| ᠵᠢᠷᠦᠬᠡ ᠮᠠᠭᠤᠲᠠᠬᠤ ᠭᠡᠳᠡᠭ ᠨᠢ ᠳᠠᠷᠤᠢ ᠵᠢᠷᠦᠬᠡᠨ ᠲᠠᠮᠢᠷ ᠮᠠᠭᠤᠵᠢᠷᠠᠬᠤ ᠶᠠᠪᠤᠳᠠᠯ ᠪᠤᠯᠤᠨ᠎ᠠ᠂ | ᠡᠪᠡᠳᠴᠢᠲᠡᠨ ᠤ ᠵᠢᠷᠦᠬᠡ ᠨᠢ ᠶᠠᠭ ᠯᠠ ᠬᠠᠷᠢᠮᠠᠬᠠᠢ ᠴᠢᠨᠠᠷ ᠢᠶᠠᠨ ᠠᠯᠳᠠᠭᠰᠠᠨ ᠵᠢᠶᠤᠤᠫᠢ ᠪᠦᠮᠪᠦᠭᠡ ᠮᠡᠲᠦ ᠪᠤᠯᠤᠭᠠᠳ᠂ | ᠬᠦᠷᠦᠯᠴᠡᠬᠦᠶᠢᠴᠡ ᠴᠢᠰᠤ ᠶᠢ ᠡᠷᠬᠡᠲᠡᠨ ᠪᠠ ᠨᠡᠭᠡᠳᠡᠰᠦᠨ ᠳᠤ ᠬᠦᠭᠡᠷᠭᠡᠳᠡᠨ ᠦᠭᠴᠦ ᠴᠢᠳᠠᠬᠤ ᠪᠠᠨ ᠪᠤᠯᠢᠬᠤ ᠶᠢᠨ | ᠬᠠᠮᠲᠤᠳᠠ ᠡᠷᠬᠡᠲᠡᠨ ᠬᠢᠭᠡᠳ ᠨᠡᠭᠡᠳᠡᠰᠦᠨ ᠲᠤᠲᠤᠷᠠᠬᠢ ᠴᠢᠰᠤ ᠨᠢ ᠰᠢᠭᠤᠳ ᠰᠢᠯᠤᠭᠤᠨ ᠢᠶᠠᠷ ᠪᠤᠴᠠᠵᠤ ᠳᠡᠶᠢᠯᠬᠦ | ᠦᠭᠡᠢ ᠪᠤᠯᠵᠤ᠂ ᠡᠭᠦᠨ ᠤ ᠤᠯᠠᠮ ᠠᠴᠠ ᠡᠷᠬᠡᠲᠡᠨ ᠨᠦᠭᠦᠳ ᠴᠢᠰᠤ ᠬᠦᠴᠢᠯᠳᠦ᠋ᠷᠦᠭᠴᠢ ᠲᠤᠲᠠᠭᠳᠠᠬᠤ ᠪᠠ | ᠠᠵᠢᠯᠯᠠᠭᠠᠨ ᠤ ᠰᠠᠭᠠᠲᠠᠯ ᠪᠤᠢ ᠪᠤᠯᠳᠠᠭ ᠪᠠᠶᠢᠨ᠎ᠠ᠃ ᠵᠢᠷᠦᠬᠡ ᠮᠠᠭᠤᠲᠠᠬᠤ ᠨᠢ ᠡᠯ᠎ᠡ ᠵᠦᠢᠯ ᠤᠨ ᠵᠢᠷᠦᠬᠡᠨ | ᠡᠪᠡᠳᠴᠢᠨ ᠤ ᠬᠦᠨᠳᠦᠷᠡᠵᠦ ᠪᠠᠶᠢᠬᠤ ᠪᠠ ᠰᠡᠭᠦᠯᠴᠢ ᠶᠢᠨ ᠱᠠᠲᠤ ᠦᠶ᠎ᠡ ᠪᠤᠯᠵᠤ᠂ ᠡᠪᠡᠳᠴᠢᠯᠡᠬᠦ ᠨᠤᠷᠮ᠎ᠠ ᠦᠨᠳᠦᠷ᠂ | 70 ᠨᠠᠰᠤᠨ ᠠᠴᠠ ᠳᠡᠭᠡᠭᠰᠢᠬᠢ ᠨᠠᠰᠤᠲᠠᠨ ᠤ 10% ᠤᠷᠴᠢᠮ ᠢ ᠡᠵᠡᠯᠡᠳᠡᠭ᠃ ᠵᠢᠷᠦᠬᠡ ᠮᠠᠭᠤᠲᠠᠬᠤ ᠪᠤᠯ ᠨᠢᠭᠡᠨ | ᠵᠦᠢᠯ ᠤᠨ ᠳᠠᠪᠰᠢᠮᠠᠯ ᠴᠢᠨᠠᠷᠲᠠᠢ ᠡᠪᠡᠳᠴᠢᠨ ᠪᠤᠯᠤᠨ᠎ᠠ᠂ ᠡᠪᠡᠳᠴᠢᠨ ᠤ ᠪᠠᠶᠢᠳᠠᠯ ᠢ ᠬᠡᠳᠦᠢ ᠡᠷᠲᠡ ᠮᠡᠳᠡᠵᠦ ᠬᠡᠳᠦᠢ | ᠡᠷᠲᠡ ᠵᠠᠰᠠᠪᠠᠯ ᠦᠷ᠎ᠡ ᠳ᠋ᠦᠩ ᠨᠢ ᠲᠡᠳᠦᠢ ᠰᠠᠶᠢᠨ ᠪᠤᠯᠳᠠᠭ᠃ ᠡᠬᠢᠨ ᠤ ᠦᠶ᠎ᠡ ᠶᠢᠨ ᠵᠢᠷᠦᠬᠡ ᠮᠠᠭᠤᠲᠠᠬᠤ ᠡᠪᠡᠳᠴᠢᠨ | ᠨᠢ ᠳᠤᠤᠷᠠᠬᠢ ᠮᠡᠲᠦ ᠭᠤᠷᠪᠠᠨ ᠵᠦᠢᠯ ᠤᠨ ᠰᠢᠨᠵᠢ ᠪᠠᠶᠢᠳᠠᠯ ᠲᠠᠢ ᠪᠠᠶᠢᠳᠠᠭ᠄ | 1. ᠵᠡᠭᠡᠯᠢ ᠭᠤᠳᠤᠮᠵᠢ ᠶᠢᠨ ᠪᠦᠵᠢᠭ ᠪᠦᠵᠢᠭᠯᠡᠬᠦ ᠲᠡᠩᠬᠡᠭᠡ ᠲᠠᠮᠢᠷ ᠴᠦ ᠦᠭᠡᠢ ᠪᠤᠯᠤᠨ᠎ᠠ᠃ ᠡᠨᠡ ᠪᠤᠯ | ᠨᠢᠭᠡ ᠵᠦᠢᠯ ᠤᠨ ᠵᠦᠢ ᠵᠤᠬᠢᠰᠲᠠᠢ ᠳᠦᠷᠰᠦᠯᠡᠯ ᠪᠤᠯᠬᠤ ᠶᠤᠮ᠃ ᠡᠭᠦᠨ ᠢ ᠶᠠᠳᠠᠷᠠᠬᠤ ᠪᠤᠶᠤ ᠤᠷᠮ᠎ᠠ ᠰᠡᠳᠬᠢᠯᠭᠡ | ᠬᠦᠭᠡᠷᠬᠦ ᠦᠶ᠎ᠡ ᠳᠤ ᠠᠮᠢᠰᠬᠤᠭᠠᠳᠠᠬᠤ᠂ ᠲᠡᠭᠰᠢᠬᠡᠨ ᠬᠡᠪᠲᠡᠵᠦ ᠳᠡᠶᠢᠯᠬᠦ ᠦᠭᠡᠢ ᠤᠨᠴᠠᠭᠠᠢ ᠲᠠᠮᠢᠷᠳᠠᠬᠤ ᠵᠡᠷᠭᠡ ᠪᠠᠷ | ᠲᠠᠶᠢᠯᠪᠤᠷᠢᠯᠠᠵᠤ ᠪᠤᠯᠤᠨ᠎ᠠ᠃ | 2. ᠵᠢᠷᠦᠬᠡᠨ ᠴᠤᠬᠢᠯᠭ᠎ᠠ ᠨᠢ ᠪᠠᠰᠠ ︽ᠡᠷᠦᠢ ᠬᠤᠷᠤᠢ ᠦᠭᠡᠢ︾ ᠪᠤᠯᠤᠨ᠎ᠠ᠃ ᠦᠩᠭᠡᠷᠡᠭᠰᠡᠨ ᠳᠡᠭᠡᠨ | ᠵᠢᠷᠦᠬᠡ ᠴᠢᠰᠤᠨ ᠰᠤᠳᠠᠯ ᠤᠨ ᠡᠪᠡᠳᠴᠢᠨ ᠲᠠᠢ ᠡᠪᠡᠳᠴᠢᠲᠡᠨ ᠤ ᠪᠡᠶ᠎ᠡ ᠪᠠᠶᠢᠴᠠᠭᠠᠯᠲᠠ ᠠᠴᠠ ᠤᠯᠵᠤ ᠮᠡᠳᠡᠭᠰᠡᠨ | ᠵᠢᠷᠦᠬᠡᠨ ᠤ ᠴᠠᠬᠢᠯᠭᠠᠨ ᠵᠢᠷᠤᠭ ᠬᠢᠭᠡᠳ ᠵᠢᠷᠦᠬᠡᠨ ᠤ ᠪᠤᠳᠤᠭᠲᠤ ᠬᠡᠲᠦ ᠳᠤᠯᠭᠢᠶᠠᠨ ᠤ ᠵᠢᠷᠤᠭ ᠨᠢ ᠬᠡᠪ ᠤᠨ ᠪᠤᠰᠤ | ᠪᠠᠶᠢᠳᠠᠭ ᠪᠠ ᠪᠠᠰᠠ ᠠᠮᠢᠰᠬᠤᠭ᠎ᠠ ᠴᠢᠬᠤᠯᠳᠠᠬᠤ ᠪᠠ ᠲᠠᠮᠢᠷᠳᠠᠬᠤ ᠡᠪᠡᠳᠴᠢᠨ ᠤ ᠰᠢᠨᠵᠢ ᠪᠠᠶᠢᠳᠠᠯ ᠭᠠᠷᠬᠤ ᠦᠶ᠎ᠡ ᠳᠤ | ᠡᠷᠲᠡᠬᠡᠨ ᠵᠢᠷᠦᠬᠡ ᠴᠢᠰᠤᠨ ᠰᠤᠳᠠᠯ ᠤᠨ ᠲᠤᠰᠬᠠᠢ ᠰᠠᠯᠠᠭᠠᠨ ᠳᠤ ᠦᠵᠡᠭᠦᠯᠪᠡᠯ ᠵᠤᠬᠢᠨ᠎ᠠ᠃ | 3. ᠱᠠᠬᠠᠢ ᠲᠠᠭᠠᠷᠠᠬᠤ ᠪᠠᠨ ᠪᠤᠯᠢᠨ᠎ᠠ᠃ ᠠᠮᠢᠳᠤᠷᠠᠯ ᠤᠨ ᠳᠤᠮᠳᠠ ᠵᠠᠷᠢᠮ ᠨᠢᠭᠡᠨ ᠨᠠᠷᠢᠨ ᠶᠠᠪᠤᠳᠠᠯ | ᠳᠡᠭᠡᠷ᠎ᠡ ᠠᠴᠠ ᠵᠢᠷᠦᠬᠡ ᠮᠠᠭᠤᠲᠠᠵᠤ ᠪᠠᠶᠢᠬᠤ ᠶᠢ ᠤᠯᠵᠤ ᠮᠡᠳᠡᠵᠦ ᠪᠤᠯᠳᠠᠭ᠃ ᠵᠢᠱᠢᠶᠡᠯᠡᠪᠡᠯ᠄ ᠱᠠᠬᠠᠢ ᠨᠢᠭᠡ ᠯᠡ | ᠴᠠᠭ ᠢᠶᠠᠷ ᠬᠦᠯ ᠳᠤ ᠤᠷᠤᠬᠤ ᠪᠠᠨ ᠪᠤᠯᠢᠬᠤ᠂ ᠨᠤᠶᠢᠷ ᠬᠤᠯᠵᠢᠬᠤ᠂ ᠤᠨᠲᠠᠬᠤ ᠶᠢᠨ ᠦᠶ᠎ᠡ ᠳᠤ ᠦᠨᠳᠦᠷ ᠳᠡᠷᠡ | ᠳᠡᠷᠡᠯᠡᠬᠦ ᠴᠢᠬᠤᠯᠠᠲᠠᠢ ᠪᠤᠯᠬᠤ᠂ ᠦᠷᠭᠦᠯᠵᠢᠳᠡ ᠵᠤᠭᠰᠤᠯᠲᠠ ᠦᠭᠡᠢ ᠬᠠᠨᠢᠶᠠᠯᠭᠠᠬᠤ ᠵᠡᠷᠭᠡ ᠪᠠᠶᠢᠳᠠᠯ ᠭᠠᠷᠪᠠᠯ ᠠᠯᠢ | ᠴᠢᠳᠠᠬᠤ ᠪᠠᠷ ᠡᠷᠲᠡᠬᠡᠨ ᠡᠮᠴᠢ ᠪᠠᠷ ᠦᠵᠡᠭᠦᠯᠬᠦ ᠬᠡᠷᠡᠭᠲᠡᠢ᠃ |