ᠠᠷᠪᠠᠨ ᠬᠠᠮᠤᠭ ᠲᠤᠬᠢᠷᠠᠮᠵᠢᠲᠠᠢ ᠴᠠᠭ
ᠨᠡᠶᠢᠲᠡᠯᠡᠭᠰᠡᠨ ᠴᠠᠭ᠄
2017-11-06
       1. ᠭᠤᠶᠤᠯᠠᠯ ᠬᠢᠬᠦ ᠬᠠᠮᠤᠭ ᠲᠤᠬᠢᠷᠠᠮᠵᠢᠲᠠᠢ ᠴᠠᠭ        ᠬᠦᠮᠦᠨ ᠤ ᠪᠡᠶ᠎ᠡ ᠶᠢᠨ ᠰᠢᠨ᠎ᠡ ᠬᠠᠭᠤᠴᠢᠨ ᠤ ᠰᠤᠯᠢᠯᠴᠠᠭ᠎ᠠ ᠶᠠᠪᠤᠭᠳᠠᠬᠤ ᠨᠢ 0 ᠴᠠᠭ ᠠᠴᠠ ᠦᠷᠯᠦᠭᠡ ᠶᠢᠨ 6 ᠴᠠᠭ ᠲᠤ ᠬᠠᠮᠤᠭ ᠤᠨ ᠬᠦᠭᠵᠢᠶᠡᠨᠲᠡᠢ ᠪᠠᠶᠢᠳᠠᠭ᠃ ᠤᠷᠤᠢ ᠤᠨᠳᠠᠬᠤ ᠦᠶ᠎ᠡ ᠳᠤ ᠬᠡᠷᠡᠭᠯᠡᠭᠰᠡᠨ ᠭᠤᠶᠤᠯᠠᠯ ᠤᠨ ᠡᠳ᠋ ᠶᠠᠭ ᠡᠨᠡ ᠦᠶ᠎ᠡ ᠳᠤ ᠦᠢᠯᠡᠳᠦᠯ ᠢᠶᠠᠨ ᠪᠠᠳᠠᠷᠠᠭᠤᠯᠵᠤ᠂ ᠠᠷᠠᠰᠤᠨ ᠤ ᠰᠢᠨ᠎ᠡ ᠬᠠᠭᠤᠴᠢᠨ ᠤ ᠰᠤᠯᠢᠯᠴᠠᠭ᠎ᠠ ᠶᠢ ᠠᠬᠢᠭᠤᠯᠵᠤ᠂ ᠠᠷᠠᠰᠤ ᠶᠢ ᠬᠠᠮᠠᠭᠠᠯᠠᠬᠤ ᠦᠢᠯᠡᠳᠦᠯ ᠲᠠᠢ᠃        2. ᠨᠠᠷᠠᠨ ᠳᠤ ᠡᠭᠡᠭᠡᠭᠦ ᠬᠠᠮᠤᠭ ᠲᠤᠬᠢᠷᠠᠮᠵᠢᠲᠠᠢ ᠴᠠᠭ        ᠦᠷᠯᠦᠭᠡ ᠶᠢᠨ 8-10 ᠴᠠᠭ ᠪᠤᠶᠤ ᠦᠳᠡ ᠶᠢᠨ ᠬᠤᠶᠢᠨ᠎ᠠ ᠶᠢᠨ 4-7 ᠴᠠᠭ ᠲᠤ ᠨᠠᠷᠠᠨ ᠳᠤ ᠪᠡᠶ᠎ᠡ ᠪᠠᠨ ᠡᠭᠡᠭᠡᠬᠦ ᠨᠢ ᠬᠠᠮᠤᠭ ᠲᠤᠬᠢᠷᠠᠮᠵᠢᠲᠠᠢ ᠶᠤᠮ᠃ ᠡᠨᠡ ᠦᠶ᠎ᠡ ᠳᠤ ᠨᠠᠷᠠᠨ ᠤ ᠲᠤᠰᠤᠯᠲᠠ ᠬᠠᠮᠤᠭ ᠰᠠᠶᠢᠨ ᠦᠶ᠎ᠡ ᠪᠤᠯᠬᠤᠷ ᠬᠦᠮᠦᠨ ᠤ ᠪᠡᠶ᠎ᠡ ᠶᠢᠨ ᠸᠢᠲ᠋ᠠᠮᠢᠨ D ᠪᠦᠷᠢᠯᠳᠦᠭᠦᠯᠬᠦ ᠳᠤ ᠲᠤᠬᠢᠷᠠᠮᠵᠢᠲᠠᠢ᠃ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠨᠡᠮᠡᠭᠳᠡᠭᠦᠯᠵᠦ᠂ ᠰᠤᠳᠠᠯ ᠬᠠᠲᠠᠭᠤᠷᠠᠬᠤ ᠶᠢ ᠰᠡᠷᠭᠡᠶᠢᠯᠡᠬᠦ ᠪᠤᠯᠤᠨ᠎ᠠ᠃        3. ᠵᠢᠮᠢᠰ ᠢᠳᠡᠬᠦ ᠬᠠᠮᠤᠭ ᠲᠤᠬᠢᠷᠠᠮᠵᠢᠲᠠᠢ ᠴᠠᠭ        ᠬᠤᠭᠤᠯᠠ ᠢᠳᠡᠬᠦ ᠠᠴᠠ ᠡᠮᠦᠨᠡᠬᠢ 1 ᠴᠠᠭ ᠲᠤ ᠵᠢᠮᠢᠰ ᠢᠳᠡᠬᠦ ᠨᠢ ᠵᠤᠬᠢᠰᠲᠠᠢ᠃ ᠵᠢᠮᠢᠰ ᠨᠢ ᠲᠦᠭᠦᠬᠡᠢ ᠢᠳᠡᠭᠡᠨ ᠳᠤ ᠲᠤᠭᠠᠴᠠᠭᠳᠠᠨ᠎ᠠ᠃ ᠡᠭᠦᠨ ᠤ ᠳᠡᠭᠡᠷ᠎ᠡ ᠪᠤᠯᠤᠭᠰᠠᠨ ᠢᠳᠡᠭᠡᠨ ᠢᠳᠡᠪᠡᠯ ᠪᠡᠶ᠎ᠡ ᠳᠠᠬᠢ ᠴᠠᠭᠠᠨ ᠡᠰ ᠨᠡᠮᠡᠭᠳᠡᠬᠦ ᠶᠢ ᠬᠤᠷᠢᠭᠯᠠᠨ᠎ᠠ᠃        4. ᠦᠨᠢᠶᠡᠨ ᠰᠦ ᠤᠤᠭᠤᠬᠤ ᠬᠠᠮᠤᠭ ᠲᠤᠬᠢᠷᠠᠮᠵᠢᠲᠠᠢ ᠴᠠᠭ        ᠰᠦ ᠳᠤ ᠺᠠᠯᠽ ᠡᠯᠪᠡᠭ ᠠᠭᠤᠯᠤᠭᠳᠠᠵᠤ ᠪᠠᠶᠢᠬᠤ ᠪᠤᠯᠬᠤᠷ ᠢᠳᠡᠷ ᠨᠠᠰᠤ ᠪᠤᠯᠤᠨ ᠦᠲᠡᠯᠦᠭᠡ ᠨᠠᠰᠤᠨ ᠤ ᠬᠦᠮᠦᠰ ᠤᠨᠲᠠᠬᠤ ᠠᠴᠠ ᠡᠮᠦᠨ᠎ᠡ ᠤᠤᠭᠤᠪᠠᠯ ᠲᠤᠬᠢᠷᠠᠮᠵᠢᠲᠠᠢ᠃ ᠤᠴᠢᠷ ᠨᠢ ᠰᠦᠨᠢ ᠳᠤᠮᠳᠠ ᠴᠢᠰᠤᠨ ᠳᠠᠬᠢ ᠺᠠᠯᠽ ᠢ ᠨᠦᠬᠦᠪᠦᠷᠢᠯᠡᠬᠦ ᠳᠤ ᠰᠠᠶᠢᠨ᠃        5. ᠴᠠᠢ ᠤᠤᠭᠤᠬᠤ ᠬᠠᠮᠤᠭ ᠲᠤᠬᠢᠷᠠᠮᠵᠢᠲᠠᠢ ᠴᠠᠭ        ᠴᠠᠢ ᠤᠤᠭᠤᠵᠤ ᠪᠡᠶ᠎ᠡ ᠰᠤᠪᠢᠯᠠᠬᠤ ᠴᠠᠭ ᠪᠤᠯ ᠬᠤᠭᠤᠯᠠᠨ ᠤ ᠳᠠᠷᠠᠭᠠᠬᠢ 1 ᠴᠠᠭ ᠲᠤ᠃ ᠤᠯᠠᠩᠬᠢ ᠬᠦᠮᠦᠰ ᠬᠤᠭᠤᠯᠠ ᠢᠳᠡᠵᠦ ᠪᠠᠷᠠᠭᠰᠠᠭᠠᠷ ᠬᠠᠯᠠᠭᠤᠨ ᠴᠠᠢ ᠤᠤᠭᠤᠳᠠᠭ ᠨᠢ ᠰᠢᠨᠵᠢᠯᠡᠬᠦ ᠤᠬᠠᠭᠠᠨᠴᠢ ᠪᠤᠰᠤ᠃        6. ᠪᠡᠶ᠎ᠡ ᠪᠤᠯᠪᠠᠰᠤᠷᠠᠬᠤ ᠬᠠᠮᠤᠭ ᠲᠤᠬᠢᠷᠠᠮᠵᠢᠲᠠᠢ ᠴᠠᠭ        ᠤᠷᠤᠢ ᠦᠳᠡᠰᠢ ᠪᠠᠷ ᠪᠡᠶ᠎ᠡ ᠪᠤᠯᠪᠠᠰᠤᠷᠠᠬᠤ ᠨᠢ ᠬᠠᠮᠤᠭ ᠲᠤᠬᠢᠷᠠᠮᠵᠢᠲᠠᠢ᠃ ᠡᠨᠡ ᠦᠶ᠎ᠡ ᠳᠤ ᠬᠦᠮᠦᠨ ᠤ ᠰᠤᠨᠤᠰᠬᠤ ᠰᠡᠷᠡᠯ᠂ ᠬᠠᠷᠠᠭᠠᠨ ᠰᠡᠷᠡᠯ᠂ ᠦᠨᠦᠷᠯᠡᠬᠦ ᠰᠡᠷᠡᠯ ᠬᠠᠮᠤᠭ ᠬᠤᠷᠴᠠ ᠰᠤᠷᠭᠤᠭ ᠪᠠᠶᠢᠬᠤ ᠦᠶ᠎ᠡ ᠪᠤᠯᠬᠤᠷ ᠪᠦᠬᠦ ᠪᠡᠶ᠎ᠡ ᠶᠢᠨ ᠡᠯ᠎ᠡ ᠠᠵᠢᠯᠯᠠᠭ᠎ᠠ ᠲᠡᠩᠴᠡᠭᠦᠷᠢ ᠲᠠᠢ ᠪᠠᠶᠢᠵᠤ᠂ ᠪᠡᠶ᠎ᠡ ᠪᠤᠯᠪᠠᠰᠤᠷᠠᠬᠤ ᠳᠤ ᠵᠤᠬᠢᠰᠲᠠᠢ᠂ ᠤᠨᠲᠠᠬᠤ ᠳᠤ ᠰᠠᠶᠢᠨ᠃        7. ᠰᠢᠳᠦ ᠱᠤᠸᠠᠰᠠᠲᠠᠬᠤ ᠬᠠᠮᠤᠭ ᠲᠤᠬᠢᠷᠠᠮᠵᠢᠲᠠᠢ ᠴᠠᠭ        ᠬᠤᠭᠤᠯᠠ ᠢᠳᠡᠭᠰᠡᠨ ᠤ ᠳᠠᠷᠠᠭᠠᠬᠢ 3 ᠮᠢᠨᠦ᠋ᠲ ᠲᠤ ᠰᠢᠳᠦ ᠱᠤᠸᠠᠰᠠᠲᠠᠪᠠᠯ ᠬᠠᠮᠤᠭ ᠲᠤᠬᠢᠷᠠᠮᠵᠢᠲᠠᠢ ᠪᠠᠶᠢᠳᠠᠭ᠃ ᠶᠠᠭ ᠡᠨᠡ ᠦᠶ᠎ᠡ ᠳᠤ ᠠᠮᠠᠨ ᠬᠦᠨᠳᠡᠢ ᠳᠠᠬᠢ ᠪᠠᠺᠲ᠋ᠧᠷᠢ ᠨᠢ ᠰᠢᠳᠦᠨ ᠵᠠᠪᠰᠠᠷ ᠲᠤ ᠦᠯᠡᠳᠡᠭᠰᠡᠨ ᠢᠳᠡᠭᠡᠨ ᠤ ᠦᠯᠡᠳᠡᠭᠳᠡᠯ ᠢ ᠢᠰᠦᠯᠳᠦᠭᠦᠯᠳᠡᠭ᠃ ᠡᠨᠡ ᠦᠶᠡᠰ ᠤᠭᠢᠶᠠᠬᠤ ᠦᠭᠡᠢ ᠪᠤᠯ ᠰᠢᠳᠦᠨ ᠤ ᠤᠭ ᠢ ᠬᠡᠮᠲᠦᠭᠡᠨ᠎ᠡ᠃        8. ᠪᠡᠶ᠎ᠡ ᠤᠭᠢᠶᠠᠬᠤ ᠬᠠᠮᠤᠭ ᠲᠤᠬᠢᠷᠠᠮᠵᠢᠲᠠᠢ ᠴᠠᠭ        ᠤᠷᠤᠢ ᠪᠤᠯᠭᠠᠨ ᠤᠨᠲᠠᠬᠤ ᠠᠴᠠ ᠪᠠᠨ ᠡᠮᠦᠨ᠎ᠡ ᠪᠦᠯᠢᠶᠡᠨ ᠤᠰᠤᠨ ᠳᠤ ᠪᠡᠶ᠎ᠡ ᠤᠭᠢᠶᠠᠪᠠᠯ ᠪᠤᠯᠴᠢᠩ ᠰᠢᠷᠪᠤᠰᠤ ᠶᠢ ᠠᠮᠤᠷᠵᠢᠭᠤᠯᠵᠤ᠂ ᠴᠢᠰᠤᠨ ᠤ ᠡᠷᠭᠢᠯᠲᠡ ᠶᠢ ᠠᠬᠢᠭᠤᠯᠤᠨ᠎ᠠ᠃        9. ᠤᠨᠲᠠᠬᠤ ᠬᠠᠮᠤᠭ ᠲᠤᠬᠢᠷᠠᠮᠵᠢᠲᠠᠢ ᠴᠠᠭ        ᠦᠳᠡ ᠶᠢᠨ 1 ᠴᠠᠭ ᠤᠨ ᠦᠶ᠎ᠡ ᠳᠤ ᠪᠡᠶ᠎ᠡ ᠪᠠᠨ ᠠᠮᠠᠷᠠᠭᠤᠯᠬᠤ ᠴᠢᠬᠤᠯᠠ ᠲᠠᠢ᠃ ᠤᠷᠤᠢ ᠪᠤᠯ 10-11 ᠴᠠᠭ ᠤᠨ ᠬᠤᠭᠤᠷᠤᠨᠳᠦ ᠠᠮᠠᠷᠠᠪᠠᠯ ᠵᠤᠬᠢᠰᠲᠠᠢ᠃ ᠤᠴᠢᠷ ᠨᠢ 0-3 ᠴᠠᠭ ᠤᠨ ᠬᠤᠭᠤᠷᠤᠨᠳᠤ ᠬᠦᠮᠦᠨ ᠤ ᠬᠠᠮᠤᠭ ᠰᠠᠶᠢᠨ ᠨᠤᠶᠢᠷ ᠠᠪᠬᠤ ᠴᠠᠭ᠃        10. ᠰᠤᠯᠠ ᠠᠯᠬᠤᠬᠤ ᠶᠢᠨ ᠬᠠᠮᠤᠭ ᠲᠤᠬᠢᠷᠠᠮᠵᠢᠲᠠᠢ ᠴᠠᠭ        ᠬᠤᠭᠤᠯᠠᠨ ᠤ ᠳᠠᠷᠠᠭᠠᠬᠢ 45-60 ᠮᠢᠨᠦ᠋ᠲ ᠤᠨ ᠳᠠᠷᠠᠭ᠎ᠠ 20 ᠮᠢᠨᠦ᠋ᠲ ᠠᠯᠬᠤᠪᠠᠯ ᠪᠡᠶ᠎ᠡ ᠳᠤ ᠰᠠᠶᠢᠨ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号