ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ  ᠰᠤᠩᠭᠤᠳᠠᠭ ᠨᠤᠮ ᠤᠨ ᠰᠠᠩ︾ ᠳᠤ ᠰᠤᠩᠭᠤᠬᠳᠠᠵᠦ ᠣᠷᠤᠭᠰᠠᠨ ᠮᠠᠨ ᠤ ᠤᠷᠤᠨ ᠤ ᠨᠡᠷᠡᠳᠤ ᠵᠤᠬᠢᠶᠠᠯᠴᠢ ᠮᠦᠩᠬᠡ ᠶᠢᠨ ︽ᠬᠠᠨ ᠮᠤᠨᠠ ᠶᠢᠨ ᠰᠡᠭᠦᠷᠡᠰᠦ︾ ᠷᠤᠮᠠᠨ ᠤ ᠲᠣᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2019-12-18
       2018 ᠤᠨ ᠤ 9 ᠰᠠᠷ᠎ᠠ ᠶᠢᠨ 21 ᠤ ᠡᠳᠦᠷ᠂ ᠮᠠᠨ ᠤ ᠤᠷᠤᠨ ᠤ ᠨᠡᠷᠡᠳᠤ ᠵᠤᠬᠢᠶᠠᠯᠴᠢ ᠮᠦᠩᠬᠡ ᠶᠢᠨ ︽ᠬᠠᠨ ᠮᠤᠨᠠ ᠶᠢᠨ ᠰᠡᠭᠦᠷᠡᠰᠦ︾ ᠷᠤᠮᠠᠨ ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ  ᠰᠠᠩ︾ ᠳᠤ ᠰᠤᠩᠭᠤᠬᠳᠠᠵᠦ ᠤᠷᠤᠬᠰᠠᠨ ᠪᠤᠯᠤᠨ ᠺᠢᠷᠢᠯ ᠦᠰᠦᠭ ᠤᠨ ᠬᠡᠪᠯᠡᠯ ᠤᠨ ᠠᠩᠬ᠎ᠠ ᠲᠠᠷᠬᠠᠭᠠᠯᠳᠠ ᠶᠢᠨ ᠶᠤᠰᠤᠯᠠᠯ ᠵᠢᠴᠢ ᠡᠷᠳᠡᠮ ᠰᠢᠨᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ ᠵᠤᠬᠢᠶᠠᠯᠴᠢ ᠮᠦᠩᠬᠡ ᠶᠢᠨ ᠲᠦᠷᠦᠭᠰᠡᠨ ᠨᠤᠳᠤᠭ ᠪᠤᠯᠬᠤ ᠵᠢᠤᠶᠤᠸᠠᠨ ᠲᠤᠭᠤᠷᠢᠭ ᠲᠤ ᠶᠠᠪᠤᠬᠳᠠᠵᠦ᠂ ︽ᠬᠠᠨ ᠮᠤᠨᠠ ᠶᠢᠨ ᠰᠡᠭᠦᠷᠡᠰᠦ︾ ᠷᠤᠮᠠᠨ ᠨᠢ ︽ᠲᠡᠯᠭᠡᠷ ᠬᠠᠩᠭᠠᠢ︾ ᠷᠤᠮᠠᠨ ᠠᠴᠠ ᠳᠠᠷᠠᠭᠠᠬᠢ᠂ ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ ᠳᠤ ᠰᠤᠩᠭᠤᠬᠳᠠᠵᠦ ᠤᠷᠤᠬᠰᠠᠨ ᠮᠠᠨ ᠤ ᠤᠷᠤᠨ ᠤ ᠬᠤᠶᠠᠳᠡᠬᠢ ᠷᠤᠮᠠᠨ ᠪᠤᠯᠤᠬᠰᠠᠨ ᠪᠠᠶᠢᠨ᠎ᠠ᠃                ᠲᠠᠷᠬᠠᠭᠠᠯᠳᠠ ᠶᠢᠨ ᠶᠤᠰᠤᠯᠠᠯ ᠪᠤᠯᠤᠨ ᠡᠷᠳᠡᠮ ᠰᠢᠨᠵᠢᠯᠡᠬᠡᠨ ᠤ ᠰᠤᠳᠤᠯᠤᠨ ᠶᠠᠷᠢᠯᠴᠠᠬᠤ ᠬᠤᠷᠠᠯ ᠲᠡᠭᠡᠷ᠎ᠠ᠂  ᠮᠤᠩᠭᠤᠯ ᠤᠯᠤᠰ ᠤᠨ ᠤᠯᠠᠭᠠᠨᠪᠠᠭᠠᠳᠤᠷ ᠶᠡᠭᠡ ᠰᠤᠷᠭᠠᠭᠤᠯᠢ ᠶᠢᠨ ᠲᠤᠷᠤᠨᠠᠳᠠᠬᠢᠨ ᠤ ᠰᠤᠳᠤᠯᠭᠠᠨ ᠤ ᠰᠠᠯᠪᠤᠷᠢ ᠶᠢᠨ ᠡᠷᠬᠢᠯᠡᠭᠴᠢ ᠮᠦᠩᠬᠡᠨ᠋ᠤᠷᠬᠢᠯ ᠪᠤᠯᠤᠨ ᠲᠤᠰ ᠶᠡᠭᠡ ᠰᠤᠷᠭᠠᠭᠤᠯᠢ ᠶᠢᠨ ᠬᠡᠯᠡ ᠤᠷᠠᠨ ᠵᠤᠬᠢᠶᠠᠯ ᠤᠨ ᠰᠤᠳᠤᠯᠭᠠᠨ ᠤ ᠰᠠᠯᠪᠤᠷᠢ ᠶᠢᠨ ᠡᠷᠬᠢᠯᠡᠭᠴᠢ ᠪᠠᠳᠤᠳᠦ᠋ᠷᠦ ᠵᠡᠷᠭᠡ ᠭᠤᠷᠪᠠᠨ ᠡᠷᠳᠡᠮᠳᠡᠨ ᠰᠠᠭᠠᠳᠠᠵᠦ᠂ ᠲᠡᠳᠡ ᠨᠡᠷ ᠵᠤᠬᠢᠶᠠᠯᠴᠢ ᠮᠦᠩᠬᠡ  ᠪᠤᠯᠤᠨ ᠪᠦᠷᠢᠨᠳᠡᠭᠦᠰ ᠲᠤ ︽ᠬᠠᠨ ᠮᠤᠨᠠ ᠶᠢᠨ ᠰᠡᠭᠦᠷᠡᠰᠦ︾ ᠪᠤᠯᠤᠨ ︽ᠲᠡᠯᠭᠡᠷ ᠬᠠᠩᠭᠠᠢ︾ ᠬᠤᠶᠠᠷ ᠷᠤᠮᠠᠨ ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ ᠳᠤ ᠰᠤᠩᠭᠤᠬᠳᠠᠭᠰᠡᠨ ᠪᠠᠳᠤᠯᠠᠮᠵᠢ ᠪᠢᠴᠢᠭ ᠢ ᠤᠯᠭᠤᠵᠦ᠂ ᠵᠤᠬᠢᠶᠠᠯᠴᠢ ᠮᠦᠩᠬᠡ ᠳᠤ ︽ᠬᠠᠨ ᠮᠤᠨᠠ ᠶᠢᠨ ᠰᠡᠭᠦᠷᠡᠰᠦ︾ ᠷᠤᠮᠠᠨ ᠤ ᠺᠢᠷᠢᠯ  ᠦᠰᠦᠭ ᠤᠨ ᠬᠡᠪᠯᠡᠯ ᠢ ᠭᠠᠷᠳᠠᠭᠤᠯᠤᠬᠰᠠᠨ ᠪᠠᠶᠢᠨ᠎ᠠ᠃ ᠵᠤᠬᠢᠶᠠᠯᠴᠢ ᠮᠦᠩᠬᠡ ᠠᠴᠠ ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ ᠡᠬᠡ ᠰᠤᠶᠤᠯ ᠤᠨ ᠪᠠᠶᠠᠨ ᠬᠦᠷᠦᠩᠬᠡ ᠶᠢ ᠬᠦᠷᠦᠩᠬᠡᠰᠢᠬᠦᠯᠬᠦ ᠶᠢᠨ ᠡᠭᠦᠳᠡᠨ ᠠᠴᠠ ᠷᠤᠮᠠᠨ ᠪᠦᠳᠦᠭᠡᠯ ᠢ ᠨᠢ ᠰᠤᠩᠭᠤᠨ ᠬᠦᠮᠦᠷᠭᠡᠯᠡᠭᠰᠡᠨ ᠳᠤ ᠪᠠᠶᠠᠷᠯᠠᠨ ᠲᠠᠯᠠᠷᠬᠠᠬᠤ ᠶᠢᠨ ᠲᠠᠭᠠᠤ᠂ ︽ᠬᠠᠨ ᠮᠤᠨᠠ ᠶᠢᠨ ᠰᠡᠭᠦᠷᠡᠰᠦ︾ ᠷᠤᠮᠠᠨ ᠤ ᠪᠠᠨ ᠺᠢᠷᠢᠯ ᠦᠰᠦᠭ ᠤᠨ ᠬᠡᠪᠯᠡᠯ᠂ ᠤᠢᠢᠭᠤᠷᠵᠢᠨ ᠮᠤᠩᠭᠤᠯ ᠦᠰᠦᠭ ᠤᠨ ᠰᠢᠨ᠎ᠠ ᠬᠡᠪᠯᠡᠯ ᠪᠤᠯᠤᠨ ᠬᠢᠳᠡᠳ ᠬᠡᠯᠡᠡ ᠤ ᠬᠡᠪᠯᠡᠯ ᠢ ᠵᠢᠤᠶᠤᠸᠠᠨ ᠲᠤᠭᠤᠷᠢᠭ ᠤᠨ ᠮᠤᠩᠭᠤᠯ ᠦᠨᠳᠦᠰᠦᠳᠡᠨ ᠤ ᠪᠠᠭ᠎ᠠ ᠰᠤᠷᠭᠠᠭᠤᠯᠢ ᠪᠤᠯᠤᠨ ᠤᠩᠰᠢᠬᠴᠢᠳ ᠲᠤ ᠪᠡᠯᠡᠭᠯᠡᠭᠰᠡᠨ ᠪᠠᠶᠢᠨ᠎ᠠ᠃ ᠬᠤᠷᠠᠯ ᠳᠤ ᠤᠷᠤᠯᠴᠠᠬᠰᠠᠨ ᠤᠯᠠᠭᠠᠨᠪᠠᠭᠠᠳᠤᠷ ᠶᠡᠭᠡ ᠰᠤᠷᠭᠠᠭᠤᠯᠢ ᠶᠢᠨ ᠡᠷᠳᠡᠮᠳᠡᠳ ᠪᠤᠯᠤᠨ ᠮᠠᠨ ᠤ ᠤᠷᠤᠨ ᠤ ᠵᠤᠬᠢᠶᠠᠯᠴᠢ᠂ ᠤᠷᠠᠨ ᠵᠤᠬᠢᠶᠠᠯ ᠰᠤᠳᠤᠯᠤᠭᠠᠴᠢ ᠠᠴᠠ ︽ᠬᠠᠨ ᠮᠤᠨᠠ ᠶᠢᠨ ᠰᠡᠭᠦᠷᠡᠰᠤ︾ ᠷᠤᠮᠠᠨ ᠤ ᠤᠷᠠᠯᠢᠭ ᠤᠨ ᠠᠮᠵᠢᠯᠳᠠ ᠶᠢ ᠲᠠᠬᠢᠨᠳᠠ ᠦᠨᠳᠦᠷ ᠢᠶᠠᠷ ᠦᠨᠡᠯᠡᠵᠦ᠂ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾  ᠳᠤ ᠪᠢᠯᠢᠭ ᠤᠨ ᠦᠪ ᠢᠶᠠᠨ ᠪᠦᠷᠢᠳᠬᠡᠬᠦᠯᠦᠭᠰᠡᠨ ᠵᠤᠬᠢᠶᠠᠯᠴᠢ ᠮᠦᠩᠬᠡ ᠳᠤ ᠲᠠᠷᠠᠭᠠᠴᠢ ᠶᠢᠨ ᠰᠤᠳᠤᠨ ᠪᠦᠳᠦᠭᠡᠯ ᠤᠨ ᠦᠨᠳᠤᠷ ᠠᠮᠵᠢᠯᠳᠠ ᠶᠢ ᠬᠦᠰᠡᠭᠰᠡᠨ ᠪᠠᠶᠢᠨ᠎ᠠ᠃                ᠤᠢᠢᠯᠠᠭᠠᠬᠰᠠᠨ ᠢᠶᠠᠷ᠂ ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ ᠪᠤᠯ ᠮᠤᠩᠭᠤᠯ ᠤᠯᠤᠰ ᠤᠨ ᠤᠯᠠᠭᠠᠨᠪᠠᠭᠠᠳᠤᠷ ᠶᠡᠭᠡ ᠰᠤᠷᠭᠠᠭᠤᠯᠢ ᠶᠢᠨ 2008 ᠤᠨ ᠠᠴᠠ ᠡᠬᠢᠯᠡᠨ ᠰᠠᠨᠠᠭᠠᠴᠢᠯᠠᠨ ᠶᠠᠪᠤᠬᠳᠠᠭᠤᠯᠵᠦ ᠪᠠᠶᠢᠭ᠎ᠠ ᠨᠢᠭᠡᠨ ᠬᠡᠯᠡ ᠰᠤᠶᠤᠯ ᠤᠨ ᠲᠠᠷᠬᠠᠨ ᠢᠨᠵᠧᠨᠧᠷᠢᠩ ᠪᠠᠶᠢᠵᠦ᠂ ᠲᠤᠮᠳᠠᠳᠤ ᠤᠯᠤᠰ ᠤᠨ ᠮᠤᠩᠭᠤᠯᠴᠢ ᠡᠷᠳᠡᠮᠳᠡᠳ ᠪᠠ ᠮᠤᠩᠭᠤᠯ ᠡᠷᠳᠡᠮᠳᠡᠳ ᠤᠨ ᠮᠤᠩᠭᠤᠯ ᠰᠤᠳᠤᠯᠤᠯ ᠤᠨ ᠰᠤᠳᠤᠨ ᠪᠦᠳᠦᠭᠡᠯ ᠢ ᠺᠢᠷᠢᠯ ᠦᠰᠦᠭ ᠲᠡᠭᠡᠷ᠎ᠠ ᠬᠦᠷᠪᠡᠭᠦᠯᠵᠤ ᠪᠠᠶᠢᠭ᠎ᠠ ᠠᠵᠢᠯᠯᠠᠭ᠎ᠠ ᠪᠤᠯᠤᠨ᠎ᠠ᠃ ᠰᠤᠩᠭᠤᠨ ᠤᠷᠤᠭᠤᠯᠤᠬᠰᠠᠨ ᠤᠤᠭᠠᠨ ᠪᠦᠳᠦᠭᠡᠯ ᠨᠢ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠫᠷᠦᠹᠧᠰᠰᠤᠷ ᠪ᠊ · ᠭᠡᠷᠡᠯᠳᠤ ᠶᠢᠨ ᠡᠷᠳᠡᠨ ᠤ  ᠮᠤᠩᠭᠤᠯ ᠤᠷᠠᠨ ᠵᠤᠬᠢᠶᠠᠯ ᠤᠨ ᠰᠢᠬᠦᠮᠵᠢ ᠦᠭᠦᠯᠡᠯ ᠢ ᠲᠡᠭᠦᠪᠦᠷᠢᠯᠡᠭᠰᠡᠨ ᠪᠦᠳᠦᠭᠡᠯ ᠪᠠᠶᠢᠵᠦ᠂ ᠤᠳᠤ ᠪᠤᠯᠳᠠᠯ᠎ᠠ ᠨᠡᠶᠢᠳᠡ 26 ᠪᠤᠳᠢ ᠡᠶᠢᠮᠦᠷᠬᠦ ᠮᠤᠩᠭᠤᠯ ᠰᠤᠳᠤᠯᠤᠯ ᠤᠨ ᠰᠤᠳᠤᠨ ᠪᠦᠳᠦᠭᠡᠯ ᠢ ᠰᠤᠩᠭᠤᠨ ᠤᠷᠤᠭᠤᠯᠤᠭᠠᠳ ᠪᠠᠶᠢᠨ᠎ᠠ᠃ 2017 ᠤᠨ ᠳᠤ᠂ ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ ᠨᠢ ︽ᠲᠡᠯᠭᠡᠷ ᠬᠠᠩᠭᠠᠢ︾ ᠷᠤᠮᠠᠨ ᠢ ᠰᠤᠩᠭᠤᠨ ᠤᠷᠤᠭᠤᠯᠵᠦ ᠺᠢᠷᠢᠯ ᠦᠰᠦᠭ ᠢᠶᠠᠷ ᠬᠡᠪᠯᠡᠨ᠂ ᠤᠭ ᠬᠡᠪᠯᠡᠯ ᠨᠢ ᠺᠢᠷᠢᠯ ᠦᠰᠦᠭ ᠤᠨ ᠪᠤᠰᠤ ᠰᠤᠩᠭᠤᠳᠠᠭ ᠮᠤᠩᠭᠤᠯ ᠤᠷᠠᠨ ᠵᠤᠬᠢᠶᠠᠯ ᠤᠨ ᠪᠦᠳᠦᠭᠡᠯ ᠢ ᠰᠤᠩᠭᠤᠨ ᠤᠷᠤᠭᠤᠯᠬᠤ ᠠᠩᠬᠠᠨ ᠤ ᠬᠦᠰᠢᠭᠡ ᠶᠢ ᠢᠷᠠᠬᠰᠠᠨ ᠪᠠᠶᠢᠨ᠎ᠠ᠃         ︽ᠳᠡᠯᠭᠡᠷ ᠬᠠᠩᠭᠠᠢ︾᠂ ︽ᠬᠠᠨ ᠮᠤᠨᠠ ᠶᠢᠨ ᠰᠡᠭᠦᠷᠡᠰᠦ︾ ᠷᠤᠮᠠᠨ ᠨᠢ ᠰᠢᠯᠢᠳᠡᠭ ᠤᠨ ᠬᠤᠪᠢ ᠪᠠᠷ ᠰᠡᠬᠦᠶᠢᠵᠦ ᠰᠦᠨᠳᠡᠷᠯᠡᠭᠰᠡᠨ ᠤ ᠤᠴᠢᠷ ᠨᠢ ᠡᠳᠦᠷ ᠲᠤᠲᠤᠮ ᠤᠨ ᠠᠳᠠᠯ ᠠᠮᠢᠳᠤᠷᠠᠯ ᠳᠤ ᠢᠯᠡᠷᠡᠭᠰᠡᠨ ᠨᠤᠲᠤᠭᠴᠢ ᠦᠢᠯᠡ ᠠᠵᠢᠯᠯᠠᠭ᠎ᠠ᠂  ᠨᠠᠷᠢᠨ ᠨᠠᠨᠳᠢᠨ ᠶᠤᠰᠤ ᠵᠠᠶ᠋ᠢᠭ᠂ ᠬᠠᠶᠠ ᠭᠠᠷᠬᠤ ᠨᠤᠲᠤᠭ ᠤᠨ ᠠᠶᠠᠯᠭᠤ ᠵᠡᠷᠭᠡ ᠨᠢ ᠨᠤᠲᠤᠭ ᠰᠠᠨᠠᠭᠰᠠᠨ ᠨᠡᠭᠦᠳᠡᠯ ᠤᠶᠤᠲᠠᠨ ᠰᠡᠭᠡᠭᠡᠲᠡᠳ ᠵᠢᠴᠢ ᠨᠤᠲᠤᠭ ᠲᠤ ᠪᠠᠨ ᠰᠠᠭᠤᠵᠤ ᠨᠤᠭᠤᠯᠤᠭᠤᠷ ᠢᠶᠠᠨ ᠢᠳᠡᠭᠰᠡᠨ ᠦᠬᠢᠳ ᠬᠦᠪᠡᠭᠦᠳ ᠤᠨ ᠨᠤᠲᠤᠭᠴᠢ ᠰᠡᠳᠬᠢᠯᠭᠡ᠂ ᠨᠣᠲᠤᠭ ᠤᠰᠤ ᠪᠠᠨ ᠭᠡᠮᠡᠬᠦ ᠰᠠᠨᠠᠭᠠᠰᠢᠷᠠᠯ᠂ ᠪᠠᠶᠢᠭᠠᠯᠢ ᠠᠬᠤᠢ ᠳᠤ ᠪᠠᠨ ᠬᠠᠶᠢᠷᠠᠲᠠᠢ ᠨᠠᠶᠢᠷᠲᠠᠢ ᠪᠠᠶᠢᠬᠤ ᠰᠡᠳᠬᠢᠯ ᠢ ᠳᠠᠭᠤᠳᠠᠨ ᠰᠡᠷᠡᠭᠡᠵᠦ᠂ ᠪᠤᠳᠠᠳᠤ ᠠᠬᠤᠢ ᠶᠢᠨ ᠲᠣᠭᠤᠰᠤ ᠲᠣᠷᠳᠤᠭ ᠲᠤ ᠳᠠᠷᠤᠭᠳᠠᠵᠤ ᠪᠠᠯᠠᠷᠬᠠᠶᠢᠲᠤᠭᠰᠠᠨ ᠪᠠᠭᠠᠲᠤᠷᠯᠢᠭ ᠤᠬᠠᠮᠰᠠᠷ᠂ ᠭᠡᠨᠡᠨ ᠴᠠᠶᠢᠯᠭᠠᠨ᠂ ᠤᠮᠤᠭᠯᠠᠩ ᠵᠠᠩ ᠢ ᠤᠶᠢᠯᠤᠨ ᠳᠠᠪᠠᠯᠭᠠᠯᠠᠭᠤᠯᠵᠤ ᠴᠢᠳᠠᠭᠰᠠᠨ ᠢᠶᠠᠷ ᠢᠶᠠᠨ ᠰᠤᠯᠤᠩᠭᠠᠷᠠᠵᠤ ᠴᠢᠳᠠᠭᠰᠠᠨ ᠪᠤᠢ ᠭᠡᠵᠦ ᠪᠢ ᠦᠵᠡᠨ᠎ᠡ᠃        ᠮᠠᠨ ᠤ ᠰᠦᠯᠵᠢᠶ᠎ᠡ ᠨᠢ ︽ᠨᠣᠮ ᠬᠡᠪᠯᠡᠯ︾ ᠪᠤᠯᠤᠩ ᠳᠤ ᠪᠠᠨ ︽ᠳᠡᠯᠭᠡᠷ ᠬᠠᠩᠭᠠᠢ︾ ᠷᠤᠮᠠᠨ ᠢ ᠲᠠᠨᠢᠯᠴᠠᠭᠤᠯᠵᠤ ᠪᠠᠶᠢᠭᠰᠠᠨ ᠶᠤᠮ᠃ ᠲᠡᠭᠡᠪᠡᠯ ︽ᠬᠠᠨ ᠮᠤᠨᠢ ᠶᠢᠨ ᠰᠡᠭᠦᠷᠡᠰᠦ︾ ᠷᠤᠮᠠᠨ ᠨᠢ ᠴᠣᠬᠤᠮ ᠶᠠᠮᠠᠷᠰᠢᠦ ᠪᠣᠯ︖ ᠤᠩᠰᠢᠭᠴᠢᠳ ᠮᠠᠨᠢ ︽ᠬᠠᠨ ᠮᠤᠨᠢ ᠶᠢᠨ ᠰᠡᠭᠦᠷᠡᠰᠦ︾ ᠨᠢ ᠬᠡᠯᠡ ᠬᠡᠯᠡᠯᠭᠡ᠂ ᠤᠷᠠᠨ ᠰᠡᠳᠬᠢᠮᠵᠢ᠂ ᠠᠮᠢᠳᠤᠷᠠᠯ ᠢ ᠵᠢᠷᠤᠭᠯᠠᠵᠤ ᠴᠢᠳᠠᠭᠰᠠᠨ᠂ ᠠᠮᠢᠳᠤᠷᠠᠯ ᠠᠴᠠ ᠳᠠᠪᠠᠵᠤ ᠴᠢᠳᠠᠭᠰᠠᠨ᠂ ᠮᠤᠩᠭᠤᠯ ᠬᠦᠮᠦᠨ ᠤ ᠦᠨᠡᠨ ᠮᠦᠨ ᠵᠠᠩ ᠴᠢᠨᠠᠷ᠂ ᠠᠮᠢᠳᠤᠷᠠᠯ ᠠᠬᠤᠢ᠂ ᠦᠵᠡᠯ ᠤᠬᠠᠮᠰᠠᠷ ᠢ ᠦᠵᠡᠭᠦᠯᠵᠦ ᠴᠢᠳᠠᠭᠰᠠᠨ ᠢᠶᠠᠷ ᠢᠶᠠᠨ ᠤᠨᠴᠠᠯᠠᠭᠳᠠᠵᠤ ᠪᠠᠶᠢᠨ᠎ᠠ᠃ ᠪᠢ ᠦᠪᠡᠷ ᠢᠶᠠᠨ ᠶᠠᠮᠠᠷᠬᠠᠨ ᠵᠣᠬᠢᠶᠠᠯ ᠪᠣᠯ ᠭᠡᠵᠦ ᠠᠰᠠᠭᠤᠯᠲᠠ ᠲᠠᠯᠪᠢᠵᠤ ᠤᠩᠰᠢᠬᠤ ᠲᠤᠷᠠᠲᠠᠢ ᠤᠴᠢᠷ ᠠᠴᠠ ᠨᠣᠮ ᠤᠨ ᠲᠠᠨᠢᠯᠴᠠᠭᠤᠯᠭ᠎ᠠ ᠶᠢ ᠳᠡᠩᠳᠡᠭᠦᠦ ᠨᠠᠷᠢᠯᠢᠭ ᠬᠢᠬᠦ ᠳᠤᠷ᠎ᠠ ᠦᠭᠡᠢ ᠪᠠᠶᠢᠳᠠᠭ ᠢ ᠮᠢᠨᠢ ᠤᠶᠢᠯᠠᠭᠠᠵᠤ ᠪᠠᠭᠲᠠᠭᠠᠮᠤ︕ ᠵᠠᠪ ᠲᠠᠢ ᠪᠤᠯᠤᠭᠠᠳ ᠴᠢᠯᠦᠭᠡ ᠲᠠᠢ ᠪᠣᠯ ᠵᠠᠪᠠᠯ ᠤᠩᠰᠢᠬᠤ ᠨᠣᠮ ᠭᠡᠳᠡᠭ ᠢ ᠳᠠᠪᠲᠠᠨ ᠰᠠᠨᠠᠭᠤᠯᠤᠶ᠎ᠠ᠃ ᠰᠦᠯᠵᠢᠶᠡᠨ ᠳᠤ ᠰᠤᠯᠠ ᠵᠤᠭᠤᠭᠳᠠᠬᠤ ᠦᠭᠡᠢ ᠨᠣᠮ ᠤᠨ ᠭᠦᠨ ᠳᠠᠯᠠᠢ ᠳᠤ ᠮᠤᠨᠠ ᠠᠭᠤᠯᠠ ᠶᠢᠨ ᠡᠩᠭᠡᠷ ᠪᠤᠶᠤ ᠳᠡᠯᠭᠡᠷ ᠬᠠᠩᠭᠠᠢ ᠶᠢᠨ ᠦᠨᠢᠷ ᠵᠤᠰᠠᠭᠠᠯ᠂ ᠦᠩᠰᠢᠭ ᠡᠪᠦᠯᠵᠢᠶ᠎ᠡ ᠨᠦᠭᠦᠳ ᠢᠶᠠᠷ ᠳᠠᠩᠳᠠ ᠤᠲᠤᠷᠯᠠᠵᠤ ᠬᠠᠪᠤᠷᠵᠢᠵᠤ ᠵᠤᠰᠠᠵᠤ ᠨᠠᠮᠤᠷᠵᠢᠵᠦ ᠡᠪᠦᠯᠵᠢᠵᠦ ᠤᠨ ᠤ ᠤᠨ᠂ ᠵᠢᠯ ᠠᠴᠠ ᠵᠢᠯ ᠮᠤᠩᠭᠤᠯ ᠢᠶᠠᠷ ᠢᠶᠠᠨ ᠤᠨᠳᠤᠷᠤᠵᠤ ᠪᠠᠶᠢᠵᠠᠭᠠᠶ᠎ᠠ ᠮᠤᠩᠭᠤᠯᠴᠤᠳ ᠮᠢᠨᠢ︕
 
ᠢᠷᠡᠯᠲᠡ᠄ ᠬᠤᠩ ᠱᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号