| - ᠤᠯᠠᠭᠠᠨᠬᠠᠳᠠ ᠶᠢᠨ ᠨᠡᠷᠡᠲᠦ ᠬᠥᠭᠡᠮᠡᠶᠢᠴᠢᠨ ᠠᠳᠬᠠ ᠶᠢ ᠰᠣᠷᠪᠤᠯᠵᠢᠯᠠᠭᠰᠠᠨ ᠨᠢ | ᠬᠥᠭᠡᠮᠡᠢ ᠤᠷᠠᠯᠢᠭ - ᠮᠤᠩᠭᠤᠯ ᠦᠨᠳᠦᠰᠦᠲᠡᠨ ᠤ ᠢᠵᠠᠭᠤᠷ ᠤᠷᠠᠯᠢᠭ ᠤᠨ ᠨᠢᠭᠡ᠂ ᠲᠡᠷᠡ ᠨᠢ | ᠨᠡᠭᠦᠳᠡᠯᠴᠢᠨ ᠠᠮᠢᠳᠤᠷᠠᠯ᠂ ᠪᠠᠶᠢᠭᠠᠯᠢ ᠶᠢᠨ ᠦᠵᠡᠭᠳᠡᠯ᠂ ᠠᠩ ᠭᠦᠷᠦᠭᠡ᠂ ᠠᠭᠤᠯᠠ ᠭᠤᠤᠯ ᠤᠨ ᠬᠠᠷᠬᠢᠷ᠎ᠠ ᠬᠦᠷᠬᠢᠷ᠎ᠡ | ᠂ ᠮᠠᠯ ᠠᠮᠢᠲᠠᠳ ᠤᠨ ᠳᠠᠭᠤ ᠴᠢᠮᠡᠭᠡᠨ ᠠᠴᠠ ᠡᠭᠦᠰᠦᠯ ᠲᠠᠢ᠃ ᠬᠦᠮᠦᠨ ᠠᠷᠠᠳ ᠪᠠ ᠡᠬᠡ ᠪᠠᠶᠢᠭᠠᠯᠢ ᠶᠢᠨ | ᠲᠤᠭᠲᠠᠯᠴᠠᠭ᠎ᠠ ᠪᠠᠨ ᠤᠷᠠᠯᠢᠭ ᠢᠶᠠᠷ ᠰᠠᠶᠢᠬᠠᠨ ᠢᠯᠡᠷᠬᠡᠶᠢᠯᠡᠵᠦ ᠴᠢᠳᠠᠳᠠᠭ ᠢᠶᠠᠷ ᠢᠶᠠᠨ ᠬᠥᠭᠡᠮᠡᠢ ᠶᠢ ᠪᠠᠰᠠ ︽ᠲᠡᠭᠷᠢᠯᠢᠭ | ᠡᠭᠡᠰᠢᠭ︾ ᠭᠡᠯᠲᠡᠢ᠃ ᠡᠭᠦᠨ ᠳᠤ ᠦᠨᠳᠦᠰᠦᠲᠡᠨ ᠤ ᠪᠠᠨ ᠡᠨᠡ ᠰᠠᠶᠢᠬᠠᠨ ᠡᠭᠡᠰᠢᠭ ᠢᠶᠠᠷ ᠦᠢᠯᠡᠰ ᠤᠨ ᠬᠠᠷᠭᠤᠢ ᠪᠠᠨ | ᠴᠢᠮᠡᠭᠰᠡᠨ ᠬᠦᠮᠦᠨ ᠪᠣᠯ ᠮᠠᠨ ᠤ ᠤᠳᠠᠨ ᠨᠤᠲᠤᠭ ᠤᠨ ᠨᠡᠷᠡᠲᠦ ᠬᠥᠭᠡᠮᠡᠶᠢᠴᠢᠨ ᠠᠳᠬᠠ ᠪᠤᠯᠤᠨ᠎ᠠ᠃ | ᠤᠷᠴᠢᠮᠬᠠᠨ ᠪᠢᠳᠡ ︽ᠮᠠᠨ ᠤ ᠤᠷᠠᠯᠢᠭᠴᠢᠨ︾ ᠰᠢᠷᠢᠰ ᠮᠡᠳᠡᠭᠡᠯᠡᠯ ᠢᠶᠠᠷ ᠢᠶᠠᠨ ᠬᠥᠭᠡᠮᠡᠶᠢᠴᠢᠨ ᠠᠳᠬᠠ ᠶᠢ | ᠠᠵᠠ ᠪᠠᠷ ᠰᠣᠷᠪᠤᠯᠵᠢᠯᠠᠭᠰᠠᠨ ᠶᠤᠮ᠃ | ᠤᠷᠠᠯᠢᠭᠴᠢᠨ ᠬᠥᠮᠦᠨ ᠰᠢᠲᠦᠭᠡᠨ ᠲᠠᠢ ᠭᠡᠳᠡᠭ ᠢᠶᠠᠷ ᠬᠥᠭᠡᠮᠡᠢ ᠤᠷᠠᠯᠢᠭ ᠪᠣᠯ ᠠᠳᠬᠠ ᠶᠢᠨ ᠰᠢᠲᠦᠭᠡᠨ | ᠪᠤᠯᠵᠠᠢ᠃ ᠲᠡᠭᠦᠨ ᠤ ᠬᠥᠭᠡᠮᠡᠢ ᠪᠠᠷ ᠰᠤᠯᠤᠩᠭᠠᠷᠠᠭᠰᠠᠨ ᠤᠷᠠᠯᠢᠭ ᠤᠨ ᠠᠶᠠᠨ ᠢ ᠠᠳᠡ ᠶᠠᠷᠢᠶ᠎ᠠ᠃ | ᠠᠳᠬᠠ ᠬᠡᠰᠢᠭᠲᠡᠨ ᠬᠤᠰᠢᠭᠤᠨ ᠤ ᠪᠠᠶᠠᠨᠴᠠᠭᠠᠨ ᠰᠣᠮᠤᠨ ᠤ ᠪᠠᠶᠠᠩᠭᠤᠤᠯ ᠭᠠᠴᠠᠭᠠᠨ ᠳᠤ ᠨᠤᠲᠤᠭᠲᠠᠢ᠃ | ᠲᠡᠷᠡᠪᠡᠷ ᠬᠠᠷᠠᠬᠠᠨ ᠪᠠᠭ᠎ᠠ ᠠᠴᠠ ᠪᠠᠨ ᠭᠡᠷ ᠪᠥᠯᠢ ᠶᠢᠨ ᠨᠦᠯᠦᠭᠡ ᠠᠴᠠ ᠪᠠᠨ ᠪᠤᠯᠵᠤ ᠳᠠᠭᠤᠤ ᠤᠷᠠᠯᠢᠭ ᠲᠤ ᠣᠨᠴᠠ | ᠪᠠᠭ᠋ᠠᠲᠠᠢ ᠤᠴᠢᠷ ᠠᠴᠠ 2007 ᠤᠨ ᠳᠤ ᠬᠦᠬᠡᠬᠤᠲᠠ ᠳᠤ ᠬᠤᠭᠤᠯᠠᠨ ᠭᠡᠷ ᠲᠤ ᠦᠢᠯᠡᠴᠢᠯᠡᠭᠴᠢ ᠶᠢᠨ ᠠᠵᠢᠯ ᠬᠢᠵᠦ | ᠪᠠᠶᠢᠬᠤ ᠳᠠᠭᠠᠨ ᠬᠤᠭᠤᠯᠠᠨ ᠭᠡᠷ ᠤᠨ ᠴᠠᠭᠠᠨ ᠰᠠᠷ᠎ᠠ ᠶᠢᠨ ᠳᠠᠭᠤᠨ ᠤ ᠤᠷᠤᠯᠳᠤᠭᠠᠨ ᠳᠤ ᠲᠡᠷᠢᠭᠦᠯᠡᠵᠦ ᠬᠠᠮᠲᠤ | ᠠᠵᠢᠯᠯᠠᠭᠰᠠᠳ ᠤᠨ ᠢᠶᠠᠨ ᠵᠤᠷᠢᠭᠵᠢᠭᠤᠯᠤᠯ ᠢ ᠤᠯᠵᠤ᠂ ᠤᠷᠠᠯᠢᠭ ᠤᠨ ᠵᠠᠮ ᠢ ᠡᠬᠢᠯᠡᠨ ᠬᠦᠭᠡᠭᠡᠴᠡᠯᠳᠦᠭᠰᠡᠨ ᠪᠠᠶᠢᠨ᠎ᠠ᠃ | | 2009 ᠤᠨ ᠤ ᠡᠪᠦᠯ ᠠᠳᠬᠠ ᠬᠦᠬᠡᠬᠤᠲᠠ ᠶᠢᠨ ︽ᠪᠠᠭᠠᠲᠤᠷ ᠢᠵᠠᠭᠤᠷ ᠤᠷᠠᠯᠢᠭ ᠤᠨ ᠰᠤᠷᠭᠠᠭᠤᠯᠢ︾ | ᠳᠤ ᠡᠬᠢᠯᠡᠨ ᠪᠥᠵᠢᠭ᠂ ᠳᠠᠭᠤᠤ ᠰᠤᠷᠴᠤ ᠪᠠᠶᠢᠭᠰᠠᠨ ᠢᠶᠠᠨ ᠬᠠᠮᠲᠤ ᠰᠤᠷᠤᠯᠴᠠᠵᠤ ᠪᠠᠶᠢᠭᠰᠠᠨ ᠨᠠᠶᠢᠵᠠ ᠠᠴᠠ ᠪᠠᠨ | ᠮᠤᠩᠭᠤᠯ ᠤᠯᠤᠰ ᠤᠨ ᠨᠡᠷᠡᠲᠦ ᠬᠥᠭᠡᠮᠡᠶᠢᠴᠢᠨ ᠮᠠᠨᠳᠤᠪᠠᠶᠠᠷ ᠪᠠᠭᠰᠢ ᠬᠦᠬᠡᠬᠤᠲᠠ ᠳᠤ ᠢᠷᠡᠵᠦ ᠬᠥᠭᠡᠮᠡᠢ ᠵᠢᠭᠠᠬᠤ | ᠰᠠᠶᠢᠬᠠᠨ ᠴᠢᠮᠡᠭᠡ ᠶᠢ ᠳᠤᠭᠤᠯᠤᠯ᠎ᠠ᠃ ᠲᠡᠷᠡ ᠦᠶᠡᠰ ᠬᠥᠭᠡᠮᠡᠢ ᠤᠷᠠᠯᠢᠭ ᠦᠪᠦᠷ ᠮᠤᠩᠭᠤᠯ ᠤᠷᠤᠨ ᠢᠶᠠᠷ ᠤᠷᠤᠰᠬᠠᠯ | ᠳᠠᠭᠠᠭᠰᠠᠨ ᠤᠷᠠᠯᠢᠭ ᠪᠤᠯᠵᠤ᠂ ᠵᠠᠯᠠᠭᠤ ᠤᠷᠠᠯᠢᠭᠴᠢᠳ ᠤᠨ ᠰᠤᠨᠢᠷᠬᠠᠯ ᠢ ᠲᠠᠲᠠᠵᠤ ᠪᠠᠶᠢᠭᠰᠠᠨ ᠠᠴᠠ ᠠᠳᠬᠠ ᠴᠦ | ᠰᠤᠨᠢᠭᠤᠴᠢ ᠰᠡᠳᠬᠢᠯ ᠢᠶᠠᠷ ᠢᠶᠠᠨ ᠰᠤᠨᠢᠷᠬᠠᠬᠤ ᠪᠠᠷ ᠤᠴᠢᠳᠠᠭ ᠪᠠᠶᠢᠭᠰᠠᠨ ᠢᠶᠠᠨ ᠨᠢᠭᠡ ᠮᠡᠳᠡᠬᠦ ᠳᠤ ᠪᠠᠬ᠎ᠠ ᠲᠠᠢ ᠪᠤᠯᠵᠤ | ᠂ ᠬᠥᠭᠡᠮᠡᠢ ᠰᠤᠷᠬᠤ ᠪᠠᠷ ᠰᠢᠢᠳᠦᠭᠰᠡᠨ ᠪᠢᠯᠡ᠃ ᠲᠡᠷᠡ ᠤᠷᠠᠯᠢᠭ ᠤᠨ ᠰᠤᠷᠭᠠᠭᠤᠯᠢ ᠳᠠᠭᠠᠨ ᠪᠥᠵᠢᠭ ᠰᠤᠷᠬᠤ ᠶᠢᠨ | ᠳᠠᠭᠠᠤ ᠮᠠᠨᠳᠤᠪᠠᠶᠠᠷ ᠪᠠᠭᠰᠢ ᠠᠴᠠ ᠬᠥᠭᠡᠮᠡᠢ ᠰᠤᠷᠴᠤ᠂ ᠨᠢᠭᠡ ᠵᠢᠯ ᠤᠨ ᠳᠠᠷᠠᠭ᠎ᠠ ᠤᠷᠠᠯᠢᠭ ᠤᠨ ᠰᠤᠷᠭᠠᠭᠤᠯᠢ ᠪᠠᠨ | ᠲᠡᠭᠦᠰᠬᠡᠨ ᠮᠠᠨᠳᠤᠪᠠᠶᠠᠷ ᠪᠠᠭᠰᠢ ᠶᠢᠨ ᠢᠶᠠᠨ ︽ᠬᠥᠭᠡᠮᠡᠢ ᠶᠢᠨ ᠪᠤᠯᠪᠠᠰᠤᠷᠠᠯ ᠤᠨ ᠠᠩᠭᠢ ︾ ᠳᠤ ᠬᠦᠷᠴᠦ | ᠵᠢᠩᠬᠢᠨᠢ ᠪᠠᠷ ᠰᠢᠰᠲ᠋ᠧᠮ ᠲᠠᠢ ᠰᠤᠷᠤᠯᠴᠠᠨ ᠬᠥᠭᠡᠮᠡᠶᠢᠴᠢᠨ ᠪᠤᠯᠠᠬᠤ ᠬᠦᠰᠡᠯ ᠢᠶᠠᠨ ᠠᠳᠡ ᠠᠴᠠ ᠡᠬᠢᠯᠡᠭᠦᠯᠦᠭᠰᠡᠨ | ᠪᠢᠯᠡ᠃ | ︽ᠬᠥᠭᠡᠮᠡᠢ ᠤᠷᠠᠯᠢᠭ ᠬᠡᠳᠦᠶᠢᠪᠡᠷ ᠬᠤᠭᠤᠯᠠᠢ ᠶᠢᠨ ᠤᠷᠠᠯᠢᠭ ᠪᠤᠯᠪᠠᠴᠤ ᠲᠡᠷᠡ ᠪᠣᠯ ᠬᠦᠮᠦᠰ ᠤᠨ ᠵᠢᠷᠦᠬᠡ | ᠰᠡᠳᠬᠢᠯᠭᠡ ᠶᠢ ᠢᠯᠡᠷᠡᠭᠦᠯᠵᠦ ᠴᠢᠳᠠᠳᠠᠭ ᠮᠤᠨᠳᠠᠭ ᠤᠷᠠᠯᠢᠭ᠂ ᠲᠡᠭᠦᠨ ᠳᠤ ᠦᠪᠡᠷ ᠤᠨ ᠬᠡᠪ ᠨᠠᠮᠪᠠ᠂ ᠦᠪᠡᠷ ᠤᠨ | ᠠᠷᠭ᠎ᠠ ᠪᠠᠷᠢᠯ ᠲᠠᠢ ᠪᠠᠶᠢᠳᠠᠭ ᠁︾ ᠭᠡᠵᠦ ᠠᠳᠬᠠ ᠬᠥᠭᠡᠮᠡᠢ ᠶᠢᠨ ᠲᠤᠬᠠᠢ ᠲᠠᠨᠢᠯᠴᠠᠭᠤᠯᠤᠨ ᠶᠠᠷᠢᠯ᠎ᠠ᠃ | ᠮᠠᠨᠳᠤᠪᠠᠶᠠᠷ ᠪᠠᠭᠰᠢ ᠠᠴᠠ ᠬᠥᠭᠡᠮᠡᠢ ᠠᠩᠬ᠎ᠠ ᠡᠬᠢᠯᠡᠵᠦ ᠰᠤᠷᠬᠤ ᠳᠤ ᠬᠤᠭᠤᠯᠠᠢ ᠪᠠᠨ ᠵᠠᠷᠤᠬᠤ᠂ | ᠳᠠᠭᠤᠯᠠᠬᠤ ᠠᠷᠭ᠎ᠠ ᠪᠠᠷᠢᠯ ᠵᠡᠷᠭᠡ ᠳᠤ ᠬᠦᠴᠢᠷᠳᠡᠵᠦ ᠪᠠᠶᠢᠭᠰᠠᠨ ᠴᠦ ᠪᠠᠭᠰᠢ ᠶᠢᠨ ᠢᠶᠠᠨ ᠵᠢᠯᠤᠭᠤᠳᠤᠯᠭ᠎ᠠ ᠳᠤᠤᠷ᠎ᠠ᠂ | ᠡᠳᠦᠷ ᠪᠦᠷᠢ ᠳᠤᠯᠤᠭᠠᠨ ᠴᠠᠭ ᠤᠨ ᠪᠤᠯᠪᠠᠰᠤᠷᠠᠯ ᠢᠶᠠᠨ ᠪᠠᠷᠢᠮᠲᠠᠯᠠᠵᠤ᠂ ᠳᠠᠭᠤᠯᠠᠬᠤ ᠠᠷᠭ᠎ᠠ ᠪᠠᠷᠢᠯ ᠢᠶᠠᠨ ᠵᠥᠪ ᠢᠶᠠᠷ | ᠵᠠᠰᠠᠵᠤ ᠴᠢᠳᠠᠳᠠᠭ ᠪᠤᠯᠤᠭᠰᠠᠨ ᠪᠠ ᠪᠠᠭᠰᠢ ᠶᠢᠨ ᠢᠶᠠᠨ ᠵᠢᠭᠠᠨ ᠵᠢᠯᠤᠭᠤᠳᠬᠤ ᠠᠷᠭ᠎ᠠ ᠪᠠᠷᠢᠯ ᠢ ᠴᠦ ᠰᠠᠶᠢᠬᠠᠨ | ᠡᠵᠡᠮᠰᠢᠭᠰᠡᠨ ᠢᠶᠠᠷ ᠢᠶᠠᠨ ᠲᠡᠷᠡ ᠤᠯᠠᠨ ᠤ ᠪᠠᠨ ᠳᠤᠮᠳᠠ ᠠᠴᠠ ᠴᠠᠭᠠᠷᠠᠵᠤ᠂ ᠪᠠᠭᠰᠢ ᠨᠢ ᠮᠤᠩᠭᠤᠯ ᠤᠯᠤᠰ ᠲᠠᠭᠠᠨ | ᠪᠤᠴᠠᠬᠤ ᠳᠠᠭᠠᠨ ᠲᠡᠭᠦᠨ ᠳᠤ ᠪᠤᠯᠪᠠᠰᠤᠷᠠᠯ ᠤᠨ ᠠᠩᠭᠢ ᠪᠠᠨ ᠨᠠᠶᠢᠳᠠᠨ ᠦᠭᠭᠦᠯ᠎ᠡ᠃ ᠲᠡᠷᠡ ᠴᠦ ᠪᠠᠭᠰᠢ ᠶᠢᠨ ᠢᠶᠠᠨ | ᠨᠠᠶᠢᠳᠠᠯᠭ᠎ᠠ ᠶᠢ ᠬᠦᠰᠡᠷᠳᠡᠭᠦᠯᠦᠭᠡ ᠦᠭᠡᠢ᠂ ᠨᠡᠩ ᠤᠯᠠᠨ ᠬᠥᠭᠡᠮᠡᠶᠢᠴᠢᠨ ᠢ ᠬᠦᠮᠦᠵᠢᠭᠦᠯᠬᠦ ᠪᠠᠷ ᠰᠢᠭᠤᠷᠬᠠᠶᠢᠯᠠᠵᠤ | ᠶᠠᠪᠤᠯ᠎ᠠ᠃ ᠲᠡᠷᠡ ᠤᠷᠢᠳ ᠬᠤᠵᠢᠳ ᠣᠷᠳᠤᠰ ᠬᠤᠲᠠ ᠶᠢᠨ ᠬᠢᠶ᠎ᠠ ᠪᠠᠭᠰᠢ ᠲᠣᠭᠤᠷᠢᠭ ᠤᠨ ᠮᠤᠩᠭᠤᠯ | ᠦᠨᠳᠦᠰᠦᠲᠡᠨ ᠤ ᠳᠤᠮᠳᠠᠳᠤ ᠰᠤᠷᠭᠠᠭᠤᠯᠢ᠂ ᠬᠦᠬᠡᠬᠤᠲᠠ ᠶᠢᠨ ᠦᠨᠳᠦᠰᠦᠲᠡᠨ ᠤ ᠳᠡᠭᠡᠳᠦ ᠰᠣᠷᠭᠠᠭᠤᠯᠢ᠂ ᠬᠢᠷᠢᠨ | ᠮᠤᠵᠢ ᠶᠢᠨ ᠭᠤᠷᠯᠤᠰ ᠤᠷᠠᠯᠢᠭ ᠤᠨ ᠰᠤᠷᠭᠠᠭᠤᠯᠢ ᠳᠤ ᠬᠥᠭᠡᠮᠡᠢ ᠶᠢᠨ ᠪᠠᠭᠰᠢ ᠪᠠᠷ ᠤᠷᠢᠭᠳᠠᠨ ᠠᠵᠢᠯᠯᠠᠵᠤ ᠪᠠᠶᠢᠭᠰᠠᠨ | ᠪᠥᠭᠡᠳ 2015 ᠤᠨ ᠳᠤ ᠳᠡᠯᠡᠬᠡᠢ ᠶᠢᠨ ᠨᠡᠷᠡᠲᠦ ᠬᠥᠭᠡᠮᠡᠶᠢᠴᠢᠨ ᠬᠤᠤᠰᠪᠠᠶᠠᠷ ᠪᠠᠭᠰᠢ ᠠᠴᠠ ᠬᠥᠭᠡᠮᠡᠢ ᠰᠤᠷᠴᠤ | ᠦᠪᠡᠷ ᠤᠨ ᠮᠡᠷᠭᠡᠵᠢᠯ ᠢᠶᠠᠨ ᠤᠯᠠᠮ ᠦᠨᠳᠦᠷ ᠲᠥᠪᠰᠢᠨ ᠳᠤ ᠬᠦᠷᠭᠡᠭᠰᠡᠨ ᠪᠠᠶᠢᠨ᠎ᠠ᠃ ᠲᠡᠷᠡᠪᠡᠷ 2014 ᠤᠨ ᠳᠤ | ᠠᠩᠬᠠᠳᠤᠭᠠᠷ ᠬᠤᠭᠤᠴᠠᠭᠠᠨ ᠤ ᠬᠥᠭᠡᠮᠡᠢ ᠶᠢᠨ ᠲᠣᠮᠤ ᠤᠷᠤᠯᠳᠤᠭᠠᠨ ᠳᠤ ᠰᠢᠯᠢᠳᠡᠭ ᠱᠠᠩᠨᠠᠯ ᠲᠤᠰᠴᠤ᠂ 2015 | ᠤᠨ ᠳᠤ ᠳᠤᠮᠳᠠᠳᠤ ᠤᠯᠤᠰ ᠤᠨ ᠦᠨᠳᠦᠰᠦᠲᠡᠨ ᠤ ᠳᠠᠭᠤᠤ ᠪᠥᠵᠢᠭ ᠤᠨ ᠤᠷᠤᠯᠳᠤᠭᠠᠨ ᠳᠤ ᠭᠤᠷᠪᠠᠳᠤᠭᠠᠷ | ᠳᠡᠰ ᠤᠨ ᠱᠠᠩᠨᠠᠯ ᠬᠦᠷᠲᠡᠵᠦ᠂ ᠮᠦᠨ ᠪᠥᠬᠦ ᠤᠯᠤᠰ ᠤᠨ ᠦᠨᠳᠦᠰᠦᠲᠡᠨ ᠤ ᠳᠠᠭᠤᠴᠢᠨ ᠤ ᠠᠷᠪᠠᠨ ᠬᠦᠴᠦᠷᠬᠡᠭ ᠤᠨ | ᠴᠤᠯᠠ ᠬᠦᠷᠲᠡᠭᠰᠡᠨ ᠪᠠᠶᠢᠨ᠎ᠠ᠃ ᠲᠡᠷᠡᠪᠡᠷ 2018 ᠤᠨ ᠤ 9 ᠰᠠᠷ᠎ᠠ ᠳᠤ ᠲᠠᠪᠤᠳᠤᠭᠠᠷ ᠬᠤᠭᠤᠴᠠᠭᠠᠨ ᠤ ᠤᠯᠠᠨ | ᠤᠯᠤᠰ ᠤᠨ ᠬᠥᠭᠡᠮᠡᠢ ᠶᠢᠨ ᠤᠷᠤᠯᠳᠤᠭᠠᠨ ᠳᠤ ᠭᠤᠷᠪᠠᠳᠤᠭᠠᠷ ᠳᠡᠰ ᠤᠨ ᠱᠠᠩᠨᠠᠯ ᠬᠦᠷᠲᠡᠵᠦ᠂ ᠬᠥᠭᠡᠮᠡᠢ ᠤᠷᠠᠯᠢᠭ ᠤᠨ | ᠵᠠᠮ ᠢᠶᠠᠷ ᠲᠡᠷᠡ ᠨᠡᠩ ᠭᠠᠪᠰᠢᠭᠠᠶᠢᠯᠠᠬᠤ ᠪᠤᠯᠤᠭᠰᠠᠨ ᠪᠠᠶᠢᠨ᠎ᠠ᠃ ᠲᠡᠭᠦᠨ ᠤ ᠪᠤᠯᠪᠠᠰᠤᠷᠠᠯ ᠤᠨ ᠠᠩᠭᠢ ᠳᠤ ᠬᠥᠭᠡᠮᠡᠢ | ᠰᠤᠷᠬᠤ ᠪᠠᠷ ᠢᠷᠡᠬᠦ ᠬᠦᠮᠦᠨ ᠵᠢᠯ ᠠᠴᠠ ᠵᠢᠯ ᠤᠯᠠᠰᠢᠷᠠᠵᠤ ᠪᠠᠶᠢᠭᠰᠠᠨ ᠪᠠ ᠪᠤᠰᠤᠳ ᠭᠠᠳᠠᠷ ᠮᠤᠵᠢ ᠤᠷᠤᠨ ᠤ | ᠬᠥᠭᠡᠮᠡᠢ ᠰᠤᠷᠬᠤ ᠳᠤᠷᠠᠲᠠᠢ ᠪᠤᠯᠪᠠᠴᠤ ᠬᠦᠬᠡᠬᠤᠲᠠ ᠳᠤ ᠢᠷᠡᠵᠦ ᠰᠤᠷᠴᠤ ᠳᠡᠶᠢᠯᠬᠦ ᠦᠭᠡᠢ ᠪᠠᠶᠢᠬᠤ ᠶᠢ ᠰᠡᠷᠡᠵᠦ | ᠠᠳᠬᠠ ᠬᠡᠳᠦᠨ ᠬᠥᠭᠡᠮᠡᠶᠢᠴᠢᠨ ᠲᠠᠢ ᠪᠠᠨ ︽ᠬᠥᠭᠡᠮᠡᠢ ᠶᠢᠨ ᠬᠠᠮ ᠲᠡᠷᠭᠡ︾ ᠶᠢ ᠪᠠᠶᠢᠭᠤᠯᠤᠨ ᠱᠠᠩᠬᠠᠢ᠂ ᠪᠡᠭᠡᠵᠢᠩ᠂ | ᠲᠠᠶᠢᠸᠠᠨ᠂ ᠰᠢᠨᠵᠢᠶᠠᠩ ᠵᠢᠴᠢ ᠡᠮᠦᠨᠡᠲᠦ ᠤᠷᠤᠨ ᠤ ᠶᠡᠭᠡ ᠬᠤᠲᠠ ᠨᠤᠭᠤᠳ ᠢᠶᠠᠷ ᠬᠦᠷᠴᠦ᠂ ᠬᠥᠭᠡᠮᠡᠢ ᠶᠢᠨ | ᠲᠤᠬᠠᠢ ᠲᠠᠶᠢᠯᠪᠤᠷᠢᠯᠠᠯ ᠲᠠᠨᠢᠯᠴᠠᠭᠤᠯᠭ᠎ᠠ ᠬᠢᠵᠦ᠂ ᠦᠨᠳᠦᠰᠦᠲᠡᠨ ᠤ ᠢᠵᠠᠭᠤᠷ ᠤᠷᠠᠯᠢᠭ ᠢᠶᠠᠨ ᠤᠬᠠᠭᠤᠯᠤᠨ | ᠲᠠᠨᠢᠯᠴᠠᠭᠤᠯᠵᠤ ᠳᠡᠯᠭᠡᠷᠡᠭᠦᠯᠬᠦ ᠶᠢ ᠵᠣᠷᠢᠵᠤ ᠵᠢᠳᠬᠦᠵᠦ ᠪᠠᠶᠢᠭᠰᠠᠨ ᠶᠤᠮ᠃ ᠲᠡᠷᠡ ᠤᠷᠤᠰ᠂ ᠶᠠᠫᠤᠨ᠂ ᠮᠤᠩᠭᠤᠯ᠂ | ᠳᠦᠷᠫᠡᠨ ᠵᠡᠷᠭᠡ ᠭᠠᠵᠠᠷ ᠢᠶᠠᠷ ᠲᠤᠭᠯᠠᠯᠲᠠ ᠭᠠᠷᠭᠠᠵᠤ ᠶᠠᠪᠤᠬᠤ ᠳᠠᠭᠠᠨ ︽ᠦᠨᠳᠦᠰᠦᠲᠡᠨ ᠤ ᠬᠢ ᠪᠣᠯ ᠳᠠᠷᠤᠢ | ᠳᠡᠯᠡᠬᠡᠢ ᠶᠢᠨ ᠬᠢ︾ ᠭᠡᠳᠡᠭ ᠢ ᠦᠪᠡᠷ ᠤᠨ ᠡᠷᠬᠡ ᠦᠭᠡᠢ ᠮᠡᠳᠡᠷᠡᠭᠰᠡᠨ ᠪᠢᠯᠡ᠃ ᠮᠠᠨ ᠤ ᠦᠨᠳᠦᠰᠦᠲᠡᠨ ᠤ | ᠢᠵᠠᠭᠤᠷ ᠤᠷᠠᠯᠢᠭ ᠤᠨ ᠷᠢᠳᠢ ᠰᠢᠳᠢ ᠶᠢᠨ ᠡᠮᠦᠨ᠎ᠡ ᠪᠤᠰᠤᠳ ᠦᠨᠳᠦᠰᠦᠲᠡᠨ ᠶᠠᠰᠤᠲᠠᠨ ᠴᠦ ᠦᠪᠡᠷ ᠤᠨ ᠡᠷᠬᠡ | ᠦᠭᠡᠢ ᠬᠦᠭᠰᠡᠨ ᠤᠶᠠᠷᠠᠳᠠᠭ ᠨᠢ ᠲᠡᠳᠡᠨᠦᠰ ᠲᠤ ᠤᠮᠤᠭᠰᠢᠯ ᠲᠦᠷᠦᠭᠳᠡᠭᠦᠯᠳᠡᠭ ᠪᠠᠶᠢᠯ᠎ᠠ᠃ | ᠠᠳᠬᠠ 2017 ᠤᠨ ᠳᠤ ᠲᠦᠷᠦᠭᠰᠡᠨ ᠨᠤᠲᠤᠭ ᠤᠯᠠᠭᠠᠨᠬᠠᠳᠠ ᠳᠠᠭᠠᠨ ᠪᠤᠴᠠᠨ ᠢᠷᠡᠵᠦ᠂ ᠬᠥᠭᠡᠮᠡᠢ | ᠤᠷᠠᠯᠢᠭ ᠢ ᠨᠤᠲᠤᠭ ᠤᠰᠤᠨ ᠳᠠᠭᠠᠨ ᠬᠥᠭᠵᠢᠭᠦᠯᠬᠦ ᠪᠠᠷ ᠰᠡᠳᠬᠢᠯ ᠰᠢᠭᠤᠳᠴᠤ ᠭᠠᠷᠮᠠᠭᠠᠶᠢᠯᠠᠨ ᠠᠵᠢᠯᠯᠠᠵᠤ ᠡᠬᠢᠯᠡᠪᠡ᠃ | ᠲᠡᠷᠡ ᠮᠦᠨ ᠤᠯᠠᠭᠠᠨᠬᠠᠳᠠ ᠳᠤ ᠬᠥᠭᠡᠮᠡᠢ ᠶᠢᠨ ᠪᠤᠯᠪᠠᠰᠤᠷᠠᠯ ᠤᠨ ᠠᠩᠭᠢ ᠨᠡᠭᠡᠭᠡᠵᠦ᠂ ᠵᠠᠯᠠᠭᠤ ᠢᠳᠡᠷ ᠪᠠᠭᠠᠴᠤᠳ | ᠭᠡᠵᠦ ᠢᠯᠭᠠᠯ ᠦᠭᠡᠢ ᠬᠥᠭᠡᠮᠡᠢ ᠵᠢᠭᠠᠬᠤ ᠪᠠᠷ ︽ᠬᠥᠭᠡᠬᠤᠲᠠ ᠶᠢᠨ ᠶᠡᠭᠡ ᠰᠤᠷᠭᠠᠭᠤᠯᠢ︾ ᠳᠤ ᠬᠥᠭᠡᠮᠡᠢ ᠶᠢᠨ | ᠮᠡᠷᠭᠡᠵᠢᠯ ᠵᠢᠭᠠᠵᠤ ᠪᠠᠶᠢᠭᠰᠠᠨ ᠢᠶᠠᠨ 2018 ᠤᠨ ᠠᠴᠠ ᠡᠬᠢᠯᠡᠨ ᠤᠯᠠᠭᠠᠨᠬᠠᠳᠠ ᠳᠡᠭᠡᠳᠦ ᠰᠤᠷᠭᠠᠭᠤᠯᠢ ᠳᠤ | ᠤᠷᠢᠭᠳᠠᠨ ᠬᠥᠭᠡᠮᠡᠢ ᠶᠢᠨ ᠮᠡᠷᠭᠡᠵᠢᠯ ᠵᠢᠭᠠᠬᠤ ᠪᠤᠯᠪᠠ᠃ | ᠬᠡᠳᠦᠶᠢᠪᠡᠷ ᠤᠯᠠᠭᠠᠨᠬᠠᠳᠠ ᠳᠠᠭᠠᠨ ᠪᠤᠴᠠᠨ ᠢᠷᠡᠵᠦ ᠬᠤᠶᠠᠷᠬᠠᠨ ᠵᠢᠯ ᠪᠤᠯᠵᠤ ᠪᠠᠶᠢᠭ᠎ᠠ ᠪᠤᠯᠪᠠᠴᠤ ᠲᠡᠷᠡ | ᠪᠠᠰᠠ ᠨᠡᠯᠢᠶᠡᠳ ᠤᠯᠠᠨ ᠬᠦᠮᠦᠨ ᠳᠤ ᠬᠥᠭᠡᠮᠡᠢ ᠵᠢᠭᠠᠭᠰᠠᠨ ᠪᠠᠶᠢᠨ᠎ᠠ᠃ ᠬᠤᠶᠠᠷ ᠬᠢᠲᠠᠳ ᠵᠠᠯᠠᠭᠤ ᠨᠢᠳᠤᠨᠤᠨ ᠵᠢᠯ | ᠲᠠᠶᠢᠸᠠᠨ ᠠᠴᠠ ᠬᠥᠭᠡᠮᠡᠢ ᠰᠤᠷᠬᠤ ᠪᠠᠷ ᠠᠳᠬᠠ ᠶᠢ ᠵᠣᠷᠢᠨ ᠢᠷᠡᠵᠦ᠂ ᠤᠯᠠᠭᠠᠨᠬᠠᠳᠠ ᠳᠤ ᠬᠤᠶᠠᠷ ᠰᠠᠷ᠎ᠠ ᠶᠢᠨ | ᠬᠤᠭᠤᠴᠠᠭ᠎ᠠ ᠲᠠᠢ ᠬᠥᠭᠡᠮᠡᠢ ᠰᠤᠷᠴᠤ᠂ ᠪᠤᠴᠠᠭᠰᠠᠨ ᠤ ᠪᠠᠨ ᠳᠠᠷᠠᠭ᠎ᠠ ᠪᠠᠰᠠ ᠪᠤᠰᠤᠳ ᠬᠦᠮᠦᠰ ᠲᠤ | ᠰᠣᠨᠢᠷᠬᠠᠭᠤᠯᠬᠤ ᠪᠠᠷ ᠬᠦᠰᠡᠨ ᠤᠬᠠᠭᠤᠯᠵᠤ ᠪᠠᠶᠢᠭᠰᠠᠨ ᠭᠡᠨ᠎ᠡ᠃ ︽ᠬᠥᠭᠡᠮᠡᠢ ᠰᠤᠷᠬᠤ ᠳᠤ ᠨᠠᠰᠤᠨ ᠤ ᠬᠢᠵᠠᠭᠠᠷ | ᠦᠭᠡᠢ᠂ ᠲᠡᠭᠦᠨ ᠳᠤ ᠬᠤᠭᠤᠯᠠᠢ ᠶᠢ ᠬᠤᠪᠢᠷᠠᠭᠤᠯᠬᠤ ᠪᠤᠶᠤ ᠴᠢᠨᠠᠭᠰᠢ ᠬᠡᠦᠬᠡᠳ ᠤᠨ ᠬᠤᠭᠤᠯᠠᠢ ᠶᠢ ᠰᠥᠭᠡᠩᠬᠢᠷᠡᠭᠦᠯᠬᠦ | ᠭᠡᠰᠡᠨ ᠲᠡᠶᠢᠮᠦ ᠤᠴᠢᠷ ᠦᠭᠡᠢ᠂ ᠬᠠᠷᠢᠨ ᠦᠪᠡᠷ ᠤᠨ ᠬᠢᠨᠢ ᠳᠤᠷ᠎ᠠ ᠪᠠᠬ᠎ᠠ ᠪᠠ ᠳᠠᠭᠤᠯᠠᠬᠤ ᠵᠥᠪ ᠠᠷᠭ᠎ᠠ ᠪᠠᠷᠢᠯ ᠢ | ᠡᠵᠡᠮᠰᠢᠬᠦ ᠳᠤ ᠪᠠᠶᠢᠳᠠᠭ᠂ ᠬᠤᠭᠤᠯᠠᠢ ᠪᠠᠨ ᠡᠪ ᠦᠭᠡᠢ ᠵᠠᠷᠤᠪᠠᠯ ᠬᠤᠭᠤᠯᠠᠢ ᠡᠪᠡᠳᠳᠡᠭ ᠪᠤᠯᠪᠠᠴᠤ ᠬᠤᠶᠠᠷ ᠡᠳᠦᠷ | ᠪᠤᠯᠪᠠᠯ ᠰᠠᠶᠢᠨ ᠪᠣᠯᠴᠢᠬᠠᠳᠠᠭ︾ ᠭᠡᠵᠦ ᠲᠡᠷᠡ ᠬᠥᠭᠡᠮᠡᠢ ᠶᠢᠨ ᠲᠤᠬᠠᠢ ᠲᠠᠨᠢᠯᠴᠠᠭᠤᠯᠤᠯ᠎ᠠ᠃ ᠲᠡᠭᠦᠨ ᠤ ᠬᠠᠮᠤᠭ ᠪᠠᠭ᠎ᠠ | ᠰᠤᠷᠤᠭᠴᠢ ᠨᠢ ᠤᠯᠠᠭᠠᠨᠬᠠᠳᠠ ᠬᠤᠲᠠ ᠶᠢᠨ ᠮᠤᠩᠭᠤᠯ ᠪᠠᠭ᠎ᠠ ᠰᠤᠷᠭᠠᠭᠤᠯᠢ ᠶᠢᠨ ᠬᠠᠰᠯᠤᠤ ᠪᠣᠯᠤᠨ᠎ᠠ᠂ ᠥᠨᠥ ᠵᠢᠯ | ᠶᠢᠰᠦᠬᠡᠨ ᠨᠠᠰᠤᠲᠠᠢ ᠪᠣᠯᠪᠠᠴᠤ ᠬᠥᠭᠡᠮᠡᠢ ᠶᠢ ᠰᠢᠰᠲ᠋ᠧᠮ ᠲᠠᠢ ᠰᠠᠶᠢᠨ ᠰᠤᠷᠤᠭᠰᠠᠨ ᠪᠥᠭᠡᠳ ᠬᠡᠳᠦᠨ | ᠤᠷᠤᠯᠳᠤᠭᠠᠨ ᠳᠤ ᠲᠡᠷᠢᠭᠦᠯᠡᠵᠦ᠂ ᠱᠠᠩᠨᠠᠯ ᠲᠤᠰᠤᠭᠰᠠᠨ ᠪᠢᠯᠡ᠃ | ︽ᠬᠥᠭᠡᠮᠡᠢ ᠪᠣᠯ ᠪᠡᠶ᠎ᠡ ᠪᠠᠨ ᠳᠠᠭᠠᠭᠠᠭᠰᠠᠨ ᠤᠷᠠᠯᠢᠭ᠂ ᠭᠡᠪᠡᠴᠦ ᠦᠪᠦᠷ ᠮᠤᠩᠭᠤᠯ ᠤᠷᠤᠨ ᠳᠤ ᠵᠠᠷᠢᠮ | ᠬᠠᠮᠲᠤᠯᠢᠭ᠂ ᠵᠠᠷᠢᠮ ᠲᠤᠭᠯᠠᠯᠲᠠ ᠶᠢᠨ ᠳᠤᠮᠳᠠ ᠬᠥᠭᠡᠮᠡᠢ ᠶᠡᠷᠦ ᠨᠢ ᠴᠢᠮᠡᠭ ᠳᠠᠭᠤᠤ ᠪᠠᠷ ᠢᠯᠡᠷᠡᠳᠡᠭ ᠠᠴᠠ ᠪᠢᠰᠢ | ᠪᠡᠶ᠎ᠡ ᠪᠠᠨ ᠳᠠᠭᠠᠭᠠᠨ ᠷᠢᠳᠢ ᠰᠢᠳᠢ ᠪᠠᠨ ᠰᠣᠨᠢᠷᠬᠠᠭᠤᠯᠳᠠᠭ ᠨᠢ ᠬᠠᠷᠢᠨ ᠴᠥᠭᠡᠨ ᠪᠠᠶᠢᠨ᠎ᠠ᠃ ᠬᠥᠭᠡᠮᠡᠢ ᠶᠢᠨ | ᠬᠥᠭᠵᠢᠯᠲᠡ ᠶᠢᠨ ᠲᠠᠯ᠎ᠠ ᠳᠤ ᠣᠷᠣᠰᠢᠵᠤ ᠪᠠᠶᠢᠭ᠎ᠠ ᠠᠰᠠᠭᠤᠳᠠᠯ ᠤᠯᠠᠨ ᠪᠠᠶᠢᠭ᠎ᠠ ᠪᠤᠯᠪᠠᠴᠤ ᠬᠥᠭᠡᠮᠡᠢ ᠶᠢᠨ | ᠳᠡᠯᠡᠬᠡᠢ ᠶᠢᠨ ᠲᠠᠶᠢᠰᠠᠨ᠎ᠠ ᠡᠷᠭᠦᠭᠳᠡᠬᠦ ᠳᠤ ᠬᠥᠭᠡᠮᠡᠶᠢᠴᠢᠨ ᠤ ᠬᠤᠪᠢ ᠳᠤ ᠦᠪᠡᠷ ᠤᠨ ᠡᠭᠦᠷᠭᠡ ᠪᠤᠯᠤᠨ ᠬᠢᠪᠡᠰᠦ | ᠵᠤᠬᠢᠬᠤ ᠵᠦᠢᠯ ᠢᠶᠠᠨ ᠬᠦᠴᠦᠯᠡᠨ ᠬᠢᠬᠦ ᠪᠤᠯᠤᠨ᠎ᠠ︾ ᠭᠡᠵᠦ ᠠᠳᠬᠠ ᠰᠣᠷᠪᠤᠯᠵᠢᠯᠠᠭᠴᠢ ᠳᠤ ᠶᠠᠷᠢᠨ᠎ᠠ᠃ | ᠬᠥᠭᠡᠮᠡᠢ ᠤᠷᠠᠯᠢᠭ ᠢᠶᠠᠨ ᠨᠡᠩ ᠣᠯᠠᠨ ᠬᠥᠮᠦᠨ ᠳᠤ ᠤᠯᠠᠮᠵᠢᠯᠠᠨ ᠬᠥᠭᠵᠢᠭᠦᠯᠬᠦ ᠪᠠᠷ ᠠᠳᠬᠠ ᠤᠳᠠᠨ | ᠨᠤᠲᠤᠭ ᠤᠨ ᠬᠡᠳᠦᠨ ᠬᠥᠭᠡᠮᠡᠶᠢᠴᠢᠨ ᠲᠠᠢ ᠪᠠᠨ ᠨᠢᠭᠡᠨ ᠬᠠᠮᠲᠤᠯᠢᠭ ᠪᠠᠶᠢᠭᠤᠯᠬᠤ ᠶᠢ ᠬᠦᠰᠡᠵᠦ᠂ ︽ᠬᠥᠭᠡᠮᠡᠢ︾ | ᠰᠠᠶᠢᠬᠠᠨ ᠤᠷᠠᠯᠢᠭ ᠢᠶᠠᠨ ᠳᠡᠯᠡᠬᠡᠢ ᠶᠢᠨ ᠨᠡᠩ ᠦᠨᠳᠦᠷ ᠲᠠᠪᠴᠠᠩ ᠳᠤ ᠬᠦᠷᠭᠡᠬᠦ ᠪᠠᠷ ᠮᠡᠷᠡᠶᠢᠵᠦ ᠶᠠᠪᠤᠨ᠎ᠠ᠃ |