︽ᠪᠤᠯᠤᠷ ᠲᠣᠯᠢ︾ ᠨᠤᠮ ᠤᠨ ᠲᠤᠬᠠᠢ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2020/12/25
ᠵᠤᠬᠢᠶᠠᠭᠴᠢ᠄ ᠱ᠊᠂ ᠨᠠᠴᠤᠭᠳᠤᠷᠵᠢᠦᠪᠦᠷ ᠮᠤᠩᠭᠤᠯ ᠤᠨ ᠰᠢᠨᠵᠢᠯᠡᠬᠦ ᠤᠬᠠᠭᠠᠨ ᠬᠡᠪᠯᠡᠯ ᠤᠨ ᠬᠤᠷᠢᠶ᠎ᠠᠴᠢᠨ᠋ᠸ᠎ᠠ ᠶᠢᠨ ᠱᠠᠭ᠎ᠠ ᠴᠣᠪᠤᠷᠠᠯ ᠪᠢᠴᠢᠭ        ᠠᠩᠬᠠᠨ ᠳᠠᠭᠠᠨ ᠨᠢᠭᠡᠨ ᠮᠤᠳᠤᠨ ᠠᠴᠠ ᠣᠷᠭᠤᠭᠰᠠᠨ ᠨᠠᠪᠴᠢ ᠨᠤᠭᠤᠳ        ᠠᠳᠠᠭ ᠲᠤ ᠰᠠᠯᠬᠢᠨ ᠳᠤ ᠬᠡᠶᠢᠰᠴᠦ ᠠᠷᠪᠠᠨ ᠵᠦᠭ ᠪᠤᠲᠠᠷᠠᠬᠤ ᠮᠡᠳᠦ        ᠠᠮᠠᠷᠠᠭ ᠢᠨᠠᠭ ᠪᠣᠯᠵᠤ ᠨᠢᠭᠡᠨ ᠣᠷᠤᠨ᠎ᠠ ᠲᠦᠷᠦᠭᠰᠡᠳ ᠪᠦᠬᠦᠨ        ᠠᠷᠭ᠎ᠠ ᠦᠭᠡᠢ ᠦᠢᠯᠡ ᠪᠠᠷ ᠦᠪᠡᠷ ᠦᠪᠡᠷ ᠬᠠᠭᠠᠴᠠᠵᠤ ᠤᠳᠤᠨ᠎ᠠᠭᠡᠵᠦ ︽ᠰᠤᠪᠠᠰᠢᠳᠢ︾ ᠶᠢᠨ ᠲᠤᠲᠤᠷᠠᠬᠢ ᠨᠢᠭᠡᠨ ᠪᠠᠳᠠᠭ ᠰᠢᠯᠦᠭ ᠢ ᠤᠩᠰᠢᠬᠤ ᠳᠤ ᠨᠢᠯᠪᠤᠰᠤᠨ ᠤ ᠲᠤᠰᠤᠯ ᠦᠪᠡᠷ ᠤᠨ ᠡᠷᠬᠡ ᠦᠭᠡᠢ ᠬᠤᠶᠠᠷ ᠬᠠᠴᠠᠷ ᠢ ᠨᠢ ᠳᠠᠭᠠᠵᠤ ᠪᠦᠮᠪᠦᠷᠢᠪᠡ᠃ ᠭᠡᠪᠡᠴᠦ ᠴᠢᠩᠭᠦᠨᠵᠡᠪ ᠰᠡᠳᠬᠢᠯ ᠤᠨ ᠰᠢᠨᠠᠯᠤᠯ ᠳᠤ ᠠᠪᠲᠠᠵᠤ ᠪᠠᠶᠢᠭ᠎ᠠ ᠪᠠᠨ ᠮᠡᠳᠡᠵᠦ ᠨᠢᠯᠪᠤᠰᠤ ᠪᠠᠨ ᠬᠠᠭᠤᠷᠠᠢ ᠪᠤᠯᠲᠠᠯ᠎ᠠ ᠠᠷᠴᠢᠯ᠎ᠠ᠃ ᠁ ᠁        ᠳ᠋ᠠᠷᠮ᠎ᠠ ᠲᠤᠯᠤᠭᠠᠢ ᠪᠠᠨ ᠰᠡᠭᠰᠦᠷᠴᠦ᠄        - ᠲᠡᠶᠢᠮᠦ ᠪᠢᠰᠢ ᠰᠢᠦ᠂ ᠨᠠᠷᠠᠠᠭᠡᠷᠡᠯ ᠮᠢᠨᠢ᠃ ᠪᠢᠳᠡ ᠮᠠᠨᠵᠤ ᠬᠠᠭᠠᠨ ᠤ ᠦᠭᠡᠳᠡ ᠠᠴᠠ ᠪᠤᠰᠤᠨ ᠲᠡᠮᠡᠴᠡᠭᠰᠡᠨ ᠮᠢᠨᠢ ᠪᠤᠷᠤᠭᠤ ᠪᠢᠰᠢ ᠡ᠂ ᠵᠦᠪ ᠪᠠᠶᠢᠭᠰᠠᠨ᠃ ᠬᠠᠷᠢᠨ ᠡᠪ ᠬᠦᠴᠦ ᠪᠠᠨ ᠨᠢᠭᠡᠳᠬᠡᠵᠦ ᠴᠢᠳᠠᠭᠰᠠᠨ ᠦᠭᠡᠢ ᠠᠴᠠ ᠢᠩᠭᠢᠵᠦ ᠬᠤᠬᠢᠷᠠᠬᠤ ᠳᠤ ᠬᠦᠷᠦᠯ᠎ᠡ᠃ ᠮᠣᠷᠳᠠᠬᠤ ᠶᠢᠨ ᠬᠠᠵᠠᠭᠠᠢ ᠭᠡᠭᠴᠢ ᠪᠠᠷ ᠪᠢᠳᠡ ᠬᠡᠲᠦᠷᠬᠡᠢ ᠪᠤᠳᠤᠯᠭ᠎ᠠ ᠦᠭᠡᠢ ᠬᠦᠳᠡᠯᠵᠦ ᠬᠦᠩᠭᠡᠳᠡᠯ᠎ᠡ᠃ ᠰᠠᠶᠢᠨ ᠵᠡᠭᠡᠵᠦ ᠪᠠᠵᠠᠭᠠᠵᠤ ᠬᠦᠳᠡᠯᠬᠦ ᠶᠤᠰᠤᠲᠠᠢ ᠪᠠᠶᠢᠭᠰᠠᠨ ᠶᠤᠮ᠃ ᠬᠠᠯᠬ᠎ᠠ ᠤᠶᠢᠷᠠᠳ ᠬᠤᠶᠠᠷ ᠨᠢᠭᠡᠳᠬᠦ ᠭᠡᠳ ᠦᠭᠡᠳᠡ ᠲᠠᠢ ᠶᠠᠭᠤᠮ᠎ᠠ ᠪᠤᠯᠤᠭᠰᠠᠨ ᠦᠭᠡᠢ᠃ ᠮᠠᠨᠵᠤ ᠭᠡᠳᠡᠭ ᠴᠢᠨᠢ ᠲᠡᠶᠢᠮᠦ ᠠᠮᠠᠷ ᠳᠠᠶᠢᠰᠦᠨ ᠪᠢᠰᠢ ᠡ᠃ ᠁ ᠶᠡᠷᠦ ᠨᠢ ᠮᠠᠨᠵᠤ ᠭᠦᠷᠦᠨ ᠤ ᠲᠠᠯᠬᠢᠨ ᠳᠤ ᠣᠷᠤᠭᠰᠠᠨ ᠪᠦᠬᠦ ᠠᠷᠠᠳ ᠲᠥᠮᠡᠨ ᠪᠦᠭᠦᠳᠡᠭᠡᠷ ᠢᠶᠠᠨ ᠨᠢᠭᠡᠳᠴᠦ ᠨᠢᠭᠡᠨ ᠵᠡᠷᠭᠡ ᠪᠤᠰᠤᠨ ᠲᠡᠮᠡᠴᠡᠬᠦ ᠬᠡᠷᠡᠭᠲᠡᠢ ᠪᠠᠶᠢᠭᠰᠠᠨ ᠶᠤᠮ᠃ ᠭᠡᠪᠡᠴᠦ ᠭᠡᠮ  ᠨᠢ ᠤᠷᠢᠳ ᠭᠡᠮᠰᠢᠯ ᠨᠢ ᠬᠤᠶᠢᠨ᠎ᠠ ᠭᠡᠭᠴᠢ ᠪᠠᠷ ᠪᠤᠯᠤᠯ᠎ᠠ᠃ ᠮᠠᠨᠵᠤ ᠬᠠᠭᠠᠨ ᠪᠢᠳᠡᠨ ᠢ ᠪᠤᠳᠤᠯᠢᠭᠰᠠᠭᠠᠷ ᠪᠠᠶᠢᠲᠠᠯ᠎ᠠ ᠬᠦᠴᠦ ᠶᠢ ᠰᠠᠯᠭᠠᠨ᠂ ᠨᠢᠭᠡ ᠨᠢᠭᠡ ᠪᠠᠷ ᠨᠢ ᠴᠣᠬᠢᠯ᠎ᠠ᠃ ᠵᠠ ᠶᠠᠭᠠᠬᠢᠬᠤ ᠪᠤᠢ᠂  ᠬᠡᠷᠡᠭ ᠡᠶᠢᠮᠦ ᠪᠣᠯᠤᠭᠰᠠᠨ ᠬᠤᠶᠢᠨ᠎ᠠ ᠬᠡᠴᠢᠨᠡᠬᠡᠨ ᠬᠠᠷᠠᠮᠰᠠᠨ ᠭᠠᠰᠢᠭᠤᠳᠠᠪᠠᠴᠤ ᠨᠢᠭᠡᠨᠲᠡ ᠣᠷᠤᠶᠢᠲᠠᠵᠠᠢ᠃ ᠪᠢ ᠦᠨᠦᠳᠦᠷ ᠬᠤᠯᠠ ᠭᠠᠵᠠᠷ ᠶᠠᠪᠤᠬᠤ ᠶᠢᠨ ᠡᠮᠦᠨ᠎ᠡ ᠬᠤᠳᠤᠭᠲᠤ ᠶᠢᠨ ᠡᠨᠡ ᠶᠢᠷᠲᠢᠨᠴᠦ ᠳᠤ ᠦᠯᠡᠳᠡᠭᠡᠭᠰᠡᠨ ᠭᠠᠭᠴᠠ ᠶᠠᠭᠤᠮ᠎ᠠ᠂ ᠡᠨᠡ ᠬᠥᠪᠡᠭᠦᠨ ᠲᠠᠢ ᠠᠶᠠᠷᠯᠠᠨ ᠰᠠᠯᠬᠤ ᠭᠡᠰᠡᠨ ᠶᠣᠮ᠃ ᠮᠢᠨᠦ ᠰᠠᠶᠢᠨ ᠨᠦᠬᠦᠷ ᠴᠢᠩᠭᠦᠨᠵᠡᠪ᠂ ᠮᠢᠨᠦ ᠨᠤᠮ ᠤᠨ ᠰᠠᠲᠤᠨ ᠬᠤᠳᠤᠭᠲᠤ ᠬᠤᠶᠠᠷ ᠨᠠᠮᠠᠶᠢ ᠮᠤᠩᠭᠤᠯ ᠤᠯᠤᠰ ᠤᠨ ᠮᠠᠨᠳᠤᠭᠰᠠᠨ ᠪᠠᠭᠤᠷᠠᠭᠰᠠᠨ ᠢ ᠰᠤᠳᠤᠷ ᠲᠡᠦᠬᠡᠨ ᠳᠤ ᠲᠡᠮᠳᠡᠭᠯᠡᠨ ᠪᠢᠴᠢᠵᠦ ᠬᠤᠶᠢᠴᠢ ᠥᠶ᠎ᠡ ᠳᠤ ᠳᠠᠭᠤᠷᠢᠶᠠᠯ᠂ ᠴᠡᠭᠡᠷᠯᠡᠯ ᠪᠣᠯᠭᠠᠬᠤ ᠬᠡᠷᠡᠭᠲᠡᠢ ᠭᠡᠵᠦ ᠡᠷᠬᠢᠮᠯᠡᠨ ᠵᠠᠬᠢᠭᠰᠠᠨ ᠪᠢᠯᠡ᠃ ᠪᠢ ᠲᠡᠷᠡ ᠬᠤᠶᠠᠷ ᠤᠨ ᠵᠠᠬᠢᠶ᠎ᠠ ᠵᠠᠷᠯᠢᠭ ᠢ ᠪᠡᠶᠡᠯᠡᠭᠦᠯᠬᠦ ᠬᠡᠷᠡᠭᠲᠡᠢ᠃ ᠮᠤᠩᠭᠤᠯ ᠤᠨ ᠬᠠᠭᠤᠴᠢᠨ ᠲᠡᠦᠬᠡ ᠨᠠᠮᠲᠠᠷ᠂ ᠨᠡᠩ ᠢᠯᠠᠩᠭᠤᠶ᠎ᠠ ᠰᠡᠭᠦᠯ ᠤᠨ ᠶᠠᠪᠤᠳᠠᠯ ᠢ ᠵᠦᠪᠬᠡᠨ ᠮᠡᠳᠡᠬᠦ ᠲᠡᠳᠦᠢ ᠦᠭᠡᠢ᠂ ᠲᠡᠭᠦᠨ ᠳᠤ ᠪᠡᠶ᠎ᠡ ᠪᠠᠷ ᠣᠷᠤᠯᠴᠠᠵᠤ ᠶᠠᠪᠤᠯ᠎ᠠ ᠃ ᠡᠨᠡ ᠪᠦᠬᠦᠨ ᠢ ᠪᠢ ᠡᠰᠡ ᠪᠢᠴᠢᠪᠡᠯ ᠬᠡᠨ ᠪᠢᠴᠢᠬᠦ ᠪᠢᠯᠡ᠃ ᠴᠢ ᠬᠦᠦ ᠪᠠᠨ ᠲᠤᠮᠤ ᠪᠣᠯᠤᠮᠠᠭᠴᠠ ᠪᠢᠴᠢᠭ ᠦᠰᠦᠭ ᠲᠤ ᠰᠢᠮᠳᠠᠨ ᠰᠣᠷᠭ᠎ᠠ᠂ ᠡᠷᠳᠡᠮ ᠨᠣᠮ ᠲᠠᠢ ᠬᠦᠮᠦᠨ ᠪᠣᠯᠭᠠᠬᠤ ᠬᠡᠷᠡᠭᠲᠡᠢ᠃ ᠡᠴᠢᠭᠡ ᠨᠢ ᠶᠡᠭᠡ ᠤᠬᠠᠭᠠᠨᠲᠠᠢ ᠬᠦᠮᠦᠨ ᠪᠠᠶᠢᠭᠰᠠᠨ ᠶᠤᠮ᠃ ᠳ᠋ᠠᠷᠮ᠎ᠠ ᠭᠦᠦᠰᠢ ᠶᠢᠨ ᠵᠤᠬᠢᠶᠠᠭᠰᠠᠨ ︽ᠪᠣᠯᠤᠷ ᠲᠣᠯᠢ︾ ᠭᠡᠳᠡᠭ ᠲᠡᠦᠬᠡ ᠶᠢ ᠵᠠᠪᠠᠯ ᠣᠯᠵᠤ ᠤᠩᠰᠢᠬᠤ ᠬᠡᠷᠡᠭᠲᠡᠢ ᠭᠡᠵᠦ ᠲᠡᠭᠦᠨ ᠳᠤ ᠬᠡᠯᠡᠵᠦ ᠰᠠᠨᠠᠭᠤᠯᠤᠭᠠᠷᠠᠢ᠃ ᠮᠢᠨᠦ ᠪᠢᠴᠢᠬᠦ ᠲᠡᠷᠡ ᠨᠣᠮ ᠠᠴᠠ ᠡᠨᠡ ᠬᠦᠪᠡᠭᠦᠨ ᠪᠤᠯᠤᠨ ᠶᠡᠷᠦ ᠨᠢ ᠮᠤᠩᠭᠤᠯ ᠲᠤᠭᠠᠲᠠᠨ ᠬᠡᠨ ᠪᠦᠬᠦᠨ ᠮᠠᠨ ᠤ ᠮᠤᠩᠭᠤᠯ ᠤᠨ ᠮᠠᠨᠳᠤᠭᠰᠠᠨ ᠪᠠᠭᠤᠷᠠᠭᠰᠠᠨ ᠢ ᠲᠣᠯᠢᠨ ᠳᠤ ᠬᠠᠷᠠᠬᠤ ᠮᠡᠲᠦ ᠮᠡᠳᠡᠵᠦ ᠠᠪᠤᠨ᠎ᠠ᠃ ᠵᠠ ᠮᠡᠨᠳᠦ ᠰᠠᠶᠢᠨ ᠰᠠᠭᠤᠭᠠᠷᠠᠢ ᠨᠡᠷᠡᠡᠭᠡᠷᠡᠯ ᠮᠢᠨᠢ᠂ ᠮᠢᠨᠦ ᠶᠠᠪᠤᠬᠤ ᠴᠠᠭ ᠪᠣᠯᠤᠯ᠎ᠠ᠃ ᠪᠣᠷᠬᠠᠨ ᠲᠡᠭᠷᠢ᠂ ᠬᠤᠳᠤᠭᠲᠤ ᠶᠢᠨ ᠰᠠᠬᠢᠭᠤᠰᠤ ᠲᠠ ᠬᠤᠶᠠᠷ ᠢ ᠢᠪᠡᠭᠡᠨ ᠳᠡᠳᠬᠦᠬᠦ ᠪᠣᠯᠲᠤᠭᠠᠢ︕        ᠨᠡᠷᠡᠡᠭᠡᠷᠡᠯ ᠣᠭᠢᠯᠠᠨ ᠬᠦᠦ ᠪᠠᠨ ᠠᠪᠴᠤ ᠳ᠋ᠠᠷᠮ᠎ᠠ ᠠᠴᠠ ᠠᠳᠢᠰ ᠠᠪᠬᠤ ᠭᠡᠲᠡᠯ᠎ᠡ ᠳ᠋ᠠᠷᠮ᠎ᠠ ᠬᠠᠷᠢᠨ ᠬᠦᠪᠡᠭᠦᠨ ᠠᠴᠠ ᠠᠳᠢᠰ ᠠᠪᠴᠤ᠄        - ᠬᠠᠪᠤᠷ ᠪᠣᠯᠵᠤ ᠴᠡᠴᠡᠭ ᠤᠨ ᠬᠤᠷ᠎ᠠ ᠣᠷᠣᠵᠤ᠂ ᠲᠦᠮᠡᠨ ᠪᠤᠳᠠᠰ ᠳᠡᠯᠭᠡᠷᠡᠬᠦ ᠮᠡᠲᠦ ᠮᠠᠨ ᠤ ᠮᠤᠩᠭᠤᠯ ᠠᠷᠪᠠᠨ ᠲᠠᠪᠤᠨ ᠤ ᠰᠠᠷᠠ᠂ ᠠᠲᠠᠷ ᠭᠠᠵᠠᠷ ᠤᠨ ᠴᠡᠴᠡᠭ ᠰᠢᠭ ᠮᠠᠨᠳᠤᠨ ᠪᠠᠳᠠᠷᠠᠬᠤ ᠴᠠᠭ ᠢᠷᠡᠨ᠎ᠡ ᠡ᠂ ᠯᠠᠪ ᠢᠷᠡᠨ᠎ᠡ᠂ ᠯᠠᠪᠲᠠᠶ᠎ᠠ ᠢᠷᠡᠨ᠎ᠡ ᠡ᠃ ᠨᠡᠷᠡᠡᠭᠡᠷᠡᠯ ᠮᠢᠨᠢ︕ ᠭᠡᠳ ᠳᠤᠯᠳᠤᠢ ᠪᠠᠨ ᠠᠪᠤᠨ ᠰᠢᠳᠡᠮᠡᠭᠴᠡ ᠭᠠᠷᠴᠤ ᠤᠳᠪᠠ᠃        ᠬᠡᠳᠦᠶᠢᠪᠡᠷ ᠲᠤᠰ ᠨᠣᠮ ᠢ ᠤᠩᠰᠢᠵᠤ ᠦᠭᠡᠨ ᠤ ᠪᠠᠶᠠᠯᠢᠭ ᠢ ᠭᠠᠶᠢᠬᠠᠨ ᠪᠠᠭ᠋ᠠᠲᠤᠭᠰᠠᠨ ᠴᠦ ᠤᠯᠢᠭᠲᠠᠢ ᠰᠠᠶᠢᠬᠠᠨ ᠲᠠᠨᠢᠯᠴᠠᠭᠤᠯᠭ᠎ᠠ ᠬᠢᠵᠦ ᠴᠢᠳᠠᠭ᠎ᠠ ᠦᠭᠡᠢ ᠶᠢᠨ ᠬᠠᠷᠠᠭ᠎ᠠ ᠪᠠᠷ ᠵᠦᠪᠬᠡᠨ ᠨᠣᠮ ᠤᠨ ᠲᠡᠭᠦᠰᠬᠡᠯ ᠤᠨ ᠬᠡᠰᠡᠭ ᠠᠴᠠ ᠬᠠᠭᠤᠯᠤᠨ ᠰᠡᠶᠢᠷᠡᠭᠦᠯᠦᠯ᠎ᠡ᠃ ᠡᠬᠡ ᠬᠡᠯᠡᠨ ᠤ ᠪᠠᠨ ᠤᠷᠠᠨ ᠪᠠᠶᠠᠯᠢᠭ ᠢ ᠮᠡᠳᠡᠷᠡᠵᠦ᠂ ᠬᠡᠯᠡ ᠨᠠᠶᠢᠷᠠᠭᠤᠯᠭ᠎ᠠ ᠶᠢᠨ ᠤᠷᠠᠨ ᠪᠠᠶᠠᠯᠢᠭ ᠠᠴᠠ ᠨᠢ ᠰᠤᠷᠤᠯᠴᠠᠶᠤ ᠭᠡᠮᠡᠨ ᠪᠢ ᠬᠠᠯᠬ᠎ᠠ ᠵᠤᠬᠢᠶᠠᠯᠴᠢ ᠶᠢᠨ ᠨᠣᠮ ᠲᠡᠭᠦᠪᠦᠷᠢ ᠪᠤᠶᠤ ᠪᠦᠷᠢᠨᠳᠡᠭᠦᠰ᠂ ᠮᠦᠩᠬᠡ ᠵᠡᠷᠭᠡ ᠶᠢᠨ ᠦᠪᠦᠷ ᠮᠤᠩᠭᠤᠯ ᠵᠤᠬᠢᠶᠠᠯᠴᠢᠳ ᠤᠨ ᠪᠦᠲᠦᠭᠡᠯ ᠠᠴᠠ ᠤᠩᠰᠢᠬᠤ ᠳᠤᠷᠠᠲᠠᠢ᠃ ᠲᠠ ᠵᠠᠪ ᠲᠠᠢ ᠪᠤᠯᠤᠭᠠᠳ ᠰᠤᠨᠢᠷᠬᠠᠯ ᠲᠠᠢ ᠪᠣᠯ ︽ᠪᠤᠯᠤᠷ ᠲᠣᠯᠢ︾ ᠶᠢ ᠤᠩᠰᠢᠭᠠᠷᠠᠢ᠃
 
ᠢᠷᠡᠯᠲᠡ᠄ ᠬᠤᠩ ᠱᠠᠨ ᠲᠤᠭᠤᠷᠢᠭ ᠤᠨ ᠵᠠᠰᠠᠭ ᠤᠨ ᠶᠠᠪᠤᠳᠠᠯ ᠤᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号