| 1. ᠦᠷᠯᠦᠭᠡ ᠰᠡᠷᠢᠮᠡᠭᠴᠡ ᠤᠷᠤᠨ ᠠᠴᠠ ᠪᠠᠨ ᠪᠠᠭᠤᠬᠤ | ᠤᠯᠠᠩᠬᠢ ᠬᠦᠮᠦᠰ ᠦᠷᠯᠦᠭᠡ ᠭᠠᠷ ᠤᠲᠠᠰᠤᠨ ᠤ ᠬᠢᠨᠢ ᠬᠤᠩᠬᠤ ᠳᠤᠤᠭᠠᠷᠤᠭᠰᠠᠭᠠᠷ ᠳᠠᠪ ᠬᠢᠨ ᠪᠤᠰᠴᠤ | ᠪᠠᠷᠢᠨ ᠤᠷᠤ ᠠᠴᠠ ᠪᠠᠨ ᠪᠠᠭᠤᠵᠤ ᠲᠤᠯᠤᠭᠠᠢ ᠲᠦᠷᠦᠭᠦᠦ ᠨᠢ ᠡᠷᠭᠢᠵᠦ ᠪᠠᠶᠢᠲᠠᠯ᠎ᠠ ᠰᠢᠳᠦ ᠪᠠᠨ ᠱᠤᠸᠠᠰᠠᠲᠠᠵᠤ | ᠨᠢᠭᠤᠷ ᠢᠶᠠᠨ ᠤᠭᠢᠶᠠᠳᠠᠭ᠃ | ᠢᠩᠭᠢᠬᠦ ᠨᠢ ᠮᠠᠰᠢ ᠠᠶᠤᠮᠰᠢᠭᠲᠠᠢ ᠶᠤᠮ᠃ ᠴᠢᠰᠤᠨ ᠳᠠᠷᠤᠯᠲᠠ ᠦᠨᠳᠦᠷ ᠡᠪᠡᠳᠴᠢᠲᠡᠨ᠂ ᠲᠢᠲᠢᠮᠯᠢᠭ | ᠯᠤᠭᠰᠢᠭᠤᠨ ᠰᠤᠳᠠᠯ ᠤᠨ ᠬᠠᠲᠠᠭᠤᠷᠠᠯ᠂ ᠴᠢᠰᠤᠨ ᠰᠤᠳᠠᠯ ᠨᠠᠷᠢᠨ ᠡᠪᠡᠳᠴᠢᠲᠠᠨ ᠳᠤ ᠠᠪᠴᠤ ᠬᠡᠯᠡᠪᠡᠯ᠂ ᠰᠦᠨᠢ | ᠴᠢᠰᠤᠨ ᠳᠠᠷᠤᠯᠲᠠ ᠪᠠᠭᠤᠷᠠᠵᠤ᠂ ᠵᠢᠷᠦᠬᠡᠨ ᠴᠤᠬᠢᠯᠭ᠎ᠠ ᠤᠳᠠᠭᠠᠰᠢᠷᠠᠭᠰᠠᠨ ᠪᠠᠶᠢᠳᠠᠯ ᠳᠤ ᠭᠡᠨᠡᠳᠲᠡ ᠳᠠᠪ ᠬᠢᠨ ᠪᠤᠰᠬᠤ | ᠨᠢ ᠴᠢᠰᠤᠨ ᠳᠠᠷᠤᠯᠲᠠ ᠦᠨᠳᠦᠷᠵᠢᠬᠦ᠂ ᠰᠠ ᠳᠠᠭᠠᠷᠢᠬᠤ ᠵᠡᠷᠭᠡ ᠡᠪᠡᠳᠴᠢᠨ ᠢ ᠡᠭᠦᠰᠬᠡᠳᠡᠭ᠃ ᠨᠢᠷᠤᠭᠤ ᠰᠡᠭᠡᠷ ᠤᠨ | ᠡᠪᠡᠳᠴᠢᠲᠡᠨ ᠳᠤ ᠠᠪᠴᠤ ᠬᠡᠯᠡᠪᠡᠯ᠂ ᠪᠡᠶ᠎ᠡ ᠶᠢᠨ ᠪᠠᠶᠢᠷᠢ ᠪᠠᠨ ᠭᠡᠨᠡᠳᠲᠡ ᠬᠤᠪᠢᠷᠠᠭᠤᠯᠪᠠᠯ ᠨᠢᠷᠤᠭᠤ ᠪᠠᠨ ᠮᠤᠰᠬᠢᠵᠤ | ᠭᠡᠮᠲᠦᠭᠡᠬᠦ ᠠᠶᠤᠯ ᠲᠠᠢ᠃ ᠶᠠᠰᠤᠨ ᠤ ᠡᠳ᠋ ᠰᠡᠶᠢᠷᠡᠭᠵᠢᠬᠦ ᠭᠡᠮ ᠲᠠᠢ ᠬᠦᠮᠦᠨ ᠪᠡᠶ᠎ᠡ ᠶᠢᠨ ᠪᠠᠶᠢᠷᠢ ᠪᠠᠨ ᠭᠡᠨᠡᠳᠲᠡ | ᠬᠤᠪᠢᠷᠠᠭᠤᠯᠪᠠᠯ ᠬᠢᠯᠪᠠᠷᠬᠠᠨ ᠶᠠᠰᠤ ᠭᠡᠮᠲᠦᠵᠦ ᠬᠤᠭᠤᠷᠠᠬᠤ ᠠᠶᠤᠯ ᠲᠠᠢ᠃ | ᠦᠷᠯᠦᠭᠡ ᠪᠤᠰᠬᠤ ᠵᠦᠪ ᠠᠷᠭ᠎ᠠ ᠭᠡᠪᠡᠯ᠂ ᠦᠷᠯᠦᠭᠡ ᠰᠡᠷᠢᠪᠡᠯ ᠲᠡᠷᠡ ᠳᠤᠤᠷ᠎ᠠ ᠨᠢ ᠪᠤᠰᠬᠤ ᠦᠭᠡᠢ ᠪᠠᠷ 5 | ᠮᠢᠨᠦ᠋ᠲ ᠨᠠᠮᠵᠢᠭᠤᠨ ᠬᠡᠪᠲᠡᠵᠦ᠂ 10 ᠤᠳᠠᠭ᠎ᠠ ᠭᠦᠨ ᠠᠮᠢᠰᠬᠤᠭ᠎ᠠ ᠠᠪᠤᠭᠠᠳ ᠠᠭᠠᠵᠢᠮ ᠢᠶᠠᠷ ᠪᠤᠰᠴᠤ ᠰᠠᠭᠤᠭᠠᠳ | 3-5 ᠤᠳᠠᠭ᠎ᠠ ᠰᠤᠨᠢᠶᠠᠵᠤ ᠤᠷᠤ ᠠᠴᠠ ᠪᠠᠨ ᠪᠠᠭᠤᠨ ᠪᠦᠯᠢᠶᠡᠨ ᠪᠤᠴᠠᠯᠤᠭᠰᠠᠨ ᠤᠰᠤ ᠤᠤᠭᠤᠨ ᠪᠡᠶ᠎ᠡ ᠬᠡᠪ ᠤᠨ | ᠪᠠᠶᠢᠳᠠᠯ ᠳᠤ ᠤᠷᠤᠭᠰᠠᠨ ᠤ ᠳᠠᠷᠠᠭ᠎ᠠ ᠪᠡᠶ᠎ᠡ ᠶᠢᠨ ᠪᠤᠯᠪᠠᠰᠤᠷᠠᠯ ᠬᠢᠬᠦ ᠪᠠᠷ ᠶᠠᠪᠤᠬᠤ ᠪᠤᠶᠤ ᠪᠤᠰᠤᠳ ᠠᠵᠢᠯᠯᠠᠭ᠎ᠠ ᠳᠤ | ᠤᠷᠤᠯᠴᠠᠪᠠᠯ ᠵᠤᠬᠢᠨ᠎ᠠ᠃ | 2. ᠦᠷᠯᠦᠭᠡ ᠳᠡᠭᠡᠨ ᠦᠷᠭᠦᠯᠵᠢ ᠬᠤᠭᠤᠯᠠ ᠢᠳᠡᠬᠦ ᠦᠭᠡᠢ ᠪᠠᠶᠢᠬᠤ | ᠠᠵᠢᠯᠯᠠᠵᠤ ᠪᠠᠶᠢᠭ᠎ᠠ ᠬᠦᠮᠦᠰ ᠠᠵᠢᠯ ᠠᠴᠠ ᠪᠠᠨ ᠬᠤᠵᠢᠭᠳᠠᠬᠤ ᠦᠭᠡᠢ ᠶᠢᠨ ᠲᠦᠯᠦᠭᠡ ᠦᠷᠯᠦᠭᠡ | ᠬᠤᠭᠤᠯᠠ ᠢᠳᠡᠬᠦ ᠦᠭᠡᠢ ᠪᠠᠷ ᠠᠵᠢᠯ ᠳᠠᠭᠠᠨ ᠭᠠᠷᠳᠠᠭ᠃ ᠭᠠᠷᠠᠭ ᠤᠨ ᠰᠡᠭᠦᠯᠴᠢ ᠳᠤ ᠦᠳᠡ ᠠᠶᠠᠳᠠᠲᠠᠯᠠ ᠤᠨᠲᠠᠵᠤ | ᠂ ᠦᠷᠯᠦᠭᠡ ᠶᠢᠨ ᠬᠤᠭᠤᠯᠠ ᠢᠳᠡᠯ ᠦᠭᠡᠢ ᠦᠳᠡ ᠶᠢᠨ ᠬᠤᠭᠤᠯᠠ ᠲᠠᠢ ᠵᠠᠯᠭᠠᠭᠤᠯᠳᠠᠭ᠃ | ᠦᠷᠯᠦᠭᠡ ᠶᠢᠨ ᠬᠤᠭᠤᠯᠠ ᠪᠤᠯ ᠶᠡᠭᠡ ᠲᠡᠷᠢᠬᠢᠨ ᠤ ᠠᠵᠢᠯᠯᠠᠭ᠎ᠠ ᠶᠢᠨ ᠡᠨᠧᠷᠭᠢ ᠶᠢᠨ ᠡᠬᠢ ᠰᠤᠷᠪᠤᠯᠵᠢ ᠮᠦᠨ | ᠃ ᠬᠡᠷᠪᠡ ᠦᠷᠯᠦᠭᠡ ᠬᠤᠭᠤᠯᠠ ᠢᠳᠡᠬᠦ ᠦᠭᠡᠢ ᠪᠤᠯ ᠪᠡᠶ᠎ᠡ ᠳᠡᠭᠡᠨ ᠬᠦᠷᠦᠯᠴᠡᠬᠦᠶᠢᠴᠡ ᠴᠢᠰᠤᠨ ᠰᠢᠬᠢᠷ ᠢ ᠬᠠᠩᠭᠠᠵᠤ | ᠳᠡᠶᠢᠯᠬᠦ ᠦᠭᠡᠢ ᠠᠴᠠ ᠪᠡᠶ᠎ᠡ ᠵᠦᠳᠡᠷᠡᠨ ᠵᠠᠯᠬᠠᠭᠤᠷᠠᠵᠤ᠂ ᠤᠶᠤᠨ ᠰᠠᠨᠠᠭ᠎ᠠ ᠲᠦᠪᠯᠡᠷᠡᠬᠦ ᠦᠭᠡᠢ᠂ ᠲᠤᠰᠬᠠᠯ | ᠨᠤᠵᠤᠭᠤᠨ ᠪᠤᠯᠵᠤ᠂ ᠴᠢᠨᠠᠭᠰᠢᠯᠠᠪᠠᠯ ᠴᠢᠰᠤᠨ ᠰᠢᠬᠢᠷ ᠪᠠᠭᠠᠰᠴᠤ ᠱᠤᠺ ᠪᠤᠯᠵᠤ ᠬᠡᠪ ᠤᠨ ᠠᠵᠢᠯ ᠢ ᠨᠦᠯᠦᠭᠡᠯᠡᠳᠡᠭ᠃ | ᠬᠤᠳᠤᠭᠤᠳᠤ ᠤᠷᠲᠤ ᠴᠠᠭ ᠢᠶᠠᠷ ᠦᠯᠦᠰᠬᠦᠯᠡᠩ ᠪᠠᠶᠢᠳᠠᠯ ᠳᠤ ᠪᠠᠶᠢᠳᠠᠭ ᠠᠴᠠ ᠰᠦᠰᠦᠨ ᠰᠢᠩᠭᠡᠨ ᠤ ᠱᠦᠭᠦᠷᠡᠯᠲᠡ | ᠪᠠᠭᠠᠰᠤᠭᠠᠳ ᠰᠦᠰᠦᠨ ᠤ ᠠᠯᠺᠦᠦᠯ ᠬᠤᠪᠢᠷᠠᠳᠠᠭ ᠲᠤᠯᠠ ᠡᠳᠦᠷ ᠤᠨ ᠤᠳᠠᠭᠠᠨ ᠳᠤ ᠰᠦᠰᠦᠨ ᠤ ᠴᠢᠯᠠᠭᠤᠰᠢᠷᠠᠯ | ᠪᠤᠯᠳᠠᠭ᠃ ᠬᠠᠷᠢᠨ ᠬᠤᠳᠤᠭᠤᠳᠤᠨ ᠬᠦᠴᠢᠯ ᠤᠨ ᠱᠦᠭᠦᠷᠡᠯᠲᠡ ᠠᠷᠪᠢᠳᠴᠤ᠂ ᠬᠤᠳᠤᠭᠤᠳᠤᠨ ᠦᠷᠪᠢᠰᠦᠯ᠂ | ᠬᠤᠳᠤᠭᠤᠳᠤᠨ ᠰᠢᠷᠬᠠᠯᠠᠭ᠎ᠠ ᠵᠡᠷᠭᠡ ᠶᠢᠨ ᠬᠤᠳᠤᠭᠤᠳᠤᠨ ᠡᠪᠡᠳᠴᠢᠨ ᠬᠢᠯᠪᠠᠷᠬᠠᠨ ᠡᠭᠦᠰᠬᠡᠳᠡᠭ᠃ ᠬᠡᠷᠪᠡ ᠦᠷᠭᠦᠯᠵᠢ | ᠦᠷᠯᠦᠭᠡ ᠶᠢᠨ ᠬᠤᠭᠤᠯᠠ ᠢᠳᠡᠬᠦ ᠦᠭᠡᠢ ᠪᠤᠯ ᠬᠤᠲᠤᠷᠢᠩᠬᠠᠢ ᠭᠡᠳᠡᠰᠦᠨ ᠤ ᠤᠶᠢᠯᠲᠠ ᠶᠢᠨ ᠦᠢᠯᠡᠳᠦᠯ | ᠲᠡᠩᠴᠡᠭᠦᠷᠢ ᠪᠠᠨ ᠠᠯᠳᠠᠵᠤ ᠢᠯᠭᠠᠳᠠᠰᠤ ᠬᠤᠷᠭᠤᠰᠤᠯᠠᠨ᠂ ᠡᠳᠦᠷ ᠤᠨ ᠤᠳᠠᠭᠠᠨ ᠳᠤ ᠰᠢᠮ᠎ᠡ ᠲᠡᠵᠢᠭᠡᠯ ᠮᠠᠭᠤᠲᠠᠬᠤ᠂ | ᠴᠢᠰᠤ ᠲᠤᠲᠠᠭᠳᠠᠬᠤ᠂ ᠡᠰᠡᠷᠭᠦᠴᠡᠬᠦ ᠴᠢᠳᠠᠯ ᠳᠤᠷᠤᠶᠢᠲᠠᠬᠤ ᠮᠠᠷᠢᠶᠠᠯᠠᠬᠤ ᠨᠣᠷᠮ᠎ᠠ ᠳᠡᠭᠡᠭᠰᠢᠯᠡᠬᠦ ᠵᠡᠷᠭᠡ ᠢᠯᠡᠷᠡᠯ ᠲᠠᠢ | ᠪᠤᠯᠳᠠᠭ᠃ | 3. ᠦᠳᠡ ᠳᠤ ᠭᠠᠷ ᠢᠶᠠᠨ ᠳᠠᠷᠠᠯᠠᠵᠤ ᠤᠨᠲᠠᠬᠤ | ᠭᠠᠷ ᠢᠶᠠᠨ ᠳᠠᠷᠠᠯᠠᠬᠦ ᠶᠢᠨ ᠬᠤᠤᠷ ᠬᠦᠨᠦᠭᠡᠯ ᠮᠠᠰᠢ ᠶᠡᠭᠡ ᠶᠤᠮ᠃ ᠶᠠᠭᠤᠨ ᠤ ᠤᠷᠢᠳ᠂ ᠬᠤᠭᠤᠯᠠ ᠪᠠᠨ | ᠢᠳᠡᠮᠡᠭᠴᠡ ᠭᠠᠷ ᠢᠶᠠᠨ ᠳᠡᠷᠡᠯᠡᠵᠦ ᠤᠨᠲᠠᠪᠠᠯ ᠬᠤᠳᠤᠭᠤᠳᠤᠨ ᠤ ᠰᠢᠩᠭᠡᠭᠡᠯᠲᠡ ᠶᠢᠨ ᠴᠢᠳᠠᠮᠵᠢ ᠬᠢᠯᠪᠠᠷᠬᠠᠨ | ᠨᠦᠯᠦᠭᠡᠯᠡᠭᠳᠡᠵᠦ ᠬᠤᠳᠤᠭᠤᠳᠤ ᠬᠦᠭᠡᠬᠦ ᠪᠤᠯᠤᠨ᠎ᠠ᠃ ᠳᠠᠷᠠᠭ᠎ᠠ ᠨᠢ ᠭᠠᠷ ᠢᠶᠠᠨ ᠳᠡᠷᠡᠯᠡᠵᠦ ᠤᠨᠲᠠᠬᠤ ᠨᠢ ᠨᠢᠳᠦᠨ ᠳᠤ | ᠳᠠᠷᠤᠯᠲᠠ ᠦᠵᠡᠭᠦᠯᠳᠡᠭ ᠠᠴᠠ ᠤᠳᠠᠭᠠᠨ ᠳᠠᠭᠠᠨ ᠬᠠᠷᠠᠭ᠎ᠠ ᠶᠢ ᠭᠡᠮᠲᠦᠭᠡᠬᠦ ᠶᠢᠨ ᠬᠠᠮᠲᠤ ᠴᠡᠩᠬᠡᠷ ᠬᠠᠷᠠᠩ ᠪᠤᠯᠬᠤ | ᠨᠤᠷᠮ᠎ᠠ ᠶᠢ ᠳᠡᠭᠡᠭᠰᠢᠯᠡᠭᠦᠯᠳᠡᠭ᠃ ᠨᠢᠭᠡᠨᠲᠡ ᠤᠶᠢᠷ᠎ᠠ ᠬᠠᠷᠠᠭ᠎ᠠ ᠲᠠᠢ ᠪᠤᠯᠤᠭᠰᠠᠨ ᠬᠦᠮᠦᠨ ᠳᠤ ᠦᠵᠡᠭᠦᠯᠬᠦ ᠬᠤᠤᠷ | ᠬᠦᠨᠦᠭᠡᠯ ᠨᠢ ᠨᠡᠩ ᠶᠡᠭᠡ ᠶᠤᠮ᠃ ᠲᠠᠬᠢᠪᠠᠯ ᠭᠠᠷ ᠢᠶᠠᠨ ᠳᠡᠷᠡᠯᠡᠵᠦ ᠤᠨᠲᠠᠬᠤ ᠨᠢ ᠴᠢᠰᠤᠨ ᠤ ᠬᠡᠪ ᠤᠨ ᠡᠷᠭᠢᠯᠲᠡ ᠪᠠ | ᠮᠡᠳᠡᠷᠡᠯ ᠤᠨ ᠳᠠᠮᠵᠢᠬᠤ ᠶᠢ ᠨᠦᠯᠦᠭᠡᠯᠡᠵᠦ᠂ ᠳᠠᠷᠢᠬᠢᠨ ᠳᠤ ᠴᠢᠰᠤ ᠲᠤᠲᠠᠭᠳᠠᠬᠤ ᠶᠢ ᠬᠦᠨᠳᠦᠷᠡᠭᠦᠯᠵᠦ᠂ | ᠡᠴᠦᠰ ᠲᠡᠭᠡᠨ ᠲᠤᠯᠤᠭᠠᠢ ᠡᠷᠭᠢᠬᠦ᠂ ᠴᠢᠬᠢ ᠬᠠᠩᠭᠢᠨᠠᠬᠤ᠂ ᠬᠦᠯ ᠮᠢᠨᠴᠦᠷᠡᠬᠦ ᠵᠡᠷᠭᠡ ᠡᠪᠡᠳᠴᠢᠨ ᠤ ᠰᠢᠨᠵᠢ ᠶᠢ ᠪᠤᠢ | ᠪᠤᠯᠭᠠᠳᠠᠭ᠃ ᠦᠳᠡ ᠶᠢᠨ ᠤᠨᠲᠠᠯᠭ᠎ᠠ ᠶᠢᠨ ᠵᠦᠪ ᠠᠷᠭ᠎ᠠ ᠪᠤᠯ ᠬᠤᠭᠤᠯᠠ ᠢᠳᠡᠭᠰᠡᠨ ᠤ ᠳᠠᠷᠠᠭ᠎ᠠ ᠵᠢᠭᠠᠬᠠᠨ ᠠᠮᠠᠷᠠᠵᠤ | ᠠᠪᠤᠭᠠᠳ ᠨᠢᠮᠭᠡᠨ ᠬᠦᠨᠵᠢᠯᠡ ᠨᠦᠮᠦᠷᠴᠦ ᠬᠡᠪᠲᠡᠭᠡᠳ ᠬᠠᠭᠠᠰ ᠴᠠᠭ ᠤᠨᠲᠠᠪᠠᠯ ᠬᠠᠮᠤᠭ ᠰᠠᠶᠢᠨ ᠪᠠᠶᠢᠳᠠᠭ᠃ | 4. ᠬᠦᠯᠦᠰᠦ ᠭᠠᠷᠴᠤ ᠬᠦᠯᠦᠷᠡᠴᠢᠬᠡᠭᠡᠳ ᠪᠠᠷᠢᠨ ᠪᠡᠶ᠎ᠡ ᠪᠠᠨ ᠤᠭᠢᠶᠠᠬᠤ | ᠤᠯᠠᠩᠬᠢ ᠬᠦᠮᠦᠰ ᠪᠡᠶ᠎ᠡ ᠶᠢᠨ ᠲᠠᠮᠢᠷ ᠬᠢᠵᠦ ᠬᠦᠯᠦᠰᠦ ᠭᠠᠷᠴᠤ ᠬᠦᠯᠦᠷᠡᠴᠢᠬᠡᠪᠡᠯ ᠲᠡᠷᠡ ᠳᠤᠤᠷ᠎ᠠ ᠨᠢ | ᠪᠡᠶ᠎ᠡ ᠪᠠᠨ ᠤᠭᠢᠶᠠᠵᠤ ᠰᠡᠷᠢᠭᠦᠴᠡᠬᠦ ᠶᠢ ᠪᠤᠳᠤᠳᠠᠭ᠃ ᠡᠨᠡ ᠨᠢ ᠪᠡᠶ᠎ᠡ ᠶᠢᠨ ᠡᠷᠡᠭᠦᠯ ᠮᠡᠨᠳᠦ ᠳᠤ ᠠᠰᠢᠭ ᠦᠭᠡᠢ ᠶᠤᠮ᠃ | ᠪᠡᠶ᠎ᠡ ᠶᠢᠨ ᠲᠠᠮᠢᠷ ᠬᠢᠵᠦ ᠬᠦᠯᠦᠰᠦ ᠭᠠᠷᠪᠠᠯ ᠪᠡᠶ᠎ᠡ ᠶᠢᠨ ᠢᠯᠴᠢ ᠴᠦ ᠨᠡᠮᠡᠭᠳᠡᠳᠡᠭ᠃ ᠲᠡᠭᠡᠭᠡᠳ ᠪᠡᠶ᠎ᠡ ᠶᠢᠨ | ᠢᠯᠴᠢ ᠶᠢ ᠰᠠᠷᠨᠢᠭᠤᠯᠬᠤ ᠪᠠᠷ ᠴᠢᠰᠤᠨ ᠤ ᠡᠷᠭᠢᠯᠲᠡ ᠲᠦᠷᠭᠡᠰᠴᠦ᠂ ᠰᠢᠷ᠎ᠠ ᠦᠰᠦᠨ ᠤ ᠰᠦᠪᠡ ᠶᠡᠬᠡᠪᠡᠷ | ᠨᠡᠭᠡᠭᠡᠭᠳᠡᠳᠡᠭ᠃ ᠬᠡᠷᠪᠡ ᠡᠨᠡ ᠦᠶ᠎ᠡ ᠳᠤ ᠬᠦᠢᠲᠡᠨ ᠤᠰᠤ ᠪᠠᠷ ᠪᠡᠶ᠎ᠡ ᠪᠠᠨ ᠤᠭᠢᠶᠠᠪᠠᠯ ᠴᠢᠰᠤᠨ ᠰᠤᠳᠠᠯ ᠳᠤᠤᠷ᠎ᠠ ᠪᠠᠨ | ᠠᠪᠴᠢᠵᠤ᠂ ᠴᠢᠰᠤᠨ ᠤ ᠡᠷᠭᠢᠯᠲᠡ ᠬᠠᠷᠰᠢᠯᠠᠭᠳᠠᠬᠤ ᠪᠠᠷ ᠪᠠᠷᠠᠬᠤ ᠦᠭᠡᠢ ᠪᠠᠰᠠ ᠪᠡᠶ᠎ᠡ ᠶᠢᠨ ᠬᠠᠶᠠᠭᠳᠠᠮᠠᠯ ᠪᠤᠳᠠᠰ ᠢ | ᠭᠠᠳᠠᠭᠰᠢᠯᠠᠭᠤᠯᠬᠤ ᠳᠤ ᠠᠰᠢᠭ ᠦᠭᠡᠢ ᠪᠠᠶᠢᠳᠠᠭ ᠪᠦᠭᠡᠳ ᠭᠡᠨᠡᠳᠲᠡ ᠵᠢᠩᠭᠢᠨᠠᠵᠤ ᠬᠢᠮᠤᠷᠠᠭ᠎ᠠ ᠲᠠᠭᠰᠢᠭᠤᠷ ᠲᠤ | ᠨᠡᠷᠪᠡᠭᠳᠡᠭᠦᠯᠳᠡᠭ᠃ ᠬᠠᠯᠠᠭᠤᠨ ᠤᠰᠤ ᠪᠠᠷ ᠤᠭᠢᠶᠠᠪᠠᠯ ᠠᠷᠠᠰᠤᠨ ᠤ ᠴᠢᠰᠤᠨ ᠤᠷᠤᠰᠬᠠᠯ ᠢ ᠨᠡᠮᠡᠭᠳᠡᠭᠦᠯᠵᠦ᠂ ᠵᠢᠷᠦᠬᠡ᠂ | ᠲᠠᠷᠢᠬᠢᠨ ᠤ ᠴᠢᠰᠤᠨ ᠤ ᠬᠠᠩᠭᠠᠯᠭ᠎ᠠ ᠶᠢ ᠨᠦᠯᠦᠭᠡᠯᠡᠨ᠎ᠡ᠃ ᠤᠰᠤ ᠨᠢ ᠬᠡᠲᠦ ᠬᠠᠯᠠᠭᠤᠨ ᠪᠤᠯ ᠮᠠᠨᠠᠷᠠᠵᠤ ᠴᠦ ᠮᠡᠳᠡᠬᠦ | ᠶᠤᠮ᠃ | ᠲᠠᠮᠢᠷ ᠤᠨ ᠬᠦᠳᠡᠯᠭᠡᠭᠡᠨ ᠬᠢᠵᠦ ᠪᠠᠷᠠᠭᠠᠳ ᠪᠡᠶ᠎ᠡ ᠪᠠᠨ ᠤᠭᠢᠶᠠᠶᠠ ᠭᠡᠪᠡᠯ 30 ᠮᠢᠨᠦ᠋ᠲ ᠠᠮᠠᠷᠠᠭᠰᠠᠨ ᠤ | ᠳᠠᠷᠠᠭ᠎ᠠ ᠬᠦᠯᠦᠰᠦ ᠪᠠᠨ ᠰᠡᠪᠬᠢᠭᠡᠳ ᠪᠡᠶ᠎ᠡ ᠪᠠᠨ ᠤᠭᠢᠶᠠᠪᠠᠯ ᠰᠠᠶᠢᠨ᠃ | 5. ᠳ᠋ᠧᠩ ᠢᠶᠠᠨ ᠤᠨᠲᠠᠷᠠᠭᠠᠴᠢᠬᠠᠭᠠᠳ ᠭᠠᠷ ᠤᠲᠠᠰᠤ ᠪᠠᠷ ᠲᠤᠭᠯᠠᠬᠤ | ᠤᠶᠤᠨᠲᠤ ᠭᠠᠷ ᠤᠲᠠᠰᠤ ᠲᠦᠭᠡᠮᠡᠯᠵᠢᠭᠰᠡᠨ ᠠᠴᠠ ᠤᠷᠤᠢ ᠤᠨᠲᠠᠬᠤ ᠨᠢ ᠤᠳᠤ ᠶᠢᠨ ᠬᠦᠮᠦᠰ ᠤᠨ | ᠳᠠᠳᠬᠠᠯ ᠪᠤᠯᠴᠢᠬᠠᠵᠠᠢ᠃ ᠬᠡᠪᠲᠡᠵᠦ ᠪᠠᠶᠢᠭᠠᠳ ᠭᠠᠷ ᠤᠲᠠᠰᠤ ᠪᠠᠷ ᠲᠤᠭᠯᠠᠬᠤ ᠨᠢ ᠨᠢᠭᠡ ᠳᠤ ᠬᠦᠵᠦᠭᠦᠦ ᠰᠡᠭᠡᠷ | ᠪᠤᠯᠤᠨ ᠨᠢᠳᠦ ᠶᠢ ᠭᠡᠮᠲᠦᠭᠡᠨ᠎ᠡ᠃ ᠬᠤᠶᠠᠷ ᠲᠤ᠂ ᠭᠠᠷ ᠤᠲᠠᠰᠤᠨ ᠤ ᠰᠠᠴᠤᠷᠠᠭ ᠭᠡᠷᠡᠯ ᠨᠢ ᠡᠳᠦᠷ ᠤᠨ ᠤᠳᠠᠭᠠᠨ ᠳᠤ | ᠬᠦᠮᠦᠨ ᠤ ᠪᠡᠶ᠎ᠡ ᠶᠢᠨ ᠦᠯᠦ ᠬᠠᠯᠳᠠᠭᠠᠬᠤ ᠴᠢᠳᠠᠪᠤᠷᠢ ᠶᠢ ᠳᠤᠷᠤᠶᠢᠲᠠᠭᠤᠯᠵᠤ ᠶᠠᠳᠠᠷᠠᠵᠤ ᠴᠢᠯᠡᠨ ᠲᠤᠲᠤᠷ | ᠳᠤᠷᠠᠪᠠᠯᠵᠠᠬᠤ ᠮᠡᠲᠦ ᠶᠢᠨ ᠢᠯᠡᠷᠡᠯ ᠭᠠᠷᠬᠤ ᠪᠠᠷ ᠪᠠᠷᠠᠬᠤ ᠦᠭᠡᠢ ᠪᠠᠰᠠ ᠤᠶᠤᠨ ᠴᠢᠳᠠᠪᠤᠷᠢ ᠶᠢ ᠮᠠᠭᠤᠲᠠᠭᠤᠯᠵᠤ | ᠠᠷᠠᠰᠤ ᠶᠢ ᠰᠢᠷᠦᠭᠦᠨ ᠠᠷᠵᠠᠭᠠᠷ ᠪᠤᠯᠭᠠᠳᠠᠭ᠃ | |