᠽᠧᠯᠢᠨ ᠲᠤᠰᠤ ᠬᠠᠪᠤᠳᠠᠷ ᠡᠭᠦᠰᠬᠡᠬᠦ | ᠪᠤᠯᠤᠮᠵᠢ ᠲᠠᠢ᠃ ᠰᠤᠳᠤᠯᠭᠠᠨ ᠠᠴᠠ ᠬᠠᠷᠠᠬᠤ ᠳᠤ ᠬᠠᠪᠤᠳᠠᠷ ᠲᠠᠢ ᠡᠮᠡᠭᠲᠡᠢ ᠬᠦᠮᠦᠨ ᠡᠷᠡᠭᠦᠯ ᠬᠦᠮᠦᠨ ᠠᠴᠠ ᠬᠤᠶᠠᠷ | ᠲᠠᠬᠢᠨ ᠶᠡᠭᠡ ᠸᠠᠽᠧᠯᠢᠨ ᠲᠤᠰᠤ ᠠᠭᠤᠯᠤᠭᠰᠠᠨ ᠪᠦᠲᠦᠭᠡᠭᠳᠡᠭᠦᠨ ᠬᠡᠷᠡᠭᠯᠡᠵᠦ ᠪᠠᠶᠢᠭᠰᠠᠨ ᠭᠡᠨ᠎ᠡ᠃ | 3. ᠰᠦᠷᠴᠢᠳᠡᠭ ᠠᠷᠠᠰᠤ ᠪᠤᠷᠤᠯᠠᠭᠤᠯᠬᠤ ᠲᠤᠰᠤ | ᠤᠶᠢᠷ᠎ᠠ ᠳᠤ ᠪᠡᠶ᠎ᠡ ᠳᠤ ᠬᠤᠤᠷ ᠦᠭᠡᠢ ᠮᠦᠷᠲᠡᠭᠡᠨ ᠬᠠᠮᠤᠭ ᠤᠨ ᠠᠮᠠᠷᠬᠠᠨ ᠪᠤᠷᠤ ᠪᠤᠯᠬᠤ ᠠᠷᠭ᠎ᠠ ᠪᠤᠯ | ᠠᠷᠠᠰᠤ ᠪᠤᠷᠤᠯᠠᠭᠤᠯᠬᠤ ᠰᠦᠷᠴᠢᠳᠡᠭ ᠲᠤᠰᠤ ᠶᠢ ᠬᠡᠷᠡᠭᠯᠡᠬᠦ ᠶᠠᠪᠤᠳᠠᠯ ᠶᠤᠮ ᠭᠡᠮᠡᠨ ᠲᠧᠯᠸᠢᠰ ᠢᠶᠠᠷ ᠲᠤᠯᠢᠯᠠᠭᠤᠯᠵᠤ | ᠪᠠᠶᠢᠭ᠎ᠠ ᠪᠢᠯᠡ᠃ ᠭᠡᠪᠡᠴᠦ ᠰᠤᠳᠤᠯᠭᠠᠨ ᠢᠶᠠᠷ ᠳᠠᠮᠵᠢᠵᠤ ᠡᠨᠡᠬᠦ ᠠᠷᠠᠰᠤ ᠪᠤᠷᠤᠯᠠᠭᠤᠯᠬᠤ ᠰᠦᠷᠴᠢᠳᠡᠭ ᠲᠤᠰᠤᠨ ᠳᠤ | ᠬᠦᠮᠦᠨ ᠤ ᠪᠡᠶ᠎ᠡ ᠶᠢ ᠮᠠᠭᠤ ᠪᠠᠷ ᠨᠦᠯᠦᠭᠡᠯᠡᠬᠦ ᠬᠠᠪᠤᠳᠠᠷ ᠡᠭᠦᠰᠬᠡᠬᠦ ᠪᠤᠳᠠᠰ ᠠᠭᠤᠯᠤᠭᠳᠠᠳᠠᠭ ᠭᠡᠨ᠎ᠡ᠃ ᠠᠷᠠᠰᠤ | ᠪᠤᠷᠤᠯᠠᠭᠤᠯᠬᠤ ᠲᠤᠰᠤ ᠶᠢ ᠵᠦᠪᠬᠡᠨ ᠭᠠᠳᠠᠭᠤᠷ ᠬᠡᠷᠡᠭᠯᠡᠬᠦ ᠳᠤ ᠠᠶᠤᠯ ᠦᠭᠡᠢ ᠠᠴᠠ ᠪᠢᠰᠢ ᠬᠠᠷᠢᠨ ᠰᠠᠨᠠᠭᠠᠨ ᠳᠤ | ᠦᠭᠡᠢ ᠠᠮᠠ ᠤᠷᠤᠭᠤ ᠪᠠᠨ ᠤᠷᠤᠭᠤᠯᠪᠠᠯ ᠡᠨᠡ ᠨᠢ ᠲᠠᠨ ᠤ ᠪᠡᠶ᠎ᠡ ᠳᠤ ᠬᠤᠤᠷᠲᠠᠢ ᠨᠦᠯᠦᠭᠡ ᠦᠵᠡᠭᠦᠯᠬᠦ ᠪᠤᠯᠤᠨ᠎ᠠ᠃ | 4. ᠬᠢᠮᠦᠰᠦᠨ ᠤ ᠪᠤᠳᠤᠭ | ᠬᠢᠮᠦᠰᠦᠨ ᠤ ᠪᠤᠳᠤᠭ ᠲᠤ DBP ᠪᠤᠳᠠᠰ ᠠᠭᠤᠯᠤᠭᠳᠠᠳᠠᠭ ᠭᠡᠵᠦ ᠨᠤᠲᠠᠯᠠᠭᠰᠠᠨ ᠤ ᠳᠠᠷᠠᠭ᠎ᠠ | ᠬᠢᠮᠦᠰᠦᠨ ᠤ ᠪᠤᠳᠤᠭ ᠵᠠᠷᠤᠬᠤ ᠶᠢ ᠬᠤᠷᠢᠭᠯᠠᠭᠰᠠᠨ ᠪᠠᠶᠢᠨ᠎ᠠ᠃ ᠬᠢᠮᠦᠰᠦᠨ ᠤ ᠪᠤᠳᠤᠭ ᠲᠤ ᠦᠬᠦᠭᠰᠡᠨ ᠠᠮᠢᠲᠠᠨ ᠢ | ᠬᠠᠳᠠᠭᠠᠯᠠᠬᠤ ᠳᠤ ᠵᠤᠷᠢᠭᠤᠯᠤᠭᠰᠠᠨ ᠰᠢᠷᠭᠤᠯᠵᠢᠨ ᠠᠯᠳᠧᠭᠢᠳ᠋ ︵ᠹᠤᠷᠮᠠᠯᠢᠨ︶ ᠭᠡᠰᠡᠨ ᠪᠤᠳᠠᠰ ᠠᠭᠤᠯᠤᠭᠳᠠᠳᠠᠭ᠂ ᠡᠨᠡ | ᠪᠤᠳᠠᠰ ᠨᠢ ᠦᠮᠡᠨ ᠪᠤᠯᠤᠨ ᠪᠠᠭᠲᠠᠷᠠᠭ᠎ᠠ ᠡᠪᠡᠳᠴᠢᠨ ᠡᠭᠦᠰᠬᠡᠳᠡᠭ᠃ | 5. ᠰᠢᠷᠠᠭᠳᠠᠬᠤ ᠠᠴᠠ ᠰᠡᠷᠭᠡᠶᠢᠯᠡᠬᠦ ᠲᠤᠰᠤ | ᠪᠠᠶᠢᠭᠠᠯᠢ ᠤᠷᠴᠢᠨ ᠤ ᠬᠠᠮᠠᠭᠠᠯᠠᠯᠲᠠ ᠶᠢᠨ ᠪᠠᠭ ᠤᠨ ᠬᠢᠨ ᠦᠵᠡᠬᠦ ᠳᠡᠭᠡᠨ ᠨᠠᠷᠠᠨ ᠳᠤ ᠰᠢᠷᠠᠭᠳᠠᠬᠤ ᠠᠴᠠ | ᠰᠡᠷᠭᠡᠶᠢᠯᠡᠬᠦ ᠲᠤᠰᠤᠨ ᠳᠤ 40% ᠸᠢᠲ᠋ᠠᠮᠢᠨ ᠠᠭᠤᠯᠤᠭᠳᠠᠳᠠᠭ ᠪᠦᠭᠡᠳ ᠡᠨᠡᠬᠦ ᠸᠢᠲ᠋ᠠᠮᠢᠨ ᠨᠢ ᠨᠠᠷᠠ ᠲᠠᠢ ᠤᠷᠪᠠᠯ | ᠡᠭᠦᠰᠬᠦ ᠪᠠᠷ ᠢᠶᠠᠨ ᠬᠦᠮᠦᠨ ᠤ ᠪᠡᠶ᠎ᠡ ᠳᠤ ᠮᠠᠭᠤ ᠨᠦᠯᠦᠭᠡ ᠦᠵᠡᠭᠦᠯᠳᠡᠭ ᠭᠡᠨ᠎ᠡ᠃ ᠡᠨᠡᠬᠦ ᠰᠤᠳᠤᠯᠭ᠎ᠠ ᠶᠢ | ᠬᠤᠯᠤᠭᠠᠨ᠎ᠠ ᠳᠤ ᠬᠢᠵᠦ ᠦᠵᠡᠭᠰᠡᠨ ᠪᠠᠶᠢᠨ᠎ᠠ᠂ ᠰᠢᠷᠠᠭᠳᠠᠬᠤ ᠠᠴᠠ ᠰᠡᠷᠭᠡᠶᠢᠯᠡᠬᠦ ᠲᠤᠰᠤ ᠬᠡᠳᠦᠶᠢᠪᠡᠷ ᠦᠪᠡᠷ ᠤᠨ | ᠡᠭᠦᠷᠭᠡ ᠪᠠᠨ ᠪᠡᠶᠡᠯᠡᠭᠦᠯᠵᠦ ᠪᠠᠶᠢᠭ᠎ᠠ ᠴᠦ ᠲᠠᠨ ᠤ ᠪᠡᠶ᠎ᠡ ᠳᠤ ᠬᠠᠪᠤᠳᠠᠷ ᠢ ᠴᠦ ᠡᠭᠦᠰᠬᠡᠬᠦ ᠪᠤᠯᠤᠮᠵᠢ ᠲᠠᠢ ᠶᠤᠮ᠃ | 6. ᠦᠨᠦᠷ ᠳᠠᠷᠤᠭᠴᠢ | ᠳᠡᠭᠡᠷ᠎ᠡ ᠵᠠᠭᠤᠨ ᠤ ᠵᠢᠷᠠᠭᠠᠳ ᠤᠨ ᠠᠴᠠ ᠡᠬᠢᠯᠡᠨ ᠬᠦᠯᠦᠰᠦᠨ ᠤ ᠦᠨᠦᠷ ᠳᠠᠷᠤᠭᠴᠢ ᠨᠢ ᠬᠦᠮᠦᠨ ᠤ | ᠪᠡᠶ᠎ᠡ ᠳᠤ ᠮᠠᠭᠤ ᠪᠠᠷ ᠨᠦᠯᠦᠭᠡᠯᠡᠳᠡᠭ ᠪᠤᠯᠬᠤ ᠶᠢ ᠮᠡᠳᠡᠵᠡᠢ᠂ ᠦᠨᠦᠷ ᠳᠠᠷᠤᠭᠴᠢ ᠶᠢ ᠶᠡᠭᠡ ᠬᠡᠮᠵᠢᠶ᠎ᠡ ᠪᠠᠷ | ᠬᠡᠷᠡᠭᠯᠡᠭᠰᠡᠨ ᠢᠶᠠᠷ ᠭᠤᠨᠠᠨ ᠪᠦᠯᠦᠭ ᠤᠨ ᠨᠢᠭᠡᠳᠪᠦᠷᠢ ᠶᠢᠨ ᠳᠠᠭᠠᠭᠠᠴᠠ ᠶᠢᠨ ᠬᠡᠮᠵᠢᠶ᠎ᠡ ᠨᠡᠮᠡᠭᠳᠡᠭᠰᠡᠨ ᠢᠶᠠᠷ ᠬᠠᠪᠤᠳᠠᠷ | ᠡᠭᠦᠰᠬᠡᠵᠦ ᠮᠠᠭᠠᠳ ᠦᠭᠡᠢ ᠭᠡᠨ᠎ᠡ᠃ | 7. ᠦᠰᠦᠨ ᠤ ᠪᠤᠳᠤᠭ | ᠰᠤᠳᠤᠯᠭᠠᠨ ᠤ ᠦᠷ᠎ᠡ ᠳ᠋ᠦᠩ ᠦᠰᠦᠴᠢᠨ ᠪᠤᠯᠤᠨ ᠦᠰᠦᠨ ᠤ ᠦᠩᠭᠡ ᠪᠠᠨ ᠪᠠᠶᠢᠩᠭᠤ ᠦᠭᠡᠷᠡᠴᠢᠯᠡᠬᠦ | ᠳᠤᠷᠠᠲᠠᠢ ᠬᠦᠮᠦᠰ ᠤᠨ ᠰᠠᠨᠠᠭ᠎ᠠ ᠶᠢ ᠶᠡᠬᠡᠲᠡ ᠵᠤᠪᠠᠭᠠᠬᠤ ᠪᠤᠯᠪᠠ ᠦᠦ᠂ 5 ᠠᠴᠠ ᠢᠯᠡᠭᠦᠦ ᠵᠢᠯ ᠦᠰᠦᠴᠢᠨ ᠢᠶᠠᠷ | ᠠᠵᠢᠯᠯᠠᠵᠤ ᠪᠠᠶᠢᠭ᠎ᠠ ᠬᠦᠮᠦᠰ ᠬᠠᠪᠤᠳᠠᠷ ᠲᠤᠰᠬᠤ ᠨᠤᠷᠮ᠎ᠠ ᠨᠢ ᠪᠤᠳᠤᠭ ᠲᠠᠢ ᠤᠶᠢᠷᠠᠳᠤᠳᠠᠭ ᠦᠭᠡᠢ ᠬᠦᠮᠦᠰ ᠠᠴᠠ | ᠬᠤᠶᠠᠷ ᠲᠠᠬᠢᠨ ᠶᠡᠭᠡ ᠪᠠᠶᠢᠳᠠᠭ ᠭᠡᠨ᠎ᠡ᠃ ᠮᠦᠨ ᠦᠰᠦᠨ ᠤ ᠪᠠᠨ ᠦᠩᠭᠡ ᠶᠢ ᠪᠠᠶᠢᠩᠭᠤ ᠦᠭᠡᠷᠡᠴᠢᠯᠡᠳᠡᠭ ᠬᠦᠮᠦᠰ | ᠮᠦᠨ ᠬᠠᠪᠤᠳᠠᠷ ᠲᠤᠰᠬᠤ ᠪᠤᠯᠤᠮᠵᠢ ᠦᠨᠳᠦᠷ ᠪᠠᠶᠢᠳᠠᠭ ᠪᠠᠶᠢᠨ᠎ᠠ᠃ | 8. ᠬᠢᠮᠳᠠᠬᠠᠨ ᠭᠤᠶᠤᠯᠠᠯ ᠴᠢᠮᠡᠭᠯᠡᠯ | ᠦᠨᠡᠲᠡᠢ ᠭᠤᠶᠤᠯᠠᠯ ᠴᠢᠮᠡᠭᠯᠡᠯ ᠤᠨ ᠵᠦᠢᠯᠡᠰ ᠠᠪᠴᠤ ᠬᠡᠷᠡᠭᠯᠡᠬᠦ ᠨᠢ ᠵᠦᠩᠳᠡᠭᠡᠨ ᠬᠠᠷᠠᠭᠳᠠᠳᠠᠭ᠃ | ᠲᠡᠶᠢᠮᠦ ᠠᠴᠠ ᠬᠢᠮᠳᠠ ᠭᠤᠶᠤᠯᠠᠯ ᠴᠢᠮᠡᠭᠯᠡᠯ ᠤᠨ ᠵᠦᠢᠯᠡᠰ ᠵᠠᠷᠤᠬᠤ ᠨᠢ ᠶᠡᠬᠡᠲᠡ ᠠᠰᠢᠭ ᠲᠠᠢ ᠪᠠᠶᠢᠳᠠᠭ ᠪᠦᠭᠡᠳ | ᠢᠯᠠᠩᠭᠤᠶ᠎ᠠ ᠦᠰᠪᠦᠷᠢ ᠨᠠᠰᠤᠨ ᠤ ᠦᠬᠢᠳ ᠡᠭᠦᠨ ᠢ ᠮᠠᠰᠢ ᠰᠤᠨᠢᠷᠬᠠᠳᠠᠭ᠃ ᠭᠡᠪᠡᠴᠦ ᠰᠤᠳᠤᠯᠭᠠᠨ ᠤ ᠦᠷ᠎ᠡ | ᠳ᠋ᠦᠩ ᠳᠤ ᠡᠶᠢᠮᠦᠷᠬᠦ ᠭᠤᠶᠤᠯᠠᠯ ᠴᠢᠮᠡᠭᠯᠡᠯ ᠤᠨ ᠵᠦᠢᠯᠡᠰ ᠲᠤ ᠲᠤᠭᠤᠯᠭ᠎ᠠ᠂ ᠠᠷᠰᠧᠨ᠂ ᠮᠦᠩᠭᠦᠨ ᠤᠰᠤ | ᠠᠰᠢᠭᠯᠠᠳᠠᠭ ᠭᠡᠳᠡᠭ ᠢ ᠮᠡᠳᠡᠵᠡᠢ᠃ ᠰᠤᠳᠤᠯᠭᠠᠨ ᠬᠢᠭᠰᠡᠨ ᠭᠤᠶᠤᠯᠠᠯ ᠴᠢᠮᠡᠭᠯᠡᠯ ᠤᠨ ᠡᠳ᠋ ᠤᠨ 99% ᠨᠢ ᠬᠤᠤᠷᠲᠤ | ᠪᠤᠳᠠᠰ ᠠᠭᠤᠯᠵᠤ ᠪᠠᠶᠢᠭᠰᠠᠨ ᠪᠦᠭᠡᠳ ᠡᠨᠡ ᠨᠢ ᠬᠠᠪᠤᠳᠠᠷ ᠡᠭᠦᠰᠬᠡᠬᠦ ᠠᠴᠠ ᠭᠠᠳᠠᠨ᠎ᠠ ᠰᠡᠳᠬᠢᠨ ᠪᠤᠳᠤᠬᠤ | ᠴᠢᠳᠠᠪᠤᠷᠢ ᠶᠢ ᠨᠦᠯᠦᠭᠡᠯᠡᠳᠡᠭ ᠪᠠᠶᠢᠨ᠎ᠠ᠃ | 9. ᠴᠢᠩᠭ᠎ᠠ ᠪᠠᠷᠢᠭᠤ ᠦᠮᠦᠳᠦ ᠬᠤᠪᠴᠠᠰᠤ | ᠡᠮᠴᠢ ᠨᠠᠷ ᠤᠨ ᠦᠵᠡᠬᠦ ᠪᠠᠷ ᠴᠢᠩᠭ᠎ᠠ ᠪᠠᠷᠢᠭᠤ ᠬᠤᠪᠴᠠᠰᠤ ᠨᠢ ᠳᠠᠪᠤᠰᠠᠩ ᠤᠨ ᠡᠪᠡᠳᠴᠢᠨ ᠪᠤᠯᠤᠨ | ᠴᠢᠰᠤᠨ ᠤ ᠡᠪᠡᠳᠴᠢᠨ ᠢ ᠡᠭᠦᠰᠬᠡᠬᠦ ᠦᠨᠳᠦᠷ ᠪᠤᠯᠤᠮᠵᠢ ᠲᠠᠢ᠃ ᠡᠭᠦᠨ ᠳᠤ ᠴᠢᠩᠭ᠎ᠠ ᠪᠠᠷᠢᠭᠤ ᠦᠮᠦᠳᠦ ᠨᠢ | ᠲᠠᠰᠢᠶᠠᠨ ᠤ ᠬᠡᠰᠡᠭ ᠤᠨ ᠠᠷᠠᠰᠤ ᠶᠢ ᠭᠡᠮᠲᠦᠭᠡᠳᠡᠭ ᠪᠠᠶᠢᠨ᠎ᠠ᠃ | 10. ᠬᠢᠮᠡᠯ ᠬᠦᠬᠦ | ᠤᠷᠴᠢᠨ ᠦᠶ᠎ᠡ ᠳᠤ ᠲᠤᠯᠭᠠᠷᠠᠵᠤ ᠪᠠᠶᠢᠭ᠎ᠠ ᠲᠤᠮᠤᠬᠠᠨ ᠠᠰᠠᠭᠤᠳᠠᠯ ᠤᠨ ᠨᠢᠭᠡ ᠨᠢ ᠬᠦᠮᠦᠨ ᠦᠪᠡᠷ ᠤᠨ | ᠬᠦᠰᠡᠭᠰᠡᠨ ᠢᠶᠠᠷ ᠢᠶᠠᠨ ᠬᠠᠷᠠᠭᠳᠠᠵᠤ ᠴᠢᠳᠠᠬᠤ ᠦᠭᠡᠢ ᠪᠠᠶᠢᠭ᠎ᠠ ᠶᠠᠪᠤᠳᠠᠯ ᠶᠤᠮ᠃ ᠡᠭᠦᠨ ᠠᠴᠠ ᠪᠤᠯᠤᠭᠠᠳ ᠳᠡᠯᠡᠬᠡᠢ | ᠳᠡᠭᠡᠷ᠎ᠡ 1000 ᠲᠦᠮᠡᠨ ᠡᠮᠡᠭᠲᠡᠶᠢᠴᠦᠳ ᠬᠦᠬᠦ ᠲᠤᠮᠤᠷᠠᠭᠤᠯᠬᠤ ᠮᠡᠰᠡ ᠵᠠᠰᠠᠯ ᠳᠤ ᠤᠷᠤᠭᠠᠳ ᠪᠠᠶᠢᠭ᠎ᠠ ᠪᠢᠯᠡ᠂ | ᠭᠡᠪᠡᠴᠦ ᠬᠦᠬᠦ ᠲᠤᠮᠤᠷᠠᠭᠤᠯᠬᠤ ᠮᠡᠰᠡ ᠵᠠᠰᠠᠯ ᠤᠨ ᠶᠠᠪᠤᠴᠠ ᠳᠤ ᠠᠮᠢ ᠪᠠᠨ ᠠᠯᠳᠠᠵᠤ ᠪᠠᠶᠢᠨ᠎ᠠ᠂ ᠮᠡᠰᠡ ᠵᠠᠰᠠᠯ | ᠬᠢᠯᠭᠡᠭᠰᠡᠨ ᠤ ᠳᠠᠷᠠᠭ᠎ᠠ ᠡᠳᠡᠭᠡᠷᠡᠬᠦ ᠦᠭᠡᠢ ᠡᠪᠡᠳᠴᠢᠨ ᠪᠤᠶᠤ ᠮᠡᠰᠡ ᠵᠠᠰᠠᠯ ᠤᠨ ᠳᠠᠷᠠᠭᠠᠬᠢ ᠡᠷᠡᠭᠦᠯ ᠮᠡᠨᠳᠦ ᠶᠢ | ᠨᠦᠯᠦᠭᠡᠯᠡᠬᠦ ᠪᠤᠯᠤᠮᠵᠢ ᠶᠢ ᠦᠭᠡᠶᠢᠰᠬᠡᠬᠦ ᠦᠭᠡᠢ᠃ |