ᠨᠤᠶᠢᠷ ᠲᠤ ᠬᠠᠷᠰᠢ 6 ᠲᠦᠷᠦᠯ ᠤᠨ ᠢᠳᠡᠭᠡᠨ
ᠨᠡᠶᠢᠲᠡᠯᠡᠭᠰᠡᠨ ᠴᠠᠭ᠄
2017-03-30
       ᠢᠳᠡᠭᠡᠨ ᠤᠮᠳᠠᠭᠠᠨ ᠬᠢᠭᠡᠳ ᠨᠤᠶᠢᠷ ᠨᠢᠭᠲᠠ ᠬᠤᠯᠪᠤᠭ᠎ᠠ ᠲᠠᠢ ᠪᠠᠶᠢᠳᠠᠭ᠂ ᠤᠷᠤᠢ ᠶᠢᠨ ᠬᠤᠭᠤᠯᠠ ᠪᠤᠶᠤ ᠤᠨᠲᠠᠬᠤ ᠠᠴᠠ ᠡᠮᠦᠨᠡᠬᠢ ᠰᠤᠯᠠ ᠢᠳᠡᠭᠡᠨ ᠴᠦ ᠨᠤᠶᠢᠷ ᠢ ᠴᠢᠨᠢ ᠬᠠᠷᠰᠢᠯᠠᠵᠤ ᠮᠡᠳᠡᠨ᠎ᠡ᠃ ᠤᠶᠢᠷ᠎ᠠ ᠳᠤ᠂ ᠠᠮᠧᠷᠢᠺᠡ ᠶᠢᠨ ᠡᠷᠡᠭᠦᠯᠵᠢᠯ ᠤᠨ ᠰᠦᠯᠵᠢᠶ᠎ᠡ 396 ᠺᠠᠨᠠᠳᠠ ᠶᠢᠨ ᠤᠶᠤᠲᠠᠨ ᠳᠤ ᠬᠤᠯᠪᠤᠭᠳᠠᠭᠰᠠᠨ ᠰᠤᠳᠤᠯᠭᠠᠨ ᠬᠢᠵᠡᠢ᠂ ᠰᠤᠳᠤᠯᠭᠠᠲᠠᠳ ᠲᠡᠳᠡᠨ ᠤ ᠬᠤᠶᠠᠷ ᠭᠠᠷᠠᠭ ᠤᠨ ᠲᠤᠲᠤᠷᠠᠬᠢ ᠡᠳᠦᠷ ᠪᠦᠷᠢ ᠶᠢᠨ ᠬᠤᠭᠤᠯᠠ ᠤᠮᠳᠠᠭᠠᠨ ᠬᠢᠭᠡᠳ ᠨᠤᠶᠢᠷ ᠤᠨ ᠴᠢᠨᠠᠷᠵᠢᠯ ᠤᠨ ᠬᠤᠭᠤᠷᠤᠨᠳᠤᠬᠢ ᠬᠠᠷᠢᠴᠠᠭ᠎ᠠ ᠳᠤ ᠵᠠᠳᠠᠯᠤᠯᠲᠠ ᠬᠢᠬᠦ ᠶᠢᠨ ᠬᠠᠮᠲᠤ ᠨᠤᠶᠢᠷ ᠢ ᠬᠠᠷᠰᠢᠯᠠᠬᠤ᠂ ᠠᠷᠪᠢᠨ ᠵᠡᠭᠦᠳᠦᠯᠡᠭᠦᠯᠵᠦ ᠮᠡᠳᠡᠬᠦ ᠢᠳᠡᠭᠡᠨ ᠤ ᠨᠠᠷᠢᠨ ᠳᠠᠩᠰᠠ ᠶᠢ ᠡᠮᠬᠢᠯᠡᠵᠡᠢ᠃        ᠠᠷᠢᠬᠢ᠄ ᠤᠨᠲᠠᠬᠤ ᠠᠴᠠ ᠡᠮᠦᠨ᠎ᠡ ᠠᠷᠢᠬᠢ ᠤᠤᠭᠤᠪᠠᠯ ᠬᠦᠮᠦᠨ ᠭᠦᠨ ᠨᠤᠶᠢᠷ ᠲᠤ ᠤᠷᠤᠵᠤ ᠳᠡᠶᠢᠯᠳᠡᠭ ᠦᠭᠡᠢ ᠮᠦᠷᠲᠡᠭᠡᠨ ᠳᠠᠷᠤᠯᠲᠠ ᠲᠠᠢ ᠵᠡᠭᠦᠳᠦ ᠵᠡᠭᠦᠳᠦᠯᠡᠳᠡᠭ᠃        ᠨᠡᠭᠦᠷᠡᠰᠦᠨ ᠬᠦᠴᠢᠯ ᠲᠠᠢ ᠤᠮᠳᠠᠭᠠᠨ᠄ ᠲᠤᠰ ᠤᠮᠳᠠᠭᠠᠨ ᠳᠤ ᠺᠤᠹᠧᠶ᠋ᠢᠨ ᠪᠠ ᠰᠢᠬᠢᠷ ᠠᠭᠤᠯᠤᠭᠳᠠᠳᠠᠭ ᠲᠤᠯᠠ ᠤᠨᠲᠠᠬᠤ ᠠᠴᠠ ᠡᠮᠦᠨ᠎ᠡ ᠤᠤᠭᠤᠪᠠᠯ ᠬᠠᠷ᠎ᠠ ᠳᠠᠷᠤᠭᠤᠯᠳᠠᠭ᠃        ᠬᠠᠭᠤᠷᠠᠢ ᠪᠤᠤᠪᠤ ᠪᠠ ᠦᠨᠳᠡᠭᠡᠲᠦ ᠪᠤᠭᠤᠷᠰᠤᠭ᠄ ᠡᠳᠡᠭᠡᠷ ᠢ ᠢᠳᠡᠭᠰᠡᠨ ᠲᠤᠷᠰᠢᠯᠲᠠ ᠳᠤ ᠤᠷᠤᠯᠴᠠᠭᠴᠢᠳ ᠤᠨ 31% ᠨᠢ ᠡᠯᠳᠡᠪ ᠤᠨ ᠮᠠᠭᠤ ᠵᠡᠭᠦᠳᠦ ᠵᠡᠭᠦᠳᠦᠯᠡᠪᠡ ᠭᠡᠵᠦ ᠮᠡᠳᠡᠭᠦᠯᠵᠡᠢ᠃        ᠭᠤᠯᠢᠷ ᠬᠤᠭᠤᠯᠠ ᠪᠠ ᠮᠢᠶᠠᠨᠪᠤᠤ᠄ ᠮᠦᠨ ᠡᠯᠳᠡᠪ ᠢᠶᠠᠷ ᠵᠡᠭᠦᠳᠦᠯᠡᠭᠦᠯᠦᠨ᠎ᠡ᠃        ᠲᠦᠮᠦᠰᠦᠨ ᠬᠠᠭᠰᠠᠭᠠᠮᠠᠯ ᠪᠠ ᠰᠢᠷᠠᠭᠰᠠᠨ ᠲᠠᠬᠢᠶ᠎ᠠ᠄ ᠡᠳᠡᠭᠡᠷ ᠲᠤᠰᠤᠯᠢᠭ ᠢᠳᠡᠭᠡᠨ ᠨᠢ ᠰᠢᠩᠭᠡᠭᠡᠯᠲᠡ ᠶᠢ ᠨᠦᠯᠦᠭᠡᠯᠡᠨ᠎ᠡ᠂ ᠨᠤᠶᠢᠷ ᠢ ᠬᠠᠷᠰᠢᠯᠠᠳᠠᠭ᠃        ᠯᠠᠵᠤᠤ᠄ ᠭᠤᠱᠤᠭᠤᠨ ᠢᠳᠡᠭᠡᠨ ᠨᠤᠶᠢᠷ ᠢ ᠬᠠᠷᠰᠢᠯᠠᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号