︽ᠵᠢᠷᠦᠬᠡᠨ ᠤ ᠬᠢᠯᠢᠩ︾ ᠷᠤᠮᠠᠨ ᠤ ᠲᠤᠬᠠᠢ ᠳᠤ
ᠨᠡᠶᠢᠲᠡᠯᠡᠭᠰᠡᠨ ᠴᠠᠭ᠄
2020/3/24
       ︽ᠵᠢᠷᠦᠬᠡᠨ ᠤ ᠬᠢᠯᠢᠩ︾ ᠷᠤᠮᠠᠨ ᠤ ᠵᠣᠬᠢᠶᠠᠭᠴᠢ ᠮᠤᠩᠭᠤᠯ ᠤᠯᠤᠰ ᠤᠨ ᠵ᠊᠂ ᠫᠥᠷᠪᠦ᠂ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ ᠶᠢᠨ ᠬᠡᠪᠯᠡᠨ ᠲᠠᠷᠬᠠᠭᠠᠭᠰᠠᠨ ᠴᠢᠨ᠋ᠸ᠎ᠠ ᠶᠢᠨ ᠱᠠᠭ᠎ᠠ ᠴᠣᠪᠤᠷᠠᠯ ᠪᠢᠴᠢᠭ᠂ ᠳᠡᠭᠡᠳᠦ ᠳᠤᠤᠷᠠᠳᠤ ᠬᠤᠶᠠᠷ ᠳᠡᠪᠲᠡᠷ᠃        ᠵ᠊᠂ ᠫᠥᠷᠪᠦ ᠶᠢᠨ ᠰᠢᠨ᠎ᠡ ᠷᠤᠮᠠᠨ ᠮᠠᠨ ᠤ ᠤᠩᠰᠢᠭᠴᠢᠳ᠂ ᠲᠡᠭᠦᠨ ᠤ ᠳᠤᠳᠤᠷ᠎ᠠ ᠨᠡᠶᠢᠭᠡᠮ ᠤᠨ ᠤᠬᠠᠭᠠᠨ ᠤ ᠮᠡᠷᠭᠡᠵᠢᠯ ᠤᠨ ᠬᠦᠮᠦᠰ ᠲᠤ ᠦᠨᠳᠦᠷ ᠰᠡᠳᠬᠢᠭᠳᠡᠯ ᠲᠦᠷᠦᠭᠦᠯᠦᠨ᠎ᠡ ᠭᠡᠵᠦ ᠪᠤᠳᠤᠵᠤ ᠪᠠᠶᠢᠨ᠎ᠠ᠃ ᠡᠨᠡ ᠷᠤᠮᠠᠨ ᠢ ᠪᠢᠴᠢᠬᠦ ᠳᠤ ᠪᠠᠨ ᠲᠡᠦᠬᠡ ᠶᠢᠨ ᠰᠣᠷᠪᠤᠯᠵᠢ ᠰᠤᠳᠤᠯᠤᠯᠭ᠎ᠠ᠂ ᠪᠤᠰᠤᠳ ᠲᠤᠯᠭᠤᠷ ᠪᠢᠴᠢᠭ ᠤᠳ ᠲᠠᠢ ᠨᠤᠬᠤᠴᠢᠲᠠᠢ ᠲᠠᠨᠢᠯᠴᠠᠵᠤ᠂ ᠦᠢᠯᠡ ᠶᠠᠪᠤᠳᠠᠯ ᠪᠣᠯᠤᠭᠰᠠᠨ ᠨᠤᠲᠤᠭ ᠣᠰᠤ᠂ ᠬᠦᠮᠦᠨ ᠠᠷᠠᠳ ᠤᠨ ᠶᠤᠰᠤ ᠵᠠᠩᠰᠢᠯ ᠢ ᠬᠦᠷᠲᠡᠯ᠎ᠡ ᠰᠤᠳᠤᠯᠤᠭᠰᠠᠨ ᠨᠢ ᠤᠩᠰᠢᠬᠤ ᠳᠤ ᠲᠤᠳᠤᠷᠬᠠᠢ ᠮᠡᠳᠡᠭᠳᠡᠵᠦ ᠪᠠᠶᠢᠨ᠎ᠠ᠃ ᠬᠤᠳᠤᠭᠤᠶᠢᠳ ᠨᠤᠲᠤᠭ ᠢᠶᠠᠷ ᠶᠠᠪᠤᠵᠤ ᠠᠷᠠᠳ ᠤᠨ ᠲᠣᠮᠤᠭ ᠶᠠᠷᠢᠶ᠎ᠠ ᠰᠤᠨᠣᠰᠴᠤ᠂ ᠪᠡᠭᠡᠵᠢᠩ ᠳᠤ ᠮᠠᠨᠵᠤ ᠶᠢᠨ ᠬᠠᠭᠠᠳ ᠤᠨ ᠣᠷᠳᠤᠨ᠂ ᠲᠡᠦᠬᠡ ᠳᠤᠷᠠᠰᠬᠠᠯ ᠤᠨ ᠤᠯᠠᠨ ᠭᠠᠵᠠᠷ ᠢᠶᠠᠷ ᠴᠦᠬᠦᠷᠡᠯᠲᠡ ᠦᠭᠡᠢ ᠶᠠᠪᠤᠵᠤ᠂ ᠲᠤᠲᠤᠭᠠᠳᠤ ᠭᠠᠳᠠᠭᠠᠳᠤ ᠶᠢᠨ ᠰᠤᠳᠤᠯᠤᠭᠴᠢᠳ᠂ ᠦᠯᠢᠭᠡᠷᠴᠢᠨ᠂ ᠳᠤᠮᠤᠭᠴᠢᠨ ᠬᠦᠮᠦᠰ ᠤᠨ ᠶᠠᠷᠢᠶ᠎ᠠ ᠶᠢ ᠰᠣᠷᠪᠤᠯᠵᠢᠯᠠᠨ ᠴᠤᠭᠯᠠᠭᠤᠯᠵᠤ ᠪᠠᠶᠢᠭᠰᠠᠨ ᠵᠣᠬᠢᠶᠠᠯᠴᠢ ᠶᠢᠨ ᠲᠡᠷᠡ ᠬᠦ ᠨᠦᠷᠢ ᠬᠦᠳᠡᠯᠮᠦᠷᠢ ᠶᠢ ᠪᠢᠳᠡ ᠰᠠᠶᠢᠨ ᠮᠡᠳᠡᠬᠦ ᠶᠤᠮ᠃ ᠡᠨᠡ ᠰᠡᠳᠦᠪ ᠢᠶᠠᠷ ᠤᠯᠠᠨ ᠵᠢᠯ ᠰᠤᠳᠤᠯᠵᠤ ᠬᠢᠲᠠᠳ᠂ ᠮᠠᠨᠵᠤ ᠪᠤᠰᠤᠳ ᠰᠣᠷᠪᠤᠯᠵᠢ ᠪᠢᠴᠢᠭ᠂ ᠰᠤᠳᠤᠯᠤᠯᠭᠠᠨ ᠤ ᠵᠣᠬᠢᠶᠠᠯ ᠲᠠᠢ ᠲᠠᠨᠢᠯᠴᠠᠵᠤ ᠡᠷᠳᠡᠮ ᠰᠢᠨᠵᠢᠯᠡᠭᠡᠨ ᠤ ᠳᠤᠷᠪᠢᠲᠠᠢ ᠪᠦᠲᠦᠭᠡᠯ ᠲᠤᠭᠤᠷᠪᠢᠭᠰᠠᠨ ᠳ᠋ᠤᠺᠲ᠋ᠤᠷ ᠨ᠊᠂ ᠢᠰᠢᠵᠠᠮᠰᠤ ᠡᠨᠡ ᠷᠤᠮᠠᠨ ᠲᠠᠢ ᠨᠢᠭᠲᠠᠯᠠᠨ ᠲᠠᠨᠢᠯᠴᠠᠭᠠᠳ᠂ ᠲᠡᠦᠬᠡ ᠶᠢᠨ ᠪᠤᠳᠠᠲᠤ ᠶᠠᠪᠤᠳᠠᠯ ᠢ ᠨᠠᠷᠢᠨ ᠲᠤᠳᠤᠷᠬᠠᠢ ᠬᠠᠷᠠᠭᠤᠯᠵᠤ ᠲᠡᠷᠡ ᠦᠶ᠎ᠡ ᠶᠢᠨ ᠡᠭᠡᠳᠡᠷᠡᠭᠡᠲᠡᠢ ᠂ ᠲᠦᠪᠡᠭᠲᠡᠢ ᠠᠰᠠᠭᠤᠳᠠᠯ ᠤᠳ ᠤᠨ ᠮᠦᠨ ᠴᠢᠨᠠᠷ᠂ ᠬᠠᠷᠢᠯᠴᠠᠨ ᠨᠦᠯᠦᠭᠡᠯᠡᠬᠦ ᠬᠠᠴᠢᠨ ᠵᠦᠢᠯ ᠢ ᠵᠥᠪ ᠢᠶᠠᠷ ᠳᠡᠪᠰᠢᠭᠦᠯᠵᠦ ᠲᠠᠯᠪᠢᠭᠰᠠᠨ ᠭᠡᠵᠦ ᠦᠵᠡᠭᠰᠡᠨ ᠨᠢ ᠴᠢᠬᠤᠯᠠ ᠦᠨᠡᠯᠡᠯᠲᠡ ᠪᠣᠯᠵᠠᠢ᠃ ᠪᠢ ᠡᠨᠡ ᠰᠠᠨᠠᠯ ᠢ ᠪᠦᠷᠢᠨ ᠳᠦᠭᠦᠷᠡᠩ ᠳᠡᠮᠵᠢᠵᠦ ᠪᠠᠶᠢᠨ᠎ᠠ᠃        ᠵ᠊᠂ ᠫᠥᠷᠪᠦ ᠣᠷᠴᠢᠨ ᠦᠶ᠎ᠡ ᠳᠤ ᠨᠡᠩ ᠴᠢᠬᠤᠯᠠᠴᠢᠯᠠᠭᠳᠠᠵᠤ ᠪᠤᠢ ᠰᠡᠳᠦᠪ ᠢ ᠰᠤᠩᠭᠤᠨ ᠠᠪᠤᠭᠰᠠᠨ ᠳᠤ ᠶᠠᠭᠤᠨ ᠤ ᠤᠷᠢᠳ ᠲᠠᠯᠠᠷᠬᠠᠯ ᠢᠶᠠᠨ ᠳᠡᠪᠰᠢᠭᠦᠯᠵᠦ ᠪᠠᠶᠢᠨ᠎ᠠ᠃ ᠢᠩᠭᠢᠭᠰᠡᠨ ᠢᠶᠠᠷ ᠵᠣᠬᠢᠶᠠᠭᠴᠢ ᠶᠠᠩᠵᠤᠯᠠᠭᠴᠢᠳ ᠤᠨ ᠵᠠᠯᠭᠠᠮᠵᠢᠯᠠᠨ ᠠᠪᠤᠭᠰᠠᠨ ︽ᠬᠢᠲᠠᠳ ᠲᠥᠪ︾ ᠤᠨ ᠦᠵᠡᠯ᠂ ᠦᠷᠦᠨᠡᠲᠦ ᠶᠢᠨ ᠣᠨᠤᠯᠴᠢᠳ ᠤᠨ ᠵᠢᠭᠤᠷᠠᠯᠳᠤᠭᠰᠠᠭᠠᠷ ᠪᠤᠢ ︽ᠡᠸᠦ᠋ᠷᠦᠫᠡ ᠲᠦᠪ︾ ᠤᠨ ᠵᠡᠷᠭᠡ ᠲᠡᠦᠬᠡ ᠶᠢᠨ ᠲᠠᠯᠠᠪᠤᠷ ᠲᠤ ᠥᠨᠦ ᠦᠶ᠎ᠡ ᠳᠤ ᠰᠢᠨᠵᠢᠯᠡᠬᠦ ᠤᠬᠠᠭᠠᠨ ᠤ ᠰᠤᠼᠢᠶᠠᠯᠢᠰᠮ ᠤᠨ ᠡᠰᠡᠷᠭᠦ ᠰᠥᠷᠭᠡᠦᠯᠳᠦᠵᠦ ᠪᠠᠶᠢᠭ᠎ᠠ ᠬᠠᠷᠭᠢᠰ ᠦᠵᠡᠯ ᠤᠨ ᠥᠭᠡᠳᠡ ᠠᠴᠠ ᠰᠢᠷᠦᠭᠦᠨ ᠭᠠᠯ ᠨᠡᠭᠡᠭᠡᠯ᠎ᠡ᠃ ᠭᠠᠳᠠᠭᠠᠳᠤ ᠶᠢᠨ ᠵᠠᠷᠢᠮ ᠬᠤᠲᠠ ᠳᠤ ᠬᠡᠪᠯᠡᠭᠳᠡᠨ ᠭᠠᠷᠤᠭᠰᠠᠭᠠᠷ ᠪᠠᠶᠢᠭ᠎ᠠ ᠲᠡᠦᠬᠡ ᠶᠢᠨ ᠵᠣᠬᠢᠶᠠᠯ ᠤᠳ ᠲᠤ ᠮᠤᠩᠭᠤᠯ ᠤᠨ ᠠᠷᠠᠳ ᠲᠥᠮᠡᠨ ᠤ ᠤᠯᠤᠰ ᠦᠨᠳᠦᠰᠦ ᠪᠠᠨ ᠴᠢᠯᠦᠭᠡᠯᠡᠬᠦ ᠲᠡᠮᠡᠴᠡᠯ ᠢ ︽ᠬᠠᠭᠠᠯᠠᠨ ᠪᠤᠲᠠᠷᠠᠭᠠᠭᠰᠠᠨ ᠬᠠᠷᠭᠢᠰ ᠶᠠᠪᠤᠳᠠᠯ︾ ᠮᠡᠲᠦ ᠪᠠᠷ ᠭᠦᠳᠬᠡᠨ ᠳᠠᠭᠠᠷᠢᠵᠤ ᠴᠢᠩᠭᠦᠨᠵᠠᠪ᠂ ᠠᠮᠤᠷᠰᠠᠨᠠᠭ᠎ᠠ ᠵᠡᠷᠭᠡ ᠦᠨᠳᠦᠰᠦᠨ ᠤ ᠪᠠᠭᠠᠲᠤᠷ ᠤᠳ ᠢ ᠤᠯᠠᠨ ᠦᠨᠳᠦᠰᠦᠲᠡᠨ ᠤ ᠨᠢᠭᠡᠲᠦᠯ ᠠᠴᠠ ︽ᠤᠷᠪᠠᠨ ᠳᠡᠷᠰᠯᠡᠭᠴᠢᠳ︾ ᠪᠣᠯᠭᠠᠬᠤ ᠶᠢ ᠣᠷᠤᠯᠳᠤᠵᠤ ᠪᠠᠶᠢᠨ᠎ᠠ᠃  ᠨᠦᠭᠦᠭᠡ ᠲᠠᠯ᠎ᠠ ᠠᠴᠠ ᠦᠷᠦᠨᠡᠲᠦ ᠶᠢᠨ ᠬᠠᠷᠭᠢᠰ ᠲᠡᠦᠬᠡᠴᠢᠳ ᠤᠨ ᠵᠦᠭ ᠠᠴᠠ᠂ ᠲᠥᠪ ᠠᠽᠢᠶ᠎ᠠ ᠶᠢᠨ ᠰᠤᠶᠤᠯ ᠢᠷᠭᠡᠨᠰᠢᠯ ᠢ ᠬᠡᠵᠢᠶᠡᠨᠡᠢ ᠠᠴᠠ ᠪᠠᠰᠤᠮᠵᠢᠯᠠᠵᠤ ᠢᠷᠡᠭᠰᠡᠨ ᠤ ᠠᠳᠠᠯᠢ ᠪᠠᠷ ᠲᠡᠦᠬᠡ ᠶᠢᠨ ᠡᠨᠡ ᠦᠶ᠎ᠡ ᠳᠤ ᠮᠤᠩᠭᠤᠯ ᠤᠨ ᠨᠡᠶᠢᠭᠡᠮᠯᠢᠭ ᠨᠢ ᠦᠢᠯᠡᠳᠪᠦᠷᠢᠯᠡᠬᠦ ᠬᠦᠴᠦᠨ᠂ ᠨᠡᠶᠢᠭᠡᠮ ᠤᠨ ᠰᠡᠳᠬᠢᠮᠵᠢ ᠶᠢᠨ ᠲᠠᠯ᠎ᠠ ᠪᠠᠷ ᠪᠡᠶ᠎ᠡ ᠪᠠᠨ ᠳᠠᠭᠠᠭᠠᠬᠤ ᠴᠢᠳᠠᠪᠤᠷᠢ ᠦᠭᠡᠢ ᠪᠠᠶᠢᠭᠰᠠᠨ ᠮᠡᠲᠦ ᠪᠠᠷ ᠪᠢᠴᠢᠳᠡᠭ ᠶᠤᠮ᠃ ᠵ᠊᠂ ᠫᠥᠷᠪᠦ ᠶᠢᠨ ᠲᠤᠭᠤᠷᠪᠢᠭᠰᠠᠨ ᠲᠡᠦᠬᠡᠨ ᠷᠤᠮᠠᠨ ᠪᠣᠯ ᠡᠳᠡᠭᠡᠷ ᠬᠠᠷᠰᠢ ᠦᠵᠡᠯ ᠰᠤᠷᠲᠠᠯ ᠳᠤ ᠪᠠᠭᠤᠷᠢ ᠲᠠᠢ ᠨᠢᠴᠤᠭᠠᠯᠲᠠ ᠦᠭᠴᠦ ᠪᠠᠶᠢᠨ᠎ᠠ᠃        ᠵ᠊᠂ ᠫᠥᠷᠪᠦ ᠷᠤᠮᠠᠨ ᠢᠶᠠᠨ ᠠᠩᠭᠢᠴᠢ᠂ ᠨᠠᠮᠴᠢ᠂ ᠢᠨᠲ᠋ᠧᠷᠨᠠᠽᠢᠦᠨᠠᠯᠢᠰᠴᠢ ᠪᠠᠶᠢᠷᠢ ᠰᠠᠭᠤᠷᠢᠨ ᠠᠴᠠ ᠪᠢᠴᠢᠭᠰᠡᠨ ᠪᠠᠶᠢᠨ᠎ᠠ᠃ ᠦᠨᠳᠦᠰᠦᠨ ᠤ ᠡᠷᠬᠡ ᠴᠢᠯᠦᠭᠡᠨ ᠤ ᠬᠦᠳᠡᠯᠭᠡᠭᠡᠨ ᠤ ᠭᠤᠤᠯ ᠬᠦᠴᠦᠨ ᠨᠢ ᠠᠷᠠᠳ ᠲᠥᠮᠡᠨ ᠪᠠᠶᠢᠭᠰᠠᠨ ᠢ ᠵᠣᠬᠢᠶᠠᠯ ᠳᠤ ᠲᠤᠳᠤᠷᠬᠠᠢ ᠦᠵᠡᠭᠦᠯᠵᠡᠢ᠃ ᠨᠦᠭᠦᠭᠡ ᠲᠠᠯ᠎ᠠ ᠪᠠᠷ ᠤᠤᠯ ᠬᠦᠳᠡᠯᠭᠡᠭᠡᠨ ᠢ ᠲᠤᠯᠤᠭᠠᠶᠢᠯᠠᠵᠤ ᠪᠠᠶᠢᠭᠰᠠᠨ ᠨᠤᠶᠠᠯᠠᠭᠴᠢ ᠠᠩᠭᠢ ᠶᠢᠨ ᠲᠤᠲᠤᠭᠠᠳᠤ ᠵᠦᠷᠢᠴᠡᠯ᠂ ᠶᠡᠷᠦ ᠤᠤᠯ ᠬᠦᠴᠦᠨ ᠤ ᠬᠢᠵᠠᠭᠠᠷᠳᠠᠮᠠᠯ ᠲᠠᠯ᠎ᠠ ᠶᠢ ᠨᠠᠷᠢᠪᠴᠢᠯᠠᠨ ᠦᠵᠡᠭᠦᠯᠦᠭᠰᠡᠨ ᠪᠠᠶᠢᠨ᠎ᠠ᠃ ᠪᠤᠰᠤᠳ ᠤᠯᠤᠰ ᠦᠨᠳᠦᠰᠦᠲᠡᠨ ᠤ ᠳᠦᠷᠢᠮᠡᠬᠡᠶᠢᠯᠡᠨ ᠨᠤᠶᠠᠷᠬᠠᠭᠴᠢᠳ ᠲᠤᠬᠠᠢ ᠶᠢᠨ ᠥᠶ᠎ᠡ ᠳᠤ ᠪᠠᠨ ᠬᠦᠴᠦ ᠪᠠᠷ ᠬᠡᠴᠢᠨᠡᠬᠡᠨ ᠳᠠᠪᠠᠭᠤ ᠪᠠᠶᠢᠪᠠᠴᠤ ᠡᠴᠦᠰ ᠲᠡᠭᠡᠨ ᠵᠠᠪᠠᠯ ᠨᠤᠷᠠᠳᠠᠭ ᠤᠴᠢᠷ ᠰᠢᠯᠲᠠᠭᠠᠨ ᠢ ᠤᠩᠰᠢᠭᠴᠢᠳ ᠤᠤᠯ ᠷᠤᠮᠠᠨ ᠠᠴᠠ ᠣᠯᠵᠤ ᠦᠵᠡᠨ᠎ᠡ᠃ ᠥᠨᠥ ᠶᠢᠨ ᠪᠢᠳᠡᠨ ᠤ ᠬᠦᠰᠡᠯ ᠢᠶᠠᠷ ᠪᠢᠰᠢ ᠲᠡᠷᠡ ᠦᠶ᠎ᠡ ᠶᠢᠨ ᠨᠦᠬᠦᠴᠡᠯ ᠢᠶᠠᠷ ᠲᠠᠶᠢᠯᠪᠤᠷᠢᠯᠠᠭᠳᠠᠵᠤ ᠪᠣᠯᠬᠤ ᠡᠳᠦᠢ ᠲᠡᠳᠦᠢ ᠵᠦᠷᠢᠴᠡᠯ ᠲᠠᠢ᠂ ᠰᠢᠢᠳᠪᠦᠷᠢᠯᠡᠭᠳᠡᠭᠡᠳᠦᠢ ᠠᠰᠠᠭᠤᠳᠠᠯ ᠤᠳ ᠲᠤᠬᠠᠢ ᠶᠢᠨ ᠦᠶ᠎ᠡ ᠪᠣᠯᠭᠠᠨ ᠳᠤ ᠦᠯᠡᠳᠡᠵᠦ ᠬᠤᠴᠤᠷᠳᠠᠭ᠃ ᠡᠨᠡ ᠤᠳᠠᠭ᠎ᠠ ᠴᠦ ᠲᠡᠶᠢᠮᠦ ᠪᠠᠶᠢᠵᠠᠢ᠃ ᠨᠢᠭᠡᠨᠲᠡ ᠪᠣᠯᠤᠭᠰᠠᠨ ᠶᠠᠪᠤᠳᠠᠯ ᠢ ᠬᠡᠨ ᠴᠦ ᠨᠡᠬᠡᠨ ᠦᠭᠡᠷᠡᠴᠢᠯᠡᠬᠦ ᠦᠭᠡᠢ᠂ ᠬᠠᠷᠢᠨ ᠲᠡᠭᠦᠨ ᠳᠤ ᠲᠤᠬᠠᠢ ᠶᠢᠨ ᠨᠦᠬᠦᠴᠡᠯ ᠳᠤ ᠨᠢ ᠲᠤᠬᠢᠷᠠᠭᠰᠠᠨ ᠳ᠋ᠦᠩᠨᠡᠯᠲᠡ ᠬᠡᠯᠡᠵᠦ ᠪᠣᠯᠬᠤ ᠶᠤᠮ᠃ ᠡᠨᠡ ᠲᠠᠯ᠎ᠠ ᠪᠠᠷ ᠨᠢᠭᠡᠨ ᠷᠤᠮᠠᠨ ᠤ ᠬᠡᠮᠵᠢᠶᠡᠨ ᠳᠤ ᠪᠠᠶᠢᠵᠤ ᠪᠣᠯᠬᠤ ᠬᠠᠷᠢᠭᠤᠯᠲᠠ ᠶᠢ ᠪᠢᠳᠡ ᠣᠯᠵᠤ ᠦᠵᠡᠨ᠎ᠡ ᠭᠡᠵᠦ ᠪᠣᠳᠤᠵᠤ ᠪᠠᠶᠢᠨ᠎ᠠ᠃ ᠮᠤᠩᠭᠤᠯ ᠤᠨ ᠠᠷᠠᠳ ᠲᠦᠮᠡᠨ ᠤ ᠦᠨᠳᠦᠰᠦ ᠪᠠᠨ ᠴᠢᠯᠦᠭᠡᠯᠡᠬᠦ ᠲᠡᠮᠡᠴᠡᠯ ᠡᠨᠡ ᠦᠶ᠎ᠡ ᠳᠤ ᠨᠡᠩ ᠶᠡᠭᠡ ᠥᠷᠨᠢᠭᠰᠡᠨ ᠪᠣᠯᠪᠠᠴᠤ ᠬᠠᠷᠠᠮᠰᠠᠯᠲᠠᠢ ᠪᠠᠷ ᠳᠠᠷᠤᠭᠳᠠᠭᠰᠠᠨ ᠶᠤᠮ᠃ ᠳᠡᠭᠡᠬᠦ ᠳᠡᠭᠡᠨ ᠠᠰᠤᠷᠤ ᠴᠢᠬᠤᠯᠠ ᠲᠤᠷᠰᠢᠯᠭ᠎ᠠ ᠬᠤᠷᠠᠮᠳᠤᠭᠤᠯᠵᠠᠢ᠃ ᠡᠨᠡ ᠲᠡᠮᠡᠴᠡᠯ ᠰᠢᠨ᠎ᠡ ᠭᠠᠷᠬᠤ ᠬᠦᠳᠡᠯᠭᠡᠭᠡᠨ ᠤ ᠤᠭᠲᠤᠪᠤᠷᠢ ᠪᠣᠯᠵᠠᠢ᠃ ᠳᠠᠷᠠᠭᠠᠴᠢ ᠶᠢᠨ ᠲᠡᠮᠡᠴᠡᠯ ᠤᠯᠠᠮ ᠭᠦᠨᠵᠡᠭᠡᠶᠢᠷᠡᠵᠦ ᠦᠷᠭᠡᠵᠢᠨ᠂ 1911 ᠤᠨ ᠳᠤ ᠮᠤᠩᠭᠤᠯ ᠣᠷᠤᠨ ᠲᠦᠷᠦ ᠶᠢᠨ ᠲᠤᠰᠠᠭᠠᠷ ᠲᠤᠭᠲᠠᠨᠢᠯ ᠢ ᠵᠠᠷᠯᠠᠭᠰᠠᠨ ᠢᠶᠠᠷ ᠤᠷᠢᠳ ᠦᠵᠡᠭᠳᠡᠭᠡᠳᠦᠢ ᠠᠬᠢᠴᠠ ᠳᠤ ᠬᠦᠷᠴᠡᠢ᠃ ᠭᠡᠪᠡᠴᠦ ᠦᠨᠳᠦᠰᠦ ᠪᠠᠨ ᠴᠢᠯᠦᠭᠡᠯᠡᠬᠦ ᠠᠰᠠᠭᠤᠳᠠᠯ ᠢ ᠪᠦᠷᠢᠨ ᠰᠢᠢᠳᠪᠦᠷᠢᠯᠡᠵᠦ ᠪᠠᠰᠠ ᠴᠢᠳᠠᠭᠰᠠᠨ ᠦᠭᠡᠢ᠃ ᠬᠠᠷᠢᠨ 1921 ᠤᠨ ᠤ ᠬᠤᠪᠢᠰᠬᠠᠯ ᠢᠶᠠᠷ ᠦᠨᠳᠦᠰᠦᠨ ᠤ ᠪᠠ ᠨᠡᠶᠢᠭᠡᠮ ᠤᠨ ᠡᠷᠬᠡ ᠴᠢᠯᠦᠭᠡᠨ ᠤ ᠠᠰᠠᠭᠤᠳᠠᠯ ᠢ ᠨᠢᠭᠡᠨ ᠵᠡᠷᠭᠡ ᠬᠠᠷᠢᠯᠴᠠᠨ ᠬᠤᠯᠪᠤᠭᠠᠲᠠᠢ ᠰᠢᠢᠳᠪᠦᠷᠢᠯᠡᠭᠰᠡᠨ ᠪᠠᠶᠢᠨ᠎ᠠ᠃ ᠡᠨᠡ ᠨᠢ ᠲᠤᠲᠤᠭᠠᠳᠤ ᠳᠤ ᠡᠨᠡ ᠬᠦ ᠴᠢᠯᠦᠭᠡᠯᠡᠬᠦ ᠬᠦᠳᠡᠯᠭᠡᠭᠡᠨ ᠢ ᠲᠤᠶᠢᠯ ᠳᠤ ᠨᠢ ᠬᠦᠷᠲᠡᠯ᠎ᠡ ᠬᠦᠲᠦᠯᠵᠦ ᠴᠢᠳᠠᠬᠤ ᠬᠦᠴᠦᠨ ᠲᠦᠷᠦᠭᠰᠡᠨ᠂ ᠨᠦᠭᠦᠭᠡ ᠲᠠᠯ᠎ᠠ ᠪᠠᠷ ᠭᠠᠳᠠᠭᠠᠳᠤ ᠳᠤ ᠤᠤᠯ ᠲᠡᠮᠡᠴᠡᠯ ᠳᠤ ᠵᠢᠩᠬᠢᠨᠢ ᠰᠢᠳᠤᠷᠭᠤ ᠲᠤᠰᠠᠯᠠᠯᠴᠠᠭ᠎ᠠ ᠦᠵᠡᠭᠦᠯᠵᠦ ᠴᠢᠳᠠᠬᠤ ᠰᠢᠨ᠎ᠡ ᠲᠦᠷᠦ ᠤᠯᠤᠰ ᠪᠤᠢ ᠪᠤᠯᠤᠭᠰᠠᠨ ᠢᠶᠠᠷ ᠲᠠᠶᠢᠯᠪᠤᠷᠢᠯᠠᠭᠳᠠᠨ᠎ᠠ᠃ ᠢᠩᠭᠢᠬᠦᠯᠡᠷ ᠴᠢᠩᠭᠦᠨᠵᠠᠪ᠂ ᠠᠮᠤᠷᠰᠠᠨᠠᠭ᠎ᠠ ᠨᠠᠷ ᠤᠨ ᠦᠶ᠎ᠡ ᠶᠢᠨ ᠮᠤᠩᠭᠤᠯᠴᠤᠳ ᠤᠨ ᠦᠨᠳᠦᠰᠦ ᠪᠠᠨ ᠴᠢᠯᠦᠭᠡᠯᠡᠬᠦ ᠲᠡᠮᠡᠴᠡᠯ ᠲᠡᠷᠡ ᠦᠶ᠎ᠡ ᠳᠡᠭᠡᠨ ᠬᠡᠴᠢᠨᠡᠬᠡᠨ ᠲᠦᠪᠡᠭᠲᠡᠢ᠂ ᠴᠦᠬᠦᠷᠡᠳᠡᠮᠡᠯ ᠲᠠᠯ᠎ᠠ ᠲᠠᠢ ᠪᠠᠶᠢᠯ᠎ᠠ ᠴᠦ ᠬᠡᠰᠡᠨ ᠪᠠᠭᠠᠲᠤᠷᠯᠢᠭ ᠬᠦᠰᠡᠯ ᠮᠦᠷᠦᠭᠡᠳᠦᠯ᠂ ᠠᠮᠢ ᠬᠠᠶᠢᠷ᠎ᠠ ᠦᠭᠡᠢ ᠲᠡᠮᠡᠴᠡᠯ ᠤᠨ ᠮᠦᠩᠬᠡᠲᠡ ᠳᠤᠷᠠᠰᠬᠠᠭᠳᠠᠬᠤ ᠵᠢᠱᠢᠶ᠎ᠡ ᠪᠣᠯᠵᠤ ᠦᠯᠡᠳᠡᠯ᠎ᠡ᠃ ᠲᠡᠷᠡ ᠲᠡᠮᠡᠴᠡᠯ ᠦᠭᠡᠢ ᠪᠠᠷ ᠰᠢᠨ᠎ᠡ ᠡᠷᠢᠨ ᠳᠤ ᠮᠤᠩᠭᠤᠯ ᠤᠨ ᠠᠷᠠᠳ ᠲᠥᠮᠡᠨ ᠤ ᠤᠯᠤᠭᠰᠠᠨ ᠢᠯᠠᠯᠲᠠ ᠶᠢ ᠪᠦᠷᠢᠨ ᠭᠦᠢᠴᠡᠳ ᠤᠶᠢᠯᠠᠭᠠᠬᠤ ᠠᠷᠭ᠎ᠠ ᠦᠭᠡᠢ ᠶᠤᠮ᠃ ᠡᠨᠡ ᠮᠡᠲᠦ ᠪᠤᠳᠤᠯ ᠰᠠᠨᠠᠭᠠᠨ ᠤ ᠡᠭᠦᠳᠡᠨ ᠠᠴᠠ ᠦᠵᠡᠬᠦ ᠳᠤ ᠵᠣᠬᠢᠶᠠᠯᠴᠢ ᠵ᠊᠂ ᠫᠥᠷᠪᠦ ᠶᠢᠨ ᠲᠡᠦᠬᠡᠨ ᠷᠤᠮᠠᠨ ᠵᠠᠯᠭᠠᠮᠵᠢ ᠬᠤᠶᠢᠴᠢ ᠦᠶ᠎ᠡ ᠶᠢᠨ ᠬᠢᠨ ᠤ ᠬᠦᠮᠦᠵᠢᠯ ᠳᠤ ᠰᠠᠶᠢᠨ ᠨᠦᠯᠦᠭᠡ ᠦᠵᠡᠭᠦᠯᠬᠦ ᠣᠶᠤᠨ ᠰᠠᠨᠠᠭᠠᠨ ᠤ ᠦᠨᠡᠲᠦ ᠥᠪ ᠤᠨ ᠨᠢᠭᠡ ᠪᠣᠯᠵᠠᠢ᠃ ᠠᠽᠢᠶ᠎ᠠ᠂ ᠠᠹᠷᠢᠺᠡ᠂ ᠯᠠᠲ᠋ᠢᠨ ᠠᠮᠧᠷᠢᠺᠡ ᠶᠢᠨ ᠤᠯᠤᠰ ᠦᠨᠳᠦᠰᠦᠨ ᠤ ᠡᠷᠬᠡ ᠴᠢᠯᠦᠭᠡᠨ ᠤ ᠬᠦᠳᠡᠯᠭᠡᠭᠡᠨ ᠢ ᠢᠳᠡ ᠦᠷᠨᠢᠭᠦᠯᠵᠦ ᠪᠠᠶᠢᠭ᠎ᠠ ᠥᠨᠥ ᠦᠶ᠎ᠡ ᠳᠤ᠂ ᠮᠤᠩᠭᠤᠯ ᠲᠦᠮᠡᠨ ᠤ ᠡᠷᠲᠡᠨ ᠡᠳᠦᠭᠡ ᠶᠢᠨ ᠲᠤᠷᠰᠢᠯᠭ᠎ᠠ ᠤᠨᠴᠠᠭᠠᠢ ᠰᠤᠨᠢᠷᠬᠠᠭᠳᠠᠵᠤ ᠪᠠᠶᠢᠨ᠎ᠠ᠃ ᠲᠡᠷᠡ ᠲᠤᠰᠤᠮ ᠢᠶᠠᠨ ᠤᠷᠠᠨ ᠵᠣᠬᠢᠶᠠᠯ ᠤᠨ ᠠᠷᠭ᠎ᠠ ᠪᠠᠷ ᠪᠢᠴᠢᠭᠳᠡᠭᠰᠡᠨ ᠡᠶᠢᠮᠦ ᠪᠦᠲᠦᠭᠡᠯ ᠮᠠᠨ ᠤ ᠡᠬᠡ ᠤᠷᠤᠨ ᠢ ᠳᠠᠶᠠᠩ ᠳᠡᠯᠡᠬᠡᠢ ᠶᠢᠨ ᠤᠯᠤᠰ ᠲᠦᠮᠡᠨ ᠳᠤ ᠲᠠᠨᠢᠯᠴᠠᠭᠤᠯᠬᠤ ᠳᠤ ᠨᠡᠩ ᠲᠣᠬᠢᠷᠠᠮᠵᠢᠲᠠᠢ ᠪᠣᠯᠤᠨ᠎ᠠ᠃                              ᠲᠡᠦᠬᠡ ᠶᠢᠨ ᠤᠬᠠᠭᠠᠨ ᠤ ᠳ᠋ᠤᠺᠲ᠋ᠤᠷ ᠨ᠊᠂ ᠳ᠋ᠠᠩᠭᠠᠰᠦ᠋ᠷᠦᠩ
 
ᠢᠷᠡᠯᠲᠡ᠄ ︽ᠵᠢᠷᠦᠬᠡᠨ ᠤ ᠬᠢᠯᠢᠩ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号