ᠠᠷᠠᠳ ᠤᠨ ᠲᠠᠭᠤᠤ ︽ᠲᠠᠶᠠ ᠪᠦᠭᠡᠷ᠎ᠡ︾ ᠶᠢᠨ ᠪᠤᠢ ᠪᠤᠯᠤᠭᠰᠠᠨ ᠲᠡᠤᠬᠡᠨ ᠲᠦᠢᠮᠦ
ᠨᠡᠶᠢᠲᠡᠯᠡᠭᠰᠡᠨ ᠴᠠᠭ᠄
2018/9/30
       ᠠᠷᠠᠳ ᠤᠨ ᠲᠠᠭᠤᠤ ︽ᠲᠠᠶᠠ ᠪᠦᠭᠡᠷ᠎ᠡ︾ ① ᠠᠷᠠᠳ ᠲᠦᠮᠡᠨ ᠤ ᠲᠤᠮᠳᠠ ᠲᠡᠯᠭᠡᠷᠡᠵᠦ ᠮᠤᠩᠭᠤᠯᠴᠤᠳ ᠤᠨ ᠬᠠᠶᠢᠷ᠎ᠠ ᠶᠢ ᠲᠠᠳᠠᠭᠰᠠᠨ ᠢᠶᠠᠷ ᠪᠠᠷᠠᠬᠤ ᠦᠭᠡᠢ᠂ ᠠᠷᠠᠳ ᠤᠨ ᠲᠠᠭᠤᠤ ᠶᠢ ᠰᠤᠳᠤᠯᠤᠭᠴᠢ ᠬᠢᠳᠡᠳ ᠡᠷᠳᠡᠮᠳᠡᠨ ᠮᠡᠷᠭᠡᠳ ᠤᠨ ᠴᠦ ᠠᠩᠬᠠᠷᠦᠯ ᠢ ᠲᠠᠳᠠᠭᠰᠠᠨ ᠠᠴᠠ ᠬᠢᠳᠡᠳᠴᠢᠯᠠᠭᠳᠠᠵᠦ ᠦᠷᠬᠡᠨ ᠲᠡᠯᠬᠡᠷ ᠢᠶᠠᠷ ᠲᠠᠭᠤᠯᠠᠭᠳᠠᠵᠦ ᠪᠠᠶᠢᠨ᠎ᠠ᠃ ᠬᠡᠬᠦ ᠳᠤ ᠡᠨᠡᠬᠦ ᠠᠷᠠᠳ ᠤᠨ ᠲᠠᠭᠤᠤ ᠶᠢᠨ ᠵᠤᠬᠢᠶᠠᠭᠳᠠᠭᠰᠠᠨ ᠤᠷᠴᠢᠨ ᠠᠬᠤᠢ᠂ ᠲᠡᠤᠬᠡ ᠶᠢᠨ ᠪᠠᠶᠢᠳᠠᠯ᠂ ᠴᠠᠭ ᠦᠶ᠎ᠡ ᠪᠠ ᠬᠡᠷᠬᠢᠨ ᠵᠤᠬᠢᠶᠠᠭᠳᠠᠭᠰᠠᠨ ᠬᠡᠨ ᠵᠤᠬᠢᠶ᠋ᠬᠠᠰᠡᠨ ᠲᠤᠬᠠᠢ ᠪᠦᠳᠡᠬᠢ ᠪᠠᠯᠠᠷᠬᠠᠢ ᠪᠦᠤᠷ ᠲᠦᠤᠷ ᠪᠠᠶᠢᠭᠰᠠᠭᠠᠷ ᠪᠠᠶᠢᠨ᠎ᠠ᠃ ᠠᠯᠳᠠᠨ ᠬᠢᠩᠭᠠᠨ ᠠᠭᠤᠯᠠᠨ ᠲᠡᠭᠡᠷ᠎ᠡ ᠠᠯᠬᠤᠨ ᠭᠠᠷᠤᠭᠠᠳ ᠦᠵᠡᠬᠦᠯᠡᠷ ᠬᠦᠢ ᠠᠪᠤ ᠶᠢᠨ ᠨᠤᠳᠤᠭ ᠮᠤᠩᠭᠤᠯᠵᠢᠨ ᠬᠤᠰᠢᠭᠤ ᠮᠢᠨᠢ ᠦᠵᠡᠭᠳᠡᠵᠦ ᠪᠠᠶᠢᠮᠠᠷ ᠰᠠᠨᠠᠭᠳᠠᠨ᠎ᠠ ᠬᠦᠢ ᠠᠯᠳᠠᠨ ᠬᠢᠩᠭᠠᠨ ᠠᠭᠤᠯᠠᠨ ᠠᠴᠠ ᠪᠠᠨ ᠠᠯᠬᠤᠭᠠᠳ ᠪᠠᠭᠤᠵᠦ ᠢᠷᠡᠬᠦ ᠳᠤ ᠬᠦᠢ ᠠᠷᠪᠠᠨ ᠨᠠᠰᠤᠳᠠᠢ ᠲᠠᠶᠠ ᠪᠦᠭᠡᠷ᠎ᠡ ᠮᠢᠨᠢ ᠠᠯᠬᠤᠵᠦ ᠪᠠᠶᠢᠮᠠᠷ ᠬᠠᠷᠠᠭᠳᠠᠨ᠎ᠠ ᠬᠦᠢ ᠡᠷᠳᠡᠨᠢ ᠶᠢᠨ ᠬᠢᠩᠭᠠᠨ ᠠᠭᠤᠯᠠᠨ ᠲᠡᠭᠡᠷ᠎ᠡ ᠡᠷᠬᠢᠵᠦ ᠭᠠᠷᠤᠭᠠᠳ ᠦᠵᠡᠬᠦᠯᠡᠷ ᠬᠦᠢ ᠡᠴᠢᠬᠡ ᠶᠢᠨ ᠨᠤᠳᠤᠭ ᠮᠤᠩᠭᠤᠯᠵᠢᠨ ᠬᠤᠰᠢᠭᠤ ᠮᠢᠨᠢ ᠦᠵᠡᠭᠳᠡᠵᠦ ᠪᠠᠶᠢᠮᠠᠷ ᠰᠠᠨᠠᠭᠳᠠᠨ᠎ᠠ ᠬᠦᠢ ᠡᠷᠳᠡᠨᠢ ᠶᠢᠨ ᠬᠢᠩᠭᠠᠨ ᠠᠭᠤᠯᠠᠨ ᠠᠴᠠ ᠪᠠᠨ ᠡᠬᠡᠵᠦ ᠪᠠᠭᠤᠭᠠᠳ ᠢᠷᠡᠬᠦᠯᠡᠷ ᠬᠦᠢ ᠶᠢᠰᠤᠨ ᠨᠠᠰᠦᠳᠡᠢ ᠲᠠᠶᠠ ᠪᠦᠬᠡᠷ᠎ᠡ ᠮᠢᠨᠢ ᠢᠨᠢᠶᠠᠵᠦ ᠪᠠᠶᠢᠮᠠᠷ ᠡᠷᠢᠭᠳᠡᠨ᠎ᠡ ᠬᠦᠢ︕ ᠬᠡᠬᠦ ᠡᠨᠡ ᠲᠠᠭᠤᠤ ᠪᠤᠯ ᠠᠯᠢ ᠡᠷᠳᠡ ᠵᠤᠤ ᠤᠳᠠ ᠴᠢᠭᠤᠯᠭᠠᠨ ᠤ ᠳ᠋ᠠ ᠸᠠᠩ᠂ ᠠᠷᠤ ᠬᠤᠷᠴᠢᠨ ᠬᠤᠰᠢᠭᠤ ᠵᠠᠰᠠᠭ ᠪᠠᠽᠠᠷᠬᠢᠷᠢᠳᠢ ᠶᠢᠨ ᠲᠤᠳᠤᠭᠠᠳᠤ ᠤᠷᠳᠤᠨ᠎ᠠ ᠸᠠᠩ ᠤᠨ ᠰᠠᠭᠤᠷᠢᠨ ᠬᠡᠷᠬᠡᠮ ᠢ ᠪᠤᠯᠢᠶᠠᠯᠳᠤᠭᠰᠠᠨ ᠬᠢᠮᠤᠷᠡᠯ ᠲᠡᠮᠡᠴᠡᠬᠡᠨ ᠳᠤ ᠬᠠᠷᠠᠬᠠᠨ ᠪᠠᠭ᠎ᠠ ᠤᠯᠠᠭᠠᠨ ᠨᠢᠯᠬ᠎ᠠ ᠲᠠᠶᠠ ᠪᠦᠭᠡᠷ᠎ᠡ ᠬᠤᠤᠷᠯᠠᠭᠳᠠᠭᠰᠠᠨ ᠳᠤ ᠡᠬᠡ ᠬᠠᠳᠤᠨ ᠮᠤᠩᠭᠤᠯᠵᠢᠨ ᠹᠦᠵᠢᠨ ᠨᠠᠩᠰᠤᠯᠮ᠎ᠠ ᠦᠷ᠎ᠡ ᠪᠠᠨ ᠠᠯᠳᠠᠵᠦ ᠰᠡᠳᠬᠢᠯ ᠵᠤᠪᠠᠭ᠋ᠤ ᠳᠠᠭᠠᠨ ᠲᠠᠰᠪᠦᠷᠢᠯᠡᠬᠦᠶ᠎ᠡ ᠪᠡᠷᠭᠡ ᠪᠤᠯᠵᠦ ᠬᠡᠬᠦᠳᠡᠭ ᠴᠡᠬᠡᠵᠢᠨ ᠤ ᠬᠢᠯᠢᠩ ᠬᠤᠷᠤᠰᠦᠯ ᠤᠨ ᠭᠠᠯ ᠨᠢ ᠲᠦᠷᠡᠯᠵᠡᠨ ᠨᠤᠴᠤᠭᠠᠳ ᠵᠤᠬᠢᠶᠠᠭᠰᠠᠨ ᠲᠠᠭᠤᠤ ᠶᠤᠮ᠃ ᠵᠠᠯᠭᠠᠭᠠᠳ ︽ᠲᠠᠶᠠ ᠪᠦᠬᠡᠷ᠎ᠡ︾ ᠴᠤᠬᠤᠮ ᠶᠠᠭᠠᠬᠢᠵᠦ᠂ ᠬᠡᠨ ᠳᠤ ᠬᠤᠤᠷᠯᠠᠭᠳᠠᠭᠰᠠᠨ ᠢ ᠰᠢᠭᠤᠳ ᠰᠢᠯᠤᠭᠤᠨ ᠢᠶᠠᠷ ᠢᠯᠡᠴᠢᠯᠡᠵᠦ ᠨᠡᠶᠢᠬᠡᠮ ᠨᠡᠶᠢᠳᠡ ᠳᠤ ᠵᠠᠭᠠᠯᠳᠤᠨ ᠵᠠᠨᠤᠯ ᠬᠤᠷᠤᠰᠤᠯ ᠢᠶᠠᠨ ᠲᠤᠭᠠᠴᠢᠨ ᠬᠡᠯᠡᠬᠦ ᠬᠡᠰᠡᠨ ᠦᠬᠡ᠂ ᠬᠡᠬᠦᠳᠡᠭ ᠴᠡᠬᠡᠵᠢᠨ ᠤ ᠵᠠᠩᠬᠢᠷᠠᠭ᠎ᠠ ᠪᠠᠨ ᠲᠦᠮᠡᠨ ᠳᠤ ᠲᠤᠩᠬᠠᠭᠯᠠᠨ ᠲᠡᠤᠬᠡ ᠶᠢᠨ ᠦᠨᠡᠨ ᠤ ᠬᠡᠷᠡᠴᠢ ᠪᠤᠯᠭᠠᠶ᠎ᠠ︕        ︽ᠲᠠᠶᠠ ᠪᠦᠬᠡᠷ᠎ᠡ︾ ᠶᠢ ᠬᠤᠤᠷᠯᠠᠭᠰᠠᠨ ᠬᠠᠷᠠᠰᠠᠯᠳᠤ ᠬᠡᠷᠡᠭ ᠭᠤᠨᠢᠭᠳᠤ ᠵᠦᠴᠦᠬᠡ ᠲᠤᠭᠯᠠᠭᠳᠠᠭᠰᠠᠨ ᠤ ᠲᠠᠷᠠᠭᠠᠬᠢ ᠭᠤᠴᠢᠨ ᠭᠤᠷᠪᠠᠨ ᠵᠢᠯ ᠳᠤᠨᠢ ᠸᠠᠩ ᠤᠨ ᠲᠤᠳᠤᠭᠠᠳᠤ ᠤᠷᠳᠤᠨ ᠳᠤ ᠪᠠᠭᠠᠷᠢᠨ ᠬᠠᠳᠤᠨ ᠬᠦᠤᠪᠤᠯᠠᠭ ᠢ ᠡᠮᠰᠡᠭᠯᠡᠨ ᠴᠢᠮᠡᠬᠦ ᠳᠤ ᠬᠤᠷᠢᠨ ᠬᠤᠶᠠᠷ ᠵᠢᠯ ᠦᠢᠯᠡᠴᠢᠯᠡᠵᠦ ᠪᠠᠶᠢᠭᠰᠠᠨ ᠨᠠᠰᠤᠳᠠᠨ ᠰᠢᠯᠭᠠᠷᠪᠤ ᠵᠡᠷᠭᠡ ᠠᠯᠢ ᠤᠯᠠᠨ ᠲᠤᠮᠤᠭᠠᠳᠠᠳ ᠠᠴᠠ ᠠᠰᠠᠭᠤᠨ ᠰᠤᠷᠪᠤᠯᠵᠢᠯᠠᠭᠰᠠᠨ ᠢᠶᠠᠷ ︽ᠲᠠᠶᠠ ᠪᠦᠭᠡᠷ᠎ᠡ︾ ᠬᠡᠳᠡᠭ ᠠᠷᠠᠳ ᠤᠨ ᠲᠠᠭᠤᠤ ᠨᠢ ᠠᠷᠦ ᠬᠤᠷᠴᠢᠨ ᠬᠤᠰᠢᠭᠤᠨ ᠤ ᠵᠠᠰᠠᠭ ᠸᠠᠩ ᠤᠨ ᠤᠷᠳᠤᠨ ᠤ ᠲᠤᠳᠤᠭᠠᠳᠤ ᠳᠤ ᠵᠤᠬᠢᠶᠠᠭᠳᠠᠭᠰᠠᠨ ᠨᠢ ᠮᠠᠷᠭᠤᠰᠢ ᠦᠭᠡᠢ ᠮᠠᠭᠠᠳ ᠦᠨᠡᠨ ᠪᠤᠯᠬᠤ ᠶᠢ ᠬᠡᠷᠡᠴᠢᠯᠡᠪᠡ᠃ ᠤᠴᠢᠷ ᠨᠢ ᠴᠢᠩ ᠤᠯᠤᠰ ᠤᠨ ᠡᠶᠡᠪᠡᠷ ᠵᠠᠰᠠᠭᠴᠢ ᠬᠠᠭᠠᠨ ᠤ ᠲᠠᠪᠤᠳᠤᠭᠠᠷ ᠤᠨ ︵1648 ᠤᠨ︶ ᠳᠤ ᠠᠷᠦ ᠬᠤᠷᠴᠢᠨ ᠬᠤᠰᠢᠭᠤᠨ ᠤ ᠵᠠᠰᠠᠭ ᠲᠦᠷᠦ ᠶᠢᠨ ᠪᠠᠶᠢᠯᠠ ᠮᠤᠵᠢᠩ ᠨᠠᠰᠤ ᠪᠠᠷᠠᠭᠰᠠᠨ ᠳᠤ ᠡᠵᠡᠨ ᠲᠦᠷᠦ ᠠᠴᠠ ᠳᠤᠰ ᠵᠢᠯ ᠳᠤᠨᠢ ᠲᠡᠬᠦᠨ ᠤ ᠠᠬᠠᠮᠠᠳ ᠬᠦᠪᠡᠬᠦᠨ ᠵᠤᠯᠵᠠᠭᠠᠨ ᠳᠤ ᠬᠡᠷᠬᠡᠮ ᠢ ᠨᠢ ᠵᠠᠯᠭᠠᠮᠵᠢᠯᠠᠭᠤᠯᠵᠦ ᠵᠠᠰᠠᠭ ᠬᠤᠰᠢᠭᠤᠨ ᠤ ᠪᠠᠶᠢᠯᠠ ᠡᠷᠬᠦᠮᠵᠢᠯᠡᠭᠰᠡᠨ ᠤ ᠵᠡᠷᠬᠡᠪᠡᠷ ᠦᠶ᠎ᠡ ᠤᠯᠠᠷᠢᠨ ᠵᠠᠯᠭᠠᠮᠵᠢᠯᠠᠬᠤ ᠶᠢ ᠬᠠᠤᠯᠢ ᠶᠤᠰᠤ ᠪᠠᠷ ᠵᠦᠪᠰᠢᠶᠡᠷᠡᠪᠡ ②᠃ ᠡᠨᠡ ᠲᠦᠷᠢᠮ ᠨᠢ ᠤᠯᠠᠷᠢᠨ ᠵᠠᠯᠭᠠᠮᠵᠢᠯᠠᠭᠰᠠᠭᠠᠷ ᠷᠠᠰᠢᠵᠤᠩᠨᠠᠢ ᠶᠢᠨ ᠬᠦᠪᠡᠬᠦᠨ ᠪᠠᠽᠠᠷᠬᠢᠷᠢᠳᠢ ᠳᠤ ᠬᠦᠷᠴᠦ ᠢᠷᠡᠪᠡ᠃ ︽ᠲᠠᠶᠠ ᠪᠦᠭᠡᠷ᠎ᠡ︾ ᠪᠤᠯ ᠪᠠᠽᠠᠷᠬᠢᠷᠢᠳᠢ ᠶᠢᠨ ᠲᠦᠷᠦ ᠶᠤᠰᠤᠭᠠᠷ ᠪᠠᠭᠤᠯᠭᠠᠵᠦ ᠠᠪᠤᠭᠰᠠᠨ ᠠᠪᠠᠯᠢ ᠶᠢᠨ ᠹᠦᠵᠢᠨ ᠬᠠᠳᠤᠨ ᠨᠠᠩᠰᠤᠯᠮ᠎ᠠ ᠶᠢᠨ ᠬᠦᠪᠡᠬᠦᠨ ᠮᠥᠨ᠃ ᠦᠬᠡᠷ᠎ᠡ ᠪᠠᠷ ᠬᠡᠯᠡᠪᠡᠯ ᠴᠢᠩ ᠤᠯᠤᠰ ᠤᠨ ᠹᠸᠤᠳᠠᠯ ᠶᠤᠰᠤᠨ ᠤ ᠬᠠᠤᠯᠢ ᠲᠦᠷᠢᠮ ᠢᠶᠠᠷ ᠠᠷᠦ ᠬᠤᠷᠴᠢᠨ ᠬᠤᠰᠢᠭᠤᠨ ᠤ ᠵᠠᠰᠠᠭ ᠤᠨ ᠬᠡᠷᠬᠡᠮ ᠢ ᠦᠶ᠎ᠡ ᠤᠯᠠᠷᠢᠨ ᠵᠠᠯᠭᠠᠮᠵᠢᠯᠠᠬᠤ ᠬᠦᠮᠦᠨ ᠮᠥᠨ᠃ ᠡᠶᠢᠮᠦ ᠠᠴᠠ ︽ᠲᠠᠶᠠ ᠪᠦᠭᠡᠷ᠎ᠡ︾ ᠭᠤᠮᠪᠤᠳᠤᠷᠵᠢ ᠬᠡᠰᠡᠨ ᠳᠠᠭᠤᠤ ᠨᠢ ᠸᠠᠩ ᠤᠨ ᠬᠡᠷᠬᠡᠮ ᠢ ᠬᠡᠨ ᠵᠠᠯᠭᠠᠮᠵᠢᠯᠠᠬᠤ ᠬᠡᠰᠡᠨ ᠠᠰᠠᠭᠤᠳᠠᠯ ᠲᠡᠭᠡᠷ᠎ᠡ ᠡᠬᠦᠰᠦᠭᠰᠡᠨ ᠤᠷᠳᠤᠨ ᠤ ᠲᠤᠳᠤᠭᠠᠳᠤ ᠳᠠᠬᠢ ᠬᠠᠷᠠᠰᠠᠯᠳᠤ ᠲᠡᠮᠡᠴᠡᠯ᠂ ᠭᠤᠨᠢᠭᠳᠤ ᠵᠦᠴᠦᠬᠡ ᠭᠡᠰᠡᠨ ᠨᠢ ᠡᠨᠡ ᠪᠦᠯᠦᠬᠡ᠃        ᠲᠤᠬᠠᠢ ᠶᠢᠨ ᠦᠶ᠎ᠡ ᠶᠢᠨ ᠵᠤᠤ ᠤᠳᠠ ᠴᠢᠭᠤᠯᠭᠠᠨ ᠤ ᠳ᠋ᠠ ᠸᠠᠩ᠂ ᠠᠷᠦ ᠬᠤᠷᠴᠢᠨ ᠬᠤᠰᠢᠭᠤᠨ ᠤ ᠵᠠᠰᠠᠭ ᠲᠦᠷᠦ ᠶᠢᠨ ᠪᠠᠶᠢᠯᠠ ᠵᠢᠶᠦ᠋ᠨ ᠸᠠᠩ ᠪᠠᠽᠠᠷᠬᠢᠷᠢᠳᠢ ᠪᠠᠭ᠎ᠠ ᠨᠠᠰᠤᠨ ᠳᠠᠭᠠᠨ ᠡᠴᠢᠬᠡ ᠷᠠᠰᠢᠵᠤᠩᠨᠠᠢ ᠠᠴᠠ ᠪᠠᠨ ᠦᠨᠦᠴᠢᠷᠡᠨ ᠰᠠᠯᠪᠠ᠃ ᠲᠡᠬᠦᠨ ᠤ ᠲᠦᠷᠦᠭᠰᠡᠨ ᠡᠬᠡ ᠲᠠᠶᠢᠳᠠᠢ ᠬᠦᠮᠦᠳᠠ᠂ ᠦᠨᠦᠴᠢᠨ ᠪᠠᠭ᠎ᠠ ᠬᠦᠦ ᠪᠠᠨ ᠠᠰᠠᠷᠠᠵᠦ ᠬᠦᠮᠦᠵᠢᠬᠦᠯᠬᠦ ᠶᠢᠨ ᠵᠡᠷᠬᠡᠪᠡᠷ ᠬᠤᠰᠢᠭᠤᠨ ᠤ ᠵᠠᠰᠠᠭ ᠤᠨ ᠪᠦᠬᠦ ᠡᠷᠬᠡ ᠶᠢ ᠭᠠᠷ ᠲᠠᠭᠠᠨ ᠪᠤᠳᠤᠯᠭ᠎ᠠ ᠤᠬᠠᠭᠠᠨ ᠢᠶᠠᠷ ᠵᠠᠬᠢᠷᠴᠦ ᠪᠠᠶᠢᠪᠠ᠃ ᠡᠶᠢᠨᠬᠦ ᠬᠤᠰᠢᠭᠤ ᠲᠠᠶᠠᠭᠠᠷ ᠲᠡᠬᠦᠨ ᠢ ︽ᠬᠡᠰᠢᠭᠳᠡᠨ ᠲᠤᠭᠰᠢᠨ ᠲᠠᠶᠢᠳᠠᠢ︾ ᠬᠡᠳᠡᠭ ᠪᠠᠶᠢᠪᠠ᠃ ᠲᠤᠭᠰᠢᠨ ᠲᠠᠶᠢᠳᠠᠢ ᠬᠦᠮᠦᠳᠠ ᠬᠡᠳᠦᠢ ᠬᠠᠳᠠᠭᠤ ᠴᠢᠬᠢᠮᠡᠢ ᠴᠦ ᠬᠦᠦ ᠪᠠᠽᠠᠷᠬᠢᠷᠢᠳᠢ ᠪᠠᠨ ᠡᠷᠬᠡ ᠲᠤᠷ᠎ᠡ ᠪᠠᠷ ᠨᠢ ᠲᠠᠯᠪᠢᠭᠰᠠᠭᠠᠷ ᠲᠡᠬᠦᠨ ᠤ ᠭᠠᠷ ᠲᠤᠤᠷᠠᠬᠢ ᠵᠠᠷᠤᠴᠠ ᠬᠡᠤᠬᠡᠨ ᠪᠦᠮᠠᠳᠮ᠎ᠠ ᠲᠠᠢ ᠢᠨᠠᠭ ᠬᠠᠶᠢᠷ᠎ᠠ ᠲᠠᠢ ᠪᠤᠯᠵᠦ ᠬᠦᠯ ᠬᠦᠨᠳᠦ ᠪᠤᠯᠭᠠᠵᠡᠢ᠃ ᠡᠬᠦᠨ ᠳᠤ ᠡᠬᠡ ᠲᠠᠶᠢᠳᠠᠢ ᠬᠦᠦ ᠪᠠᠽᠠᠷᠬᠢᠷᠢᠳᠢ ᠪᠠᠨ ᠡᠬᠦᠳᠡ ᠡᠷᠦᠬᠡ ᠶᠢ ᠭᠤᠳᠤᠭᠠᠵᠦ ᠡᠪᠦᠭᠡ ᠲᠡᠬᠡᠳᠦᠰ ᠤᠨ ᠨᠠᠷ᠎ᠠ ᠨᠢᠭᠤᠷ ᠲᠤ ᠬᠦᠷᠪᠡ ᠬᠡᠵᠦ ᠢᠴᠢᠵᠦ ᠵᠤᠪᠠᠭ᠋ᠤ ᠶᠢᠨ ᠲᠦᠢᠯ ᠳᠤ ᠬᠦᠷᠴᠦ ᠪᠠᠶᠢᠭᠰᠠᠨ ᠴᠦ ︽ᠲᠤᠯᠤᠭᠠᠢ ᠬᠠᠭᠠᠷᠠᠪᠠᠴᠦ ᠲᠤᠭᠤᠷᠴᠤᠭ ᠲᠠᠭᠠᠨ︾ ᠬᠡᠵᠦ ᠠᠷᠭ᠎ᠠ ᠪᠤᠰᠤ ᠡᠨᠡ ᠬᠡᠤᠬᠡᠨ ᠢ ᠪᠠᠽᠠᠷᠬᠢᠷᠢᠳᠢ ᠳᠤ 1883 ᠤᠨ ᠳᠤ ᠰᠤᠯᠠ ᠲᠠᠳᠠᠪᠤᠷᠢ ᠪᠤᠯᠭᠠᠪᠠ᠃ ᠡᠨᠡᠬᠦ ᠪᠦᠮᠠᠳᠮ᠎ᠠ ᠪᠣᠯ ᠲᠤᠰ ᠬᠤᠰᠢᠭᠤᠨ ᠤ ᠤᠩᠨᠢᠭᠤᠳ ᠠᠶᠢᠮᠠᠭ ᠤᠨ ᠮᠠᠶᠢᠷᠠᠨ ᠲᠤᠸᠠᠨ ᠤ ᠬᠡᠤᠬᠡᠨ᠂ ᠬᠤᠵᠢᠮ ᠤᠨ ᠵᠠᠬᠢᠷᠤᠭᠴᠢ ᠪᠤᠬ᠎ᠠ ᠶᠢᠨ ᠬᠡᠤᠬᠡᠨ ᠲᠡᠬᠦᠦ ᠨᠢ ᠪᠦᠯᠦᠬᠡ᠃        ᠬᠡᠰᠢᠭᠳᠡᠨ ᠲᠠᠶᠢᠳᠠᠢ ᠬᠦᠮᠦᠳᠠ ᠬᠡᠳᠦᠢ ᠪᠠᠷ ᠪᠦᠮᠠᠳᠮ᠎ᠠ ᠶᠢ ᠬᠦᠦ ᠪᠠᠽᠠᠷᠬᠢᠷᠢᠳᠢ ᠳᠠᠭᠠᠨ ᠰᠤᠯᠠ ᠲᠠᠳᠠᠪᠤᠷᠢ ᠪᠠᠷ ᠪᠠᠭᠤᠯᠭᠠᠭᠰᠠᠨ ᠪᠤᠯᠪᠠᠴᠦ ᠲᠠᠷᠠ ᠬᠤᠶᠠᠷ ᠢ ᠬᠠᠤᠯᠢ ᠲᠦᠷᠢᠮ ᠦᠭᠡᠢ ᠶᠠᠪᠤᠯᠴᠠᠯ ᠎ᠠ ᠬᠡᠵᠦ ᠲᠦᠢᠯ ᠢᠶᠠᠷ ᠲᠤᠷ᠎ᠠ ᠦᠬᠡᠶᠢᠴᠡᠵᠦ ᠲᠤᠳᠤᠭᠠᠳᠤ ᠤᠷᠳᠤᠨ ᠤ ᠤᠯᠠᠭᠠᠨ ᠡᠬᠦᠳᠡ ᠨᠤᠭᠤᠭᠠᠨ ᠬᠠᠭᠠᠯᠭ᠎ᠠ ᠶᠢᠨ ᠭᠠᠳᠠᠨ᠎ᠠ ᠮᠤᠩᠭᠤᠯ ᠭᠡᠷ ᠲᠤ ᠰᠠᠭᠤᠯᠭᠠᠪᠠ᠃ ᠲᠠᠶᠢᠳᠠᠢ ᠬᠦᠮᠦᠳᠠ ᠬᠦᠦ ᠪᠠᠽᠠᠷᠬᠢᠷᠢᠳᠢ ᠳᠠᠭᠠᠨ ᠦᠩᠬᠡ ᠵᠢᠰᠦ᠂ ᠤᠬᠠᠭᠠᠨ ᠰᠠᠨᠠᠭ᠎ᠠ ᠬᠤᠤᠰᠯᠠᠵᠦ ᠲᠤᠳᠤᠭᠠᠳᠤ ᠤᠷᠳᠦᠨ ᠢ ᠪᠠᠭᠴᠠᠯᠠᠵᠦ ᠴᠢᠳᠠᠬᠤ ᠡᠷᠳᠡᠮ ᠴᠢᠳᠠᠪᠤᠷᠢᠳᠡᠢ ᠪᠦᠬᠡᠳ ᠡᠬᠦᠳᠡ ᠡᠷᠦᠬᠡ ᠲᠠᠩᠴᠡᠭᠰᠡᠨ ᠸᠠᠩ ᠬᠦᠩ᠂ ᠡᠷᠬᠢᠮ ᠢᠵᠡᠭᠤᠷᠳᠡᠨ᠂ ᠰᠤᠷᠪᠤᠯᠵᠢᠳᠦ ᠠᠶᠢᠯ ᠬᠡᠷ ᠤᠨ ᠬᠡᠤᠬᠡᠨ ᠢ ᠰᠤᠩᠭᠤᠵᠦ ᠪᠡᠷᠢ ᠪᠠᠭᠤᠯᠭᠠᠨ ᠤᠷᠳᠤᠨ ᠤ ᠲᠤᠳᠤᠭᠠᠳᠤ ᠡᠷᠬᠡ ᠪᠠᠶᠢᠷᠢ ᠶᠢ ᠡᠵᠡᠯᠡᠬᠦᠯᠬᠦ ᠶᠢ ᠬᠡᠵᠢᠶᠡᠨᠠᠢ ᠠᠴᠠ ᠰᠠᠨᠠᠭᠠᠰᠢᠷᠠᠭᠰᠠᠭᠠᠷ ᠢᠷᠡᠪᠡ ᠃ ᠪᠤᠳᠤᠨ ᠪᠤᠳᠤᠭᠰᠠᠭᠠᠷ ᠲᠠᠶᠢᠳᠠᠢ ᠬᠦᠮᠦᠳᠠᠨ ᠠᠯᠢ ᠡᠷᠳᠡ ᠬᠦᠦ ᠪᠠᠽᠠᠷᠬᠢᠷᠢᠳᠢ ᠪᠠᠨ ᠸᠠᠩ ᠤᠨ ᠰᠠᠭᠤᠷᠢᠨ ᠡᠴᠢᠬᠡ ᠶᠢᠨ ᠬᠢᠨᠢ ᠬᠡᠷᠬᠡᠮ ᠢ ᠵᠠᠯᠭᠠᠮᠵᠢᠯᠠᠭᠤᠯᠬᠤ ᠶᠢᠨ ᠲᠦᠯᠦᠬᠡ ᠪᠡᠬᠡᠵᠢᠩ ᠳᠤ ᠪᠡᠶ᠎ᠡ ᠪᠠᠷ ᠢᠶᠠᠨ ᠬᠦᠷᠴᠦ ᠡᠵᠡᠨ ᠵᠤᠷᠭᠠᠨ ᠳᠤ ᠬᠡᠳᠦᠨ ᠵᠢᠯ ᠵᠠᠷᠭᠤ ᠵᠠᠭᠠᠯᠳᠤᠯᠭ᠎ᠠ ᠬᠢᠬᠦ ᠶᠠᠪᠤᠴᠠ ᠳᠤ ᠮᠤᠩᠭᠤᠯᠵᠢᠨ ᠬᠤᠰᠢᠭᠤᠨ ᠤ ᠵᠠᠰᠠᠭ ᠸᠠᠩ ᠵᠢᠭᠮᠢᠳᠵᠡᠪ ᠲᠠᠢ ᠲᠠᠨᠢᠯᠴᠠᠵᠦ ᠲᠡᠬᠦᠨ ᠤ ᠲᠤᠰᠠ ᠲᠡᠮᠵᠢᠯᠬᠡ ᠶᠢ ᠤᠯᠵᠦ ᠶᠠᠪᠤᠭᠰᠡᠨ ᠪᠦᠬᠡᠳ ᠳᠡᠭᠦᠨ ᠳᠤ ᠨᠢᠭᠡᠨ ᠦᠩᠬᠡ ᠵᠢᠰᠦ ᠦᠶ᠎ᠡ ᠶᠢᠨ ᠤᠯᠠᠨ ᠠᠴᠠ ᠪᠠᠨ ᠲᠠᠪᠠᠵᠦ ᠤᠬᠠᠭᠠᠨ ᠰᠠᠨᠠᠭ᠎ᠠ ᠬᠤᠷᠴᠠ ᠰᠡᠷᠭᠡᠭ ᠬᠡᠤᠬᠡᠨ ᠲᠠᠢ ᠭᠡᠳᠡᠭ ᠢ ᠤᠯᠵᠦ ᠮᠡᠳᠡᠪᠡ᠃        ᠬᠦᠭᠰᠢᠨ ᠲᠠᠶᠢᠳᠠᠢ ᠦᠩᠭᠡᠷᠡᠭᠰᠡᠨ ᠢ ᠡᠷᠬᠢᠴᠡᠬᠦᠯᠵᠦ ᠪᠤᠳᠤᠭᠰᠠᠭᠠᠷ ᠰᠠᠨᠠᠭ᠎ᠠ ᠰᠠᠳᠬᠢᠯ ᠰᠢᠭᠤᠳᠴᠦ ᠬᠦᠨᠳᠦ ᠪᠡᠯᠡᠭ᠂ ᠡᠳ᠋ ᠡᠷᠳᠡᠨᠢ ᠠᠪᠤᠭᠤᠯᠵᠦ ᠮᠤᠩᠭᠤᠯᠵᠢᠨ ᠵᠠᠰᠠᠭ ᠸᠠᠩ ᠳᠤ ᠦᠪᠡᠷ ᠤᠨ ᠰᠠᠨᠠᠭ᠎ᠠ ᠪᠠᠨ ᠢᠯᠡᠳᠬᠡᠵᠦ ᠬᠡᠤᠬᠡᠨ ᠢ ᠨᠢ ᠲᠤᠷᠠᠰᠤᠭᠰᠠᠨ ᠳᠤ ᠤᠴᠢᠷ ᠶᠠᠪᠤᠳᠠᠯ ᠮᠠᠰᠢ ᠦᠩᠭᠡ ᠦᠬᠡᠳᠡ ᠲᠠᠢ ᠰᠢᠯᠤᠭᠤᠨ ᠪᠦᠳᠦᠪᠡ᠃ ᠢᠩᠬᠢᠬᠡᠳ 1886 ᠤᠨ ᠳᠤ ᠮᠤᠩᠭᠤᠯᠵᠢᠨ ᠵᠠᠰᠠᠭ ᠸᠠᠩ ᠤᠨ ᠬᠡᠤᠬᠡᠨ ᠨᠠᠩᠰᠤᠯᠮ᠎ᠠ ᠶᠢ ᠪᠠᠽᠠᠷᠬᠢᠷᠢᠳᠢ ᠳᠤ ᠲᠦᠷᠦ ᠶᠤᠰᠤ ᠪᠠᠷ ᠪᠠᠭᠤᠯᠭᠠᠪᠠ ③᠃ ᠮᠤᠩᠭᠤᠯᠵᠢᠨ ᠬᠠᠳᠤᠨ ᠨᠠᠩᠰᠤᠯᠮ᠎ᠠ ᠪᠣᠯ ᠬᠠᠷᠠᠬᠠᠨ ᠪᠠᠭ᠎ᠠ ᠠᠴᠠ ᠪᠠᠨ ᠡᠴᠢᠬᠡ ᠪᠠᠨ ᠲᠠᠭᠠᠵᠦ ᠨᠠᠶᠢᠰᠯᠠᠯ ᠪᠡᠭᠡᠵᠢᠩ ᠳᠤ ᠰᠠᠭᠤᠵᠦ ᠮᠤᠩᠭᠤᠯ᠂ ᠮᠠᠨᠵᠦ ᠪᠢᠴᠢᠭ ᠲᠤ ᠬᠢᠴᠢᠶᠡᠭᠰᠡᠨ ᠰᠤᠶᠤᠯ ᠪᠤᠯᠪᠠᠰᠤᠷᠠᠯ ᠲᠠᠢ ᠬᠡᠤᠬᠡᠨ ᠶᠤᠮ᠃ ᠲᠡᠬᠦᠨ ᠤ ᠵᠠᠩ ᠠᠭᠠᠯᠢ ᠲᠠᠷᠤᠤ ᠬᠢᠴᠢᠶᠠᠩᠬᠦᠢ᠂ ᠲᠡᠭᠡᠳᠦ ᠳᠤᠷ ᠠᠴᠢᠯᠠᠨ ᠲᠠᠬᠢᠮᠳᠠᠩᠭᠤᠢ᠂ ᠲᠤᠤᠷᠠᠳᠤ ᠳᠤᠷ ᠦᠷᠦᠰᠢᠶᠡᠯ ᠠᠭᠤᠳᠠᠮ᠂ ᠡᠨᠡᠷᠢᠩᠬᠦᠢ ᠠᠭᠤᠴᠢᠯᠠᠯᠳᠠᠢ ᠪᠤᠯᠬᠤᠷ ᠲᠡᠭᠡᠷ᠎ᠡ ᠲᠤᠤᠷᠡᠭᠢ ᠪᠦᠬᠦᠨ ᠤ ᠬᠦᠨᠳᠦᠳᠬᠡᠯ ᠪᠢᠰᠢᠷᠡᠯ ᠢ ᠤᠯᠤᠭᠠᠳ ᠲᠡᠬᠦᠨ ᠢ ᠪᠦᠷ ︽ᠹᠦᠵᠢᠨ ᠬᠠᠳᠤᠨ︾ ᠬᠡᠬᠦ ᠪᠤᠶᠤ ︽ᠮᠤᠩᠭᠤᠯᠵᠢᠨ ᠬᠠᠳᠤᠨ︾ ᠭᠡᠳᠡᠭ ᠭᠡᠨ᠎ᠠ᠃        ᠨᠠᠩᠰᠤᠯᠮ᠎ᠠ ᠬᠡᠳᠦ᠋ᠢᠪᠡᠷ ᠨᠢᠬᠡ ᠬᠤᠰᠢᠭᠤᠨ ᠤ ᠲᠠᠮᠠᠭ᠎ᠠ ᠶᠢᠨ ᠬᠠᠳᠤᠨ ᠹᠦᠵᠢᠨ ᠪᠤᠯᠤᠭᠰᠠᠨ ᠴᠦ ᠰᠤᠯᠠ ᠰᠡᠯᠡᠬᠦᠦ ᠪᠠᠷ ᠰᠤᠯᠠ ᠲᠡᠳᠡᠪᠤᠷᠢ ᠪᠦᠮᠠᠳᠮ᠎ᠠ ᠲᠠᠢ ᠰᠠᠨᠠᠭ᠎ᠠ ᠰᠡᠳᠬᠢᠯ ᠢᠶᠠᠨ ᠰᠤᠯᠢᠯᠴᠠᠵᠦ ᠲᠡᠬᠦᠨ ᠢ ᠶᠡᠷᠦ ᠭᠠᠳᠠᠭᠤᠷᠴᠢᠯᠠᠬᠤ ᠦᠭᠡᠢ᠂ ᠵᠢᠳᠦᠬᠡᠷᠬᠡᠬᠦ ᠦᠭᠡᠢ᠂ ᠦᠪᠡᠷ ᠤᠨ ᠲᠦᠷᠦᠭᠰᠡᠨ ᠬᠡᠤᠬᠡᠨ ᠲᠡᠬᠦᠦ ᠳᠡᠭᠡᠨ ᠠᠳᠠᠯᠢ ᠬᠠᠶᠢᠷᠠᠯᠠᠨ ᠡᠨᠡᠷᠢᠵᠦ ᠬᠦᠮᠦᠵᠢᠬᠦᠯᠵᠡᠢ᠃ ᠵᠠᠷᠢᠮ ᠳᠠᠭᠠᠨ ᠪᠦᠮᠠᠳᠮ᠎ᠠ ᠶᠢᠨ ᠵᠠᠩ ᠠᠭᠠᠯᠢ ᠲᠤᠭᠰᠢᠨ ᠲᠤᠯᠬᠢᠨ᠂ ᠭᠡᠳᠡᠷ ᠭᠡᠷᠴᠡᠬᠡᠢ᠂ ᠡᠵᠡᠮᠳᠡᠭ᠂ ᠪᠠᠭᠳᠠᠭᠠᠮᠵᠢ ᠦᠭᠡᠢ ᠶᠢ ᠰᠤᠷᠭᠠᠨ ᠰᠡᠩᠭᠡᠷᠡᠭᠦᠯᠬᠦ ᠶᠢᠨ ᠲᠠᠭᠠᠤ ᠡᠭᠡ ᠲᠡᠶᠢᠳᠡᠢ ᠳᠤ ᠪᠦᠮᠠᠳᠮ᠎ᠠ ᠶᠢ ᠡᠷᠬᠦᠨ ᠮᠠᠭᠳᠠᠵᠦ ᠲᠤᠳᠤᠭᠠᠳᠤ ᠤᠷᠳᠤᠨ ᠳᠤ ᠤᠷᠤᠭᠤᠯᠵᠦ ᠡᠷᠬᠡ ᠪᠠᠶᠢᠷᠢ ᠱᠠᠩᠨᠠᠨ ᠡᠷ᠎ᠡ ᠨᠦᠬᠦᠷ ᠤᠨ ᠢᠶᠠᠨ ᠰᠠᠨᠠᠭ᠎ᠠ ᠰᠡᠳᠬᠢᠯ ᠳᠤ ᠨᠡᠶᠢᠴᠡᠬᠦᠯᠬᠦ ᠪᠠᠷ ᠤᠯᠠᠨ ᠤᠳᠠᠭ᠎ᠠ ᠰᠠᠨᠠᠭᠤᠯᠵᠦ ᠭᠤᠶᠤᠴᠢᠯᠠᠭᠰᠠᠭᠠᠷ ᠢᠷᠡᠪᠡ᠃ ᠬᠡᠳᠡᠯ᠎ᠡ ᠪᠦᠮᠠᠳᠮ᠎ᠠ ᠦᠰᠦᠳ ᠦᠬᠡᠷ᠎ᠡ ᠪᠠᠶᠢᠵᠦ ᠬᠠᠳᠤᠨ ᠨᠠᠩᠰᠤᠯᠮ᠎ᠠ ᠬᠢᠬᠡᠳ ᠡᠭᠡ ᠲᠡᠶᠢᠳᠡᠢ ᠬᠤᠶᠡᠷ ᠢ ᠨᠢᠳᠦᠨ ᠳᠤ ᠤᠷᠤᠭᠰᠠᠨ ᠬᠤᠭ᠂ ᠰᠢᠳᠤᠨ ᠳᠤ ᠤᠷᠤᠭᠰᠠᠨ ᠮᠢᠬ᠎ᠠ ᠰᠢᠭ᠋ ᠬᠤᠷᠤᠰᠤᠨ ᠵᠠᠨᠤᠨ᠎ᠠ᠃        ᠲᠤᠬᠠᠢ ᠶᠢᠨ ᠦᠶ᠎ᠠ ᠭᠤᠤᠯ ᠬᠠᠳᠤᠨ ᠠᠴᠠ ᠬᠦᠦ ᠦᠭᠡᠢ ᠨᠢ ᠡᠭᠡ ᠳᠡᠶᠢᠳᠡᠢ ᠬᠦᠮᠦᠳᠡ ᠠᠴᠠ ᠲᠡᠷᠢᠬᠦᠯᠡᠨ ᠤᠷᠳᠤᠨ ᠤ ᠳᠤᠳᠤᠭᠠᠳᠤ ᠭᠠᠳᠠᠭᠠᠳᠤ ᠲᠡᠭᠡᠷ᠎ᠡ ᠲᠤᠤᠷ᠎ᠠ ᠦᠭᠡᠢ ᠴᠢᠨᠠᠭᠰᠢᠯᠠᠭᠠᠳ ᠪᠦᠬᠦ ᠬᠤᠰᠢᠭᠤᠨ ᠤ ᠬᠠᠷ᠎ᠠ ᠰᠢᠷ᠎ᠠ ᠨᠠᠶᠢᠳᠠ ᠤᠯᠠᠨ ᠤ ᠰᠡᠳᠬᠢᠯ ᠤᠨ ᠵᠤᠪᠠᠯᠠᠩ᠂ ᠵᠢᠷᠦᠬᠡᠨ ᠤ ᠬᠢᠨᠢ ᠵᠠᠩᠬᠢᠷᠠᠭ᠎ᠠ ᠪᠤᠯᠵᠦ ᠪᠠᠶᠢᠪᠠ᠃ ᠬᠡᠶ᠎ᠡ ᠪᠦᠮᠠᠳᠮ᠎ᠠ ᠤᠯᠠᠨ ᠠᠴᠠ ᠦᠰᠦᠳ ᠦᠬᠡᠷ᠎ᠡ ᠹᠦᠵᠢᠨ ᠨᠠᠩᠰᠤᠯᠮ᠎ᠠ ᠠᠴᠠ ᠬᠦᠤ ᠦᠭᠡᠢ ᠶᠢ ᠲᠡᠭᠷᠢ ᠠᠴᠠ ᠪᠦᠮᠠᠳᠮ᠎ᠠ ᠳᠤ ᠤᠯᠭᠤᠭᠰᠠᠨ ᠪᠤᠶᠠᠨ ᠵᠠᠪᠰᠢᠶᠠᠨ ᠬᠡᠵᠦ ᠪᠤᠷᠬᠠᠨ ᠲᠡᠭᠷᠢ ᠳᠤ ᠨᠠᠮᠠᠨᠴᠢᠯᠠᠨ ᠵᠠᠯᠪᠠᠷᠢᠬᠤ ᠶᠢᠨ ᠲᠠᠭᠠᠤ ᠬᠠᠪᠤᠳᠤ ᠬᠠᠰᠠᠷ ᠤᠨ ᠬᠤᠶᠢᠴᠢᠰ - ᠠᠷᠦ ᠬᠤᠷᠴᠢᠨ ᠠᠶᠢᠮᠠᠭ ᠤᠨ ᠬᠤᠷᠢᠨ ᠨᠠᠢᠮᠠᠳᠤᠭᠠᠷ ᠦᠶ᠎ᠡ ④ ᠶᠢᠨ ᠭᠠᠯ ᠭᠤᠯᠤᠮᠳᠠ᠂ ᠬᠤᠰᠢᠭᠤ ᠵᠠᠰᠠᠭ ᠨᠤᠶᠠᠨ ᠤ ᠬᠡᠷᠬᠡᠮ ᠢ ᠦᠪᠡᠷ ᠤᠨ ᠬᠦᠪᠡᠬᠦᠨ ᠸᠠᠩᠴᠢᠨᠫᠧᠷᠯᠠᠢ ᠪᠠᠷ ᠢᠶᠠᠨ ᠵᠠᠯᠭᠠᠮᠵᠢᠯᠠᠭᠤᠯᠬᠤ ᠳᠤ ᠬᠤᠤᠪᠢᠯᠳᠤᠨ ᠲᠠᠮᠠᠴᠡᠬᠦ ᠬᠦᠮᠦᠨ ᠦᠭᠡᠢ ᠪᠤᠯᠳᠤᠭᠠᠢ ᠭᠡᠵᠦ ᠰᠠᠨᠠᠵᠦ ᠪᠠᠶᠢᠪᠠ᠃ ᠬᠡᠳᠡᠯ᠎ᠡ ᠬᠡᠷᠡᠭ ᠤᠴᠢᠷ ᠲᠡᠬᠦᠨ ᠤ ᠰᠠᠨᠠᠭ᠎ᠠ ᠪᠠᠷ ᠪᠤᠯᠬᠤ ᠪᠤᠰᠤ᠂ ᠬᠤᠷᠸ᠎ᠠ ᠶᠢᠨ ᠵᠢᠮ᠎ᠠ ᠶᠤᠰᠤᠭᠠᠷ ᠬᠤᠶᠠᠷ ᠬᠦᠮᠦᠨ ᠤ ᠢᠨᠠᠭ ᠠᠮᠠᠷᠠᠭ ᠢᠶᠠᠷ ᠲᠠᠮᠠᠭ᠎ᠠ ᠶᠢᠨ ᠬᠠᠳᠤᠨ ᠨᠠᠩᠰᠤᠯᠮ᠎ᠠ ᠠᠴᠠ ᠬᠦᠦ ᠲᠠᠢ ᠪᠤᠯᠪᠠ᠃ ᠡᠬᠦᠨ ᠳᠤ ᠡᠮᠡᠭᠡ ᠲᠠᠶᠢᠳᠡᠢ ᠬᠦᠮᠦᠳᠡᠨ ᠠᠮᠢᠳᠤ ᠡᠷᠳᠡᠨᠢ ᠤᠯᠤᠭᠰᠠᠨ ᠠᠴᠠ ᠴᠦ ᠠᠷᠪᠠᠨ ᠬᠤᠪᠢ ᠪᠠᠶᠠᠷᠯᠠᠵᠦ ︽ᠠᠮᠠᠨ ᠳᠠᠭᠠᠨ ᠡᠮᠬᠦᠪᠡᠯ ᠬᠠᠶᠢᠯᠤᠮᠡᠷ᠂ ᠠᠯᠠᠭᠠᠨ ᠳᠠᠭᠠᠨ ᠲᠠᠯᠪᠢᠪᠠᠯ ᠪᠦᠮᠪᠦᠷᠢᠮᠡᠷ︾ ᠡᠩᠬᠦᠷᠡᠶᠢᠯᠡᠨ ᠪᠦᠪᠠᠶᠢᠯᠡᠵᠦ ᠲᠡᠷᠡ ᠲᠡᠷᠦᠢ ᠳᠤᠨᠢ ᠨᠠᠷ᠎ᠠ ᠬᠠᠶᠢᠷᠠᠯᠠᠵᠦ ᠱᠠᠩᠨᠠᠭᠰᠠᠨ ᠦᠭᠡᠢ ︽ᠲᠠᠶᠠ ᠪᠦᠬᠡᠷ᠎ᠡ︾ ᠬᠡᠵᠦ ᠲᠠᠭᠤᠳᠠᠪᠠ᠃        ᠪᠦᠮᠠᠳᠮ᠎ᠠ ᠦᠪᠡᠷ ᠤᠨ ᠵᠡᠷᠯᠢᠭ ᠰᠠᠨᠠᠭ᠎ᠠ ᠰᠢᠨᠤᠬᠠᠢ ᠬᠦᠰᠡᠯ ᠳᠡᠭᠡᠨ ᠬᠦᠷᠬᠦ ᠶᠢᠨ ᠲᠦᠯᠦᠬᠡ ᠲᠡᠷᠡ ︽ᠲᠠᠶᠠ ᠪᠦᠬᠡᠷ᠎ᠡ︾ ᠶᠢ ᠲᠦᠬᠦᠬᠡ ᠲᠤᠮᠤᠭ᠎ᠠ ᠤᠷᠤᠵᠦ ᠦᠬᠡ ᠬᠡᠯᠡ ᠮᠡᠳᠡᠬᠦ ᠠᠴᠠ ᠡᠮᠦᠨ᠎ᠡ ᠦᠯᠦᠬᠡᠢ ᠳᠤᠨᠢ ᠵᠠᠪᠳᠤᠵᠦ ᠪᠤᠭᠤᠮᠢᠯᠠᠨ ᠬᠤᠤᠷᠯᠠᠬᠤ ᠪᠠᠷ ᠰᠢᠭᠤᠳᠴᠦ ᠬᠠᠮᠤᠭ ᠲᠦᠷᠦᠬᠦᠦ ᠸᠠᠩ ᠤᠨ ᠤᠷᠳᠦᠨ ᠤ ᠰᠢᠳᠦᠬᠡᠨ ᠲᠠᠬᠢᠯᠭ᠎ᠠ ᠶᠢᠨ ᠯᠠᠮᠠ ᠰᠤᠳᠨᠠᠮ ᠢ ᠪᠡᠶ᠎ᠡ ᠦᠬᠡᠳᠡ ᠪᠠᠨ ᠲᠠᠳᠠᠵᠦ ᠵᠢᠰᠦᠷᠳᠡᠨ ᠬᠤᠤᠪᠢᠯᠳᠤᠭᠠᠳ᠂ ᠤᠯᠠᠭᠠᠨ ᠨᠢᠯᠬ᠎ᠠ ︽ᠲᠠᠶᠠ ᠪᠦᠭᠡᠷ᠎ᠡ︾ ᠶᠢ ᠦᠯᠦᠬᠡᠶᠢᠳᠡᠨ ᠬᠠᠭᠤᠷᠠᠶᠢᠯᠠᠵᠦ ᠤᠬᠢᠶᠠᠨ ᠴᠡᠪᠡᠷᠯᠡᠨ ᠡᠮᠰᠡᠭᠯᠡᠳᠡᠭ ᠰᠢᠪᠡᠭᠴᠢᠨ ᠨᠠᠷᠠᠶᠢᠮ᠎ᠠ᠂ ᠵᠠᠪᠰᠡᠯᠮ᠎ᠡ ᠬᠤᠶᠠᠭᠤᠯᠠ ᠶᠢ ᠡᠷᠬᠡ ᠪᠠᠶᠢᠷᠢ ᠪᠠᠷ ᠢᠶᠠᠨ ᠰᠦᠷᠳᠡᠬᠦᠯᠵᠦ ᠡᠳ᠋ ᠮᠦᠩᠬᠦ ᠪᠠᠷ ᠦᠳᠦᠭᠡᠨ ᠲᠠᠳᠡᠵᠦ ᠲᠡᠳᠡᠨ ᠤ ᠭᠠᠷ ᠢᠶᠠᠷ ᠬᠤᠤᠷᠯᠠᠭᠤᠯᠪᠠ᠃        ᠨᠢᠯᠬ᠎ᠠ ᠪᠠᠭ᠎ᠠ ︽ᠲᠠᠶᠠ ᠪᠦᠭᠡᠷ᠎ᠡ︾ ᠭᠱᠠᠨ᠎ᠠ ᠠᠮᠢᠰᠬᠤᠯ ᠨᠢ ᠬᠤᠷᠢᠶᠠᠭᠳᠠᠵᠦ ᠬᠦᠮᠦᠨ ᠤ ᠶᠢᠷᠳᠢᠨᠴᠦ ᠠᠴᠠ ᠰᠠᠯᠤᠭᠰᠠᠨ ᠳᠤ ᠬᠦᠮᠦᠳᠡ ᠳᠡᠶᠢᠳᠡᠢ ᠲᠡᠷᠢᠬᠦᠯᠡᠨ ᠡᠭᠡ ᠬᠠᠳᠦᠨ ᠨᠠᠩᠰᠤᠯᠮ᠎ᠠ ᠵᠢᠴᠢ ᠤᠷᠳᠤᠨ ᠤ ᠳᠤᠳᠤᠭᠠᠳᠤ ᠳᠤ ᠬᠤᠷᠤᠮᠬᠠᠨ ᠵᠠᠭᠤᠷ᠎ᠠ ᠬᠦᠯ ᠪᠤᠯᠵᠦ ᠭᠤᠨᠢᠭ ᠭᠤᠳᠤᠷᠠᠯ᠂ ᠡᠮᠬᠡᠨᠢᠯ ᠭᠠᠰᠢᠭᠤᠳᠠᠯ ᠢᠶᠠᠷ ᠲᠦᠬᠦᠷᠪᠡ᠃ ᠳᠡᠶᠢᠳᠡᠢ ᠬᠦᠮᠦᠳᠡ ︽ᠲᠠᠶᠠ ᠪᠦᠬᠡᠷ᠎ᠡ︾ ᠶᠢᠨ ᠪᠠᠶᠢᠳᠠᠯ ᠢ ᠡᠬᠡ ᠨᠠᠩᠰᠤᠯᠮ᠎ᠠ ᠶᠢᠨ ᠡᠬᠡ ᠬᠦᠮᠦᠨ ᠤ ᠡᠨᠡᠷᠢᠩᠬᠦᠢ ᠬᠠᠶᠢᠷ᠎ᠠ ᠶᠢᠨ ᠰᠡᠳᠬᠢᠯ ᠨᠢ ᠬᠠᠶᠢᠯᠤᠨ ᠴᠠᠶᠢᠯᠠᠵᠦ ᠡᠭᠡᠷ ᠲᠠᠳᠡᠨ ᠴᠢᠰᠦ ᠨᠢᠯᠪᠤᠰᠦ ᠪᠠᠷ ᠤᠬᠢᠯᠠᠬᠤ ᠠᠴᠠ ᠦᠬᠡᠷ᠎ᠡ ᠠᠷᠭ᠎ᠠ ᠦᠭᠡᠢ ᠪᠠᠶᠢᠪᠠ᠃ ᠳᠡᠶᠢᠳᠡᠢ ᠬᠡᠷᠡᠭ ᠤᠴᠢᠷ ᠤᠨ ᠲᠦᠯᠦᠪ ᠪᠠᠶᠢᠳᠠᠯ ᠢ ᠵᠦᠢᠴᠢᠯᠡᠵᠦ ᠰᠢᠪᠡᠭᠴᠢᠨ ᠨᠠᠷᠠᠶᠢᠮ᠎ᠠ᠂ ᠵᠠᠪᠰᠠᠯᠮ᠎ᠠ ᠬᠤᠶᠠᠷ ᠢ ᠡᠷᠡᠬᠦᠳᠡᠨ ᠰᠢᠳᠬᠡᠵᠦ ᠦᠨᠡᠨ ᠬᠤᠳᠠᠯ ᠢ ᠤᠯᠬᠤ ᠬᠡᠮᠡᠭᠰᠡᠭᠡᠷ ᠦᠴᠢᠭ ᠦᠭᠡᠢ ᠦᠬᠦᠬᠦᠯᠪᠠ᠃ ᠢᠩᠬᠢᠬᠡᠳ ︽ᠲᠠᠶᠠ ᠪᠦᠭᠡᠷ᠎ᠡ︾ ᠶᠢᠨ ᠦᠬᠦᠭᠰᠡᠨ ᠨᠢ ᠦᠵᠦᠬᠦᠷ ᠰᠡᠬᠦᠯ ᠦᠭᠡᠢ ᠲᠠᠷᠤᠭᠳᠠᠪᠠ᠃        ᠨᠢᠬᠡ ᠡᠳᠦᠷ ᠬᠦᠭᠰᠢᠨ ᠳᠡᠶᠢᠳᠡᠢ ᠤᠷᠳᠤᠨ ᠤ ᠰᠡᠷᠢᠬᠦᠨ ᠰᠠᠷᠠᠪᠴᠢ ᠶᠢᠨ ᠲᠤᠤᠷ᠎ᠠ ᠰᠡᠷᠢᠬᠦᠴᠡᠨ ᠰᠠᠭᠤᠵᠦ ᠪᠠᠶᠢᠳᠠᠯ᠎ᠠ ᠤᠷᠳᠤᠨ ᠤ ᠴᠠᠭᠠᠨ᠎ᠠ ᠠᠳᠤᠭᠤ ᠢᠨᠴᠠᠭᠠᠨ ᠦᠤᠷᠰᠡᠬᠦ ᠵᠠᠭᠤᠷ᠎ᠠ ︽ᠲᠠᠶᠠ ᠪᠦᠭᠡᠷ᠎ᠡ︾ ᠬᠡᠰᠡᠨ ᠲᠠᠭᠤᠤ ᠰᠤᠨᠤᠰᠳᠠᠪᠠ᠃ ᠬᠦᠮᠦᠳᠡ ᠴᠢᠬᠢ ᠲᠠᠯᠪᠢᠨ ᠰᠤᠨᠤᠰᠤᠭᠰᠠᠭᠠᠷ ᠪᠡᠶ᠎ᠡ ᠵᠦᠬᠡᠯᠡᠷᠡᠵᠦ ᠤᠬᠠᠭᠠᠨ ᠪᠠᠯᠠᠷᠠᠨ ᠰᠦᠨᠢ ᠶᠢᠨ ᠬᠦᠨ᠂ ᠰᠡᠷᠡᠨ ᠤ ᠬᠡᠬᠡᠨ ᠲᠤᠶᠠᠭ᠎ᠠ ᠳᠤ ᠦᠷ᠎ᠡ ᠤᠮᠪᠤᠯ ᠲᠠᠢ ᠪᠠᠨ ᠠᠭᠤᠯᠵᠠᠵᠦ ᠶᠠᠷᠢᠯᠴᠠᠨ ᠪᠠᠶᠢᠬᠤ ᠮᠡᠳᠦ ᠪᠤᠯᠪᠠ᠃ ᠲᠠᠷᠠᠭ᠎ᠠ ᠦᠷᠯᠦᠬᠡ ᠨᠢ ᠨᠢᠭᠡ ᠢᠳᠡᠬᠡᠯᠳᠡᠢ ᠪᠤᠶᠢᠳᠠ ᠶᠢ ᠲᠠᠭᠤᠳᠠᠵᠦ ᠠᠳᠤᠭᠤᠨ ᠲᠠᠭᠠᠭᠠᠮᠠᠯ ᠠᠴᠠ ᠦᠴᠦᠭᠡᠳᠦᠷ ᠰᠦᠨᠢ ᠶᠢᠨ ᠠᠳᠤᠭᠤᠨ ᠤ ᠮᠠᠨᠠᠭ᠎ᠠ ᠳᠤ ᠬᠡᠨ ᠭᠠᠷᠪᠠ︖ ᠲᠠᠬᠦᠨ ᠢ ᠲᠠᠭᠤᠳᠠ ᠬᠡᠵᠦ ᠵᠠᠷᠯᠢᠭ ᠪᠠᠭᠤᠯᠭᠠᠪᠠ᠃        ᠳᠡᠶᠢᠳᠡᠢ᠂ ᠠᠳᠤᠭᠤᠴᠢᠨ ᠢᠶᠠᠷ ︽ᠲᠠᠶᠠ ᠪᠦᠭᠡᠷ᠎ᠡ︾ ᠬᠡᠰᠡᠨ ᠲᠠᠭᠤᠤ ᠶᠢ ᠨᠢᠬᠡᠨ ᠵᠡᠷᠬᠡ ᠨᠠᠮ ᠲᠠᠭᠤᠨ ᠢᠶᠠᠷ ᠲᠠᠭᠤᠯᠠᠭᠤᠯᠤᠨ ᠰᠤᠨᠤᠰᠴᠦ ᠦᠪᠡᠷ ᠤᠨ ᠡᠷᠭᠡ ᠦᠭᠡᠢ ᠦᠷ᠎ᠡ ᠪᠠᠨ ᠰᠠᠨᠠᠵᠦ ᠮᠦᠷᠦᠭᠡᠳᠦᠨ ᠬᠤᠶᠠᠷ ᠠᠳᠤᠭᠤᠴᠢᠨ ᠳᠤ ᠲᠤᠰ ᠪᠦᠷᠢ ᠡᠳ᠋ ᠤᠨ ᠪᠠᠷᠠᠭ᠎ᠠ ᠱᠠᠩᠨᠠᠭᠠᠳ ᠬᠤᠶᠢᠰᠢᠳᠠ ᠡᠨᠡ ᠲᠠᠭᠤᠤ ᠶᠢ ᠲᠠᠬᠢᠨ ᠲᠠᠭᠤᠯᠠᠵᠦ ᠳᠠᠮᠵᠢᠭᠤᠯᠵᠦ ᠪᠤᠯᠬᠤ ᠦᠭᠡᠢ᠂ ᠬᠡᠨ ᠬᠦᠮᠦᠨ ᠮᠢᠨᠦ ᠵᠠᠬᠢᠶ᠎ᠠ ᠶᠢ ᠵᠦᠷᠢᠴᠡᠨ ᠴᠠᠰᠢ ᠤᠯᠠᠮᠵᠢᠯᠠᠵᠦ ᠲᠠᠭᠤᠯᠠᠪᠠᠯ ᠲᠡᠬᠦᠨ ᠢ ᠴᠢᠩᠳᠠᠯᠠᠨ ᠰᠢᠳᠬᠡᠵᠦ ᠨᠠᠷᠠᠶᠢᠮ᠎ᠠ᠂ ᠵᠠᠪᠰᠠᠯᠮ᠎ᠠ ᠶᠢᠨ ᠮᠦᠷ ᠢᠶᠠᠷ ᠡᠷᠯᠢᠭ ᠲᠠᠮᠦ ᠶᠢᠨ ᠵᠠᠮ ᠢᠶᠠᠷ ᠵᠠᠮᠨᠠᠭᠤᠯᠤᠨ᠎ᠠ ᠬᠡᠰᠡᠨ ᠠᠴᠠ ᠡᠨᠡᠬᠦ ᠲᠠᠭᠤᠤ ᠨᠢ ᠠᠷᠦ ᠬᠤᠷᠴᠢᠨ ᠬᠤᠰᠢᠭᠤᠨ ᠳᠤ ᠬᠤᠷᠢᠭ᠎ᠠ ᠴᠡᠭᠡᠷ ᠲᠠᠢ ᠬᠢᠵᠠᠭᠠᠷᠯᠠᠭᠳᠠᠨ ᠬᠦᠯᠢᠶᠠᠰᠦᠯᠡᠭᠳᠡᠭᠡᠳ ᠤᠷᠳᠤᠨ ᠤ ᠲᠤᠳᠤᠷᠠᠬᠢ ᠰᠠᠮᠠᠭᠤᠨ ᠵᠢᠬᠡᠬᠦᠨ ᠲᠠᠮᠠᠴᠡᠯ ᠮᠡᠷᠭᠤᠭᠠᠨ ᠢ ᠨᠢᠭᠤᠨ ᠲᠠᠯᠳᠠᠯᠠᠬᠤ ᠳᠤ ᠬᠦᠷᠪᠡ᠃ ᠬᠦᠬᠡᠷᠦᠬᠦᠢ ᠬᠤᠶᠠᠷ ᠰᠢᠪᠡᠭᠴᠢᠨ ᠬᠡᠤᠬᠡᠨ᠂ ᠪᠦᠮᠠᠳᠮ᠎ᠠ ᠶᠢᠨ ᠰᠦᠷ ᠬᠡᠷᠡᠯ ᠳᠤ ᠲᠠᠷᠤᠭᠳᠡᠵᠦ ᠵᠢᠰᠦᠷ ᠵᠠᠯᠢᠬᠠᠢ ᠠᠷᠭ᠎ᠠ ᠪᠠᠰᠢᠷ ᠲᠤᠨᠢ ᠮᠡᠬᠡᠯᠡᠭᠳᠡᠨ᠂ ᠡᠳ᠋ ᠮᠦᠩᠭᠦ ᠳᠤ ᠬᠤᠪᠳᠤᠭᠯᠠᠵᠦ ᠰᠤᠬᠤᠷ ᠪᠠᠯᠠᠢ ᠪᠠᠷ ᠡᠶᠡᠯᠳᠤᠨ ᠲᠠᠭᠠᠵᠦ ᠲᠡᠷᠪᠡᠭᠰᠡᠭᠡᠷ ᠬᠠᠶᠢᠷᠠᠨ ᠠᠮᠢ ᠪᠠᠨ ᠠᠯᠳᠠᠭᠰᠠᠨ ᠨᠢ ᠲᠠᠩᠴᠦ ᠬᠠᠷᠠᠰᠠᠯᠳᠠᠢ᠃ ᠬᠠᠷᠢᠨ ᠬᠡᠷᠡᠭ ᠤᠨ ᠤᠭᠤᠳᠠ ᠬᠢᠵᠢᠭ ᠤᠨ ᠰᠠᠬᠢᠭᠤᠰᠦ ᠪᠦᠮᠠᠳᠮ᠎ᠠ ᠬᠢᠬᠡᠳ ᠰᠤᠳᠨᠠᠮ ᠯᠠᠮᠠ ᠰᠡᠪ ᠮᠡᠳᠡᠭᠳᠡᠭᠰᠡᠨ ᠦᠭᠡᠢ ᠪᠠᠷ ᠵᠠᠰᠠᠭ ᠪᠠᠽᠠᠷᠬᠢᠷᠢᠳᠢ ᠶᠢᠨ ᠬᠠᠶᠢᠷ᠎ᠠ ᠬᠡᠰᠢᠭ ᠢ ᠦᠯᠡᠮᠵᠢ ᠵᠤᠵᠠᠭᠠᠨ ᠬᠦᠷᠳᠡᠵᠦ ᠬᠠᠤᠯᠢ ᠶᠤᠰᠤᠨ ᠤ ᠭᠠᠳᠠᠭᠤᠷ ᠬᠤᠯᠬᠢᠨ ᠭᠠᠷᠤᠭᠰᠠᠨ ᠨᠢ ᠲᠠᠷᠠ ᠦᠶ᠎ᠡ ᠳᠤ ᠬᠠᠤᠯᠢ ᠨᠢ ᠭᠠᠤᠯᠢ ᠪᠤᠯᠵᠦ ᠬᠤᠸᠠᠷᠠᠭ ᠨᠢ ᠰᠢᠮᠨᠤᠰ ᠪᠤᠯᠤᠭᠰᠠᠨ ᠢ ᠢᠯᠡᠳᠳᠡ ᠬᠠᠷᠠᠭᠤᠯᠪᠠ᠃        ᠡᠮᠡᠭᠡ ᠳᠡᠶᠢᠳᠡᠢ ᠬᠤᠶᠠᠷ ᠠᠳᠤᠭᠤᠴᠢᠨ ᠤ ᠲᠠᠭᠤᠯᠠᠭᠰᠠᠨ ︽ᠲᠠᠶᠠ ᠪᠦᠬᠡᠷ᠎ᠡ︾ ᠶᠢᠨ ᠦᠬᠡ ᠠᠶᠠᠯᠭᠤ ᠶᠢ ᠰᠤᠨᠤᠰᠤᠭᠰᠠᠨ ᠲᠡᠷᠡ ᠡᠳᠦᠷ ᠠᠴᠠ ᠡᠬᠢᠯᠡᠵᠦ ᠡᠨᠡ ᠲᠠᠭᠤᠤ ᠶᠢ ᠦᠬᠡᠷ᠎ᠡ ᠬᠦᠮᠦᠨ ᠵᠤᠬᠢᠶᠠᠭᠰᠠᠨ ᠪᠤᠰᠤ᠂ ᠦᠬᠡᠷ᠎ᠡ ᠬᠦᠮᠦᠨ ᠡᠶᠢᠮᠦ ᠬᠦᠨ ᠵᠤᠵᠠᠭᠠᠨ ᠬᠠᠶᠢᠷ᠎ᠠ ᠰᠡᠳᠬᠢᠯᠬᠡ ᠲᠠᠢ ᠵᠤᠬᠢᠶᠠᠨ ᠪᠦᠳᠦᠬᠡᠬᠦ ᠡᠷᠳᠡᠮ ᠪᠤᠯᠪᠠᠰᠤᠷᠠᠯ ᠦᠭᠡᠢ᠂ ᠰᠦᠰᠦ ᠵᠤᠷᠢᠭ ᠴᠦ ᠠᠯᠠᠭ᠎ᠠ᠂ ᠪᠡᠷᠢ ᠨᠠᠩᠰᠤᠯᠮ᠎ᠠ ᠪᠠᠨ ᠵᠤᠬᠢᠶᠠᠯ᠎ᠠ ᠬᠡᠵᠦ ᠵᠦᠢᠴᠢᠯᠡᠨ ᠪᠤᠳᠤᠭᠰᠠᠨ ᠴᠦ ᠲᠤᠯᠭᠠᠵᠦ ᠠᠰᠠᠭᠤᠵᠦ ᠴᠢᠳᠡᠬᠤ ᠦᠭᠡᠢ᠃ ᠪᠡᠷᠢ ᠶᠢᠨ ᠢᠶᠠᠨ ᠡᠯᠢᠬᠡ ᠵᠢᠷᠦᠬᠡ ᠶᠢ ᠡᠪᠡᠷᠰᠢᠶᠡᠯᠬᠡᠨ ᠤᠯᠠᠮ ᠡᠪᠡᠳᠬᠡᠵᠦ᠂ ᠬᠠᠶᠢᠷ᠎ᠠ ᠰᠠᠳᠬᠢᠯ ᠤᠨ ᠰᠢᠷᠬᠠᠯᠠᠭ᠎ᠠ ᠶᠢ ᠬᠦᠨᠳᠡᠬᠦ ᠠᠴᠠ ᠬᠢᠴᠢᠶᠡᠨ ᠪᠤᠯᠭᠤᠮᠵᠢᠯᠠᠵᠦ ᠢᠷᠡᠪᠡ᠃ ᠬᠡᠳᠡᠯ᠎ᠡ ︽ᠲᠠᠶᠠ ᠪᠦᠭᠡᠷ᠎ᠡ︾ ᠶᠢᠨ ᠲᠠᠭᠤᠤ ᠶᠢ ᠲᠠᠭᠤᠯᠠᠵᠦ ᠪᠤᠯᠬᠤ ᠦᠭᠡᠢ ᠬᠡᠵᠦ ᠲᠡᠮᠦᠷ ᠮᠡᠳᠦ ᠬᠠᠳᠠᠭᠤ ᠴᠠᠭᠠᠵᠠᠯᠠᠭᠰᠠᠨ ᠴᠦ ᠤᠷᠳᠤᠨ ᠤ ᠳᠤᠳᠤᠷ᠎ᠠ ᠬᠠᠶᠠ ᠲᠠᠭᠤᠯᠠᠭᠳᠠᠬᠤ ᠪᠤᠶᠤ ᠬᠢᠩᠰᠢᠨ ᠬᠡᠨᠡᠷᠡᠬᠦ ᠠᠶ᠎ᠠ ᠲᠠᠭᠤᠨ ᠳᠤ ᠡᠮᠡᠭᠡ ᠲᠡᠶᠢᠳᠡᠢ ᠠᠷᠭ᠎ᠠ ᠪᠤᠰᠤ ᠬᠠᠳᠤᠨ ᠪᠡᠷᠢ ᠨᠠᠩᠰᠤᠯᠮ᠎ᠠ ᠪᠠᠨ ᠲᠠᠭᠤᠳᠠᠵᠦ ᠤᠴᠢᠷ ᠶᠠᠪᠤᠳᠠᠯ ᠢ ᠰᠢᠭᠤᠳ ᠰᠢᠯᠤᠭᠤᠨ ᠲᠤᠯᠭᠠᠵᠦ ᠠᠰᠠᠭᠤᠭᠰᠠᠨ ᠳᠤ ᠨᠠᠩᠰᠤᠯᠮ᠎ᠠ ᠬᠠᠳᠤᠨ ᠡᠵᠢ ᠶᠢᠨ ᠢᠶᠠᠨ ᠡᠮᠤᠨ᠎ᠡ ᠬᠦᠰᠡᠷ ᠰᠦᠬᠦᠳᠴᠦ ᠡᠪᠤᠳᠦᠭ ᠲᠠᠷᠤᠨ ᠦᠷᠦᠰᠢᠶᠡᠯ ᠠᠭᠤᠴᠢᠯᠠᠯ ᠭᠤᠶᠤᠵᠦ ᠦᠪᠡᠷ ᠤᠨ ᠵᠤᠬᠢᠶᠠᠭᠰᠠᠨ ᠢᠶᠠᠨ ᠮᠡᠳᠡᠷᠡᠵᠦ ᠡᠬᠢᠨ ᠠᠴᠠ ᠠᠳᠠᠭ ᠲᠤᠨᠢ ᠬᠦᠷᠳᠡᠯ᠎ᠡ ᠰᠢᠯᠦᠭᠯᠡᠨ ᠤᠩᠰᠢᠵᠦ ᠴᠢᠰᠤᠨ ᠨᠢᠯᠪᠤᠰᠦ ᠠᠰᠬᠠᠷᠠᠭᠤᠯᠤᠭᠰᠠᠨ ᠭᠡᠨ᠎ᠠ᠃        ᠡᠮᠡᠭᠡ ᠳᠡᠶᠢᠳᠡᠢ ᠶᠢᠨ ᠬᠤᠶᠡᠷ ᠠᠳᠤᠭᠤᠴᠢᠨ ᠠᠴᠠ ᠰᠤᠨᠤᠰᠤᠭᠰᠠᠨ ᠨᠢ ᠠᠷᠠᠢ ᠡᠬᠢᠨ ᠤ ᠬᠤᠶᠡᠷ ᠪᠠᠳᠠᠭ ᠪᠤᠯᠬᠤ ᠶᠢ ᠰᠠᠶ᠋ᠢ ᠤᠯᠵᠦ ᠬᠡᠷᠡᠭ ᠤᠴᠢᠷ ᠤᠨ ᠪᠦᠬᠦ ᠶᠠᠪᠤᠴᠠ ᠶᠢ ᠦᠨᠡᠨ ᠮᠠᠭᠠᠳ ᠲᠠᠢ ᠤᠯᠵᠦ ᠮᠡᠳᠡᠬᠡᠳ ᠲᠡᠷᠡ ᠲᠤᠤᠷ᠎ᠠ ᠨᠢ ᠵᠦᠬᠡᠯᠡᠷᠡᠨ ᠶᠠᠪᠤᠪᠠ᠃ ᠢᠩᠬᠢᠬᠡᠳ ︽ᠲᠠᠶᠠ ᠪᠦᠭᠡᠷ᠎ᠡ︾ ᠬᠡᠰᠡᠨ ᠲᠠᠭᠤᠤ ᠲᠠᠰᠦ ᠬᠤᠷᠢᠭᠯᠠᠭᠳᠠᠬᠰᠡᠨ ᠴᠦ ᠡᠳᠦᠷ ᠬᠤᠨᠤᠭ ᠤᠨ ᠤᠳᠠᠭᠠᠨ ᠳᠤ ᠵᠢᠪᠠᠷ ᠨᠡᠪᠳᠡᠷᠡᠬᠦ ᠦᠭᠡᠢ ᠬᠡᠷᠡᠮ ᠬᠡᠵᠦ ᠪᠠᠶᠢᠨᠠᠤ︖ ᠬᠤᠰᠢᠭᠤᠨ ᠤ ᠡᠷᠬᠡ ᠪᠠᠷᠢᠭᠴᠢ ᠨᠤᠶᠠᠳ ᠲᠦᠰᠢᠮᠡᠳ ᠳᠤᠳᠤᠷ᠎ᠠ ᠵᠠᠭᠤᠷ᠎ᠠ ᠪᠠᠨ ᠡᠷᠬᠡ ᠪᠠᠶᠢᠷᠢ ᠶᠢᠨ ᠲᠠᠮᠠᠴᠠᠯ ᠪᠤᠯᠢᠶᠠᠯᠳᠤᠯᠭ᠎ᠠ᠂ ᠡᠪᠳᠡᠷᠡᠯ ᠬᠠᠭᠠᠴᠠᠯ ᠳᠤ ᠪᠠᠽᠠᠷᠬᠢᠷᠢᠳᠢ ᠶᠢᠨ ᠬᠦᠦ ᠸᠠᠩᠴᠢᠨᠫᠧᠷᠯᠠᠢ ᠳᠤ ᠵᠠᠰᠠᠭ ᠤᠨ ᠬᠡᠷᠬᠡᠮ ᠢ ᠤᠯᠠᠮᠵᠢᠯᠠᠬᠤ ᠳᠤ ᠬᠦᠷᠴᠦ ︽ᠸᠠᠩᠴᠢᠨᠫᠧᠷᠯᠡᠢ ᠶᠢ ᠠᠪᠠᠯᠢ ᠶᠢᠨ ᠬᠠᠳᠤᠨ ᠠᠴᠠ ᠲᠦᠷᠦᠭᠰᠡᠨ ᠪᠤᠰᠤ᠂ ᠭᠤᠤᠯ ᠤᠳᠤᠮ ᠦᠨᠳᠦᠰᠦ ᠪᠢᠰᠢ ᠪᠤᠯᠬᠤᠷ ᠵᠠᠰᠠᠭ ᠢ ᠵᠠᠯᠭᠠᠮᠵᠢᠯᠠᠬᠤ ᠬᠢᠷᠢ ᠬᠡᠮ ᠦᠭᠡᠢ᠂ ᠦᠬᠡᠷ᠎ᠡ ᠵᠠᠰᠠᠭ ᠰᠤᠩᠭᠤᠨ᠎ᠠ ᠭᠡᠵᠦ ᠬᠠᠯᠠᠭᠤᠨ ᠭᠤᠤᠯ᠂ ᠮᠦᠭᠳᠡᠨ ᠬᠦᠷᠳᠡᠯ᠎ᠡ ᠵᠠᠷᠭᠤᠯᠳᠤᠪᠠ᠃ ᠡᠴᠦᠰ ᠲᠤ ᠡᠬᠡ ᠬᠦᠦ ᠬᠠᠭᠠᠴᠠᠨ ᠰᠠᠯᠤᠯᠴᠠᠬᠤ ᠳᠤ ᠲᠤᠯᠵᠦ ᠡᠭᠡ ᠪᠦᠮᠠᠳᠮ᠎ᠠ ᠨᠢ ᠬᠦᠦ ᠸᠠᠩᠴᠢᠨᠫᠧᠷᠯᠠᠢ ᠠᠴᠠ ᠪᠠᠨ ᠰᠠᠯᠵᠦ ᠤᠷᠳᠤᠨ ᠤ ᠭᠠᠳᠠᠨᠠᠬᠢ ᠠᠷᠦ ᠶᠢᠨ ᠬᠤᠳᠠ ᠶᠢᠨ ᠡᠩᠭᠡᠷ ᠮᠤᠩᠭᠤᠯ ᠬᠡᠷ ᠢᠶᠠᠷ ᠰᠠᠭᠤᠪᠠ︾ ⑤᠃ ᠰᠡᠬᠦᠯᠡᠷ ᠨᠢ ᠨᠤᠶᠠᠨ ᠰᠦᠮ᠎ᠠ ᠬᠤᠨᠳᠤ ᠳᠤ ᠰᠠᠭᠤᠵᠦ ᠦᠳᠡᠯᠦᠬᠡ ᠨᠠᠰᠤ ᠪᠠᠨ ᠦᠩᠬᠡᠷᠡᠬᠦᠯᠪᠡ᠃        ︽ᠲᠡᠶᠡ ᠪᠦᠭᠡᠷ᠎ᠡ︾ ᠬᠡᠬᠦ ᠲᠠᠭᠤᠤ ᠤᠷᠳᠤᠨ ᠤ ᠬᠠᠤᠯᠢ ᠲᠦᠷᠢᠮ ᠢ ᠬᠠᠭ᠎ᠠ ᠲᠠᠭᠠᠷᠢᠵᠦ ᠤᠯᠠᠭᠠᠨ ᠡᠭᠦᠳᠡ ᠨᠤᠭᠤᠭᠠᠨ ᠬᠠᠭᠠᠯᠭ᠎ᠠ ᠶᠢᠨ ᠬᠤᠷᠢᠭᠤᠯ ᠬᠦᠰᠢᠬᠦᠷᠬᠡ ᠶᠢ ᠡᠪᠳᠡᠵᠦ ᠠᠷᠠᠳ ᠲᠦᠮᠡᠨ ᠤ ᠲᠤᠮᠳᠠ ᠠᠮᠢᠯᠠᠭᠳᠠᠵᠦ ᠠᠰᠢᠳᠠ ᠮᠦᠩᠬᠡᠵᠢᠨ ᠦᠨᠳᠦᠰᠦᠯᠡᠵᠦ ᠬᠤᠵᠢᠮ ᠤᠨ ᠬᠦᠮᠦᠰ ᠲᠤ ᠦᠪ ᠪᠤᠯᠵᠦ ᠦᠯᠡᠳᠡᠭᠳᠡᠨ ᠤᠯᠠᠮᠵᠢᠯᠠᠭᠳᠠᠭᠰᠠᠨ ᠨᠢ ᠡᠨᠡ ᠪᠢᠯᠨ ᠡ︕ ᠬᠡᠵᠦ ᠰᠢᠯᠭᠠᠷᠪᠤ ᠨᠠᠰᠤᠳᠠᠨ ᠬᠢᠬᠡᠳ ᠠᠷᠠᠳ ᠤᠨ ᠲᠠᠭᠤᠴᠢᠨ ᠴᠠᠭᠠᠨ ᠬᠤᠶᠠᠭᠤᠯᠠ ᠲᠠᠨᠢᠯᠴᠠᠭᠤᠯᠤᠭᠰᠠᠨ ᠶᠤᠮ᠃ ᠰᠢᠯᠭᠠᠷᠪᠤ᠂ ᠴᠠᠭᠠᠨ ᠬᠤᠶᠠᠷ ᠨᠠᠰᠤᠳᠠᠨ ᠬᠢᠬᠡᠳ ᠲᠤᠬᠠᠢ ᠶᠢᠨ ᠨᠤᠶᠠᠨ ᠤ ᠬᠠᠶᠢᠷ᠎ᠠ ᠬᠡᠰᠢᠭ ᠢ ᠦᠯᠡᠮᠵᠢ ᠤᠯᠤᠭᠰᠠᠨ ᠪᠤᠶᠢᠳᠠ ᠲᠠᠴᠢᠰᠢᠶᠠᠨ ᠤ ᠬᠦᠦ ᠵᠢᠭᠮᠢᠳ ᠭᠤᠸᠠᠢ ᠶᠢᠨ ᠬᠡᠯᠡᠬᠦ ᠪᠠ ᠲᠠᠭᠤᠤ ᠶᠢᠨ ᠰᠢᠯᠦᠭ ᠠᠴᠠ ᠦᠵᠡᠬᠦ ᠳᠤ ︽ᠲᠠᠶᠠ ᠪᠦᠭᠡᠷ᠎ᠡ︾ ᠶᠢ ᠬᠠᠷ᠎ᠠ ᠲᠠᠮᠠᠬᠢ ᠢᠳᠡᠬᠦᠯᠵᠦ ︽ᠤᠨᠳᠠᠭᠤᠯᠪᠠ︾ ᠬᠡᠳᠡᠭ ᠢ ᠦᠨᠡᠮᠰᠢᠬᠦᠰᠢᠳᠡᠢ ᠪᠠᠶᠢᠨ᠎ᠠ᠃ ᠲᠠᠭᠤᠤ ᠳᠤ᠄ ᠪᠤᠷᠤ ᠴᠠᠭᠠᠰᠤᠨ ᠳᠤ ᠪᠠᠭᠯᠠᠭᠰᠠᠨ ᠢ ᠨᠢ ᠪᠤᠷᠠᠮ ᠬᠡᠮᠡᠨ ᠪᠤᠳᠤᠪᠠᠤ ᠳ᠋ᠠ ᠪᠤᠭᠤᠯ ᠤᠨ ᠬᠡᠤᠬᠡᠨ ᠪᠦᠮᠠᠳᠮ᠎ᠠ ᠶᠢ ᠪᠤᠳᠢᠰᠤᠩ ᠰᠡᠳᠬᠢᠯᠳᠡᠨ ᠢᠶᠠᠷ ᠰᠠᠨᠠᠪᠠᠤ ᠳ᠋ᠠ ᠴᠠᠭᠠᠨ ᠴᠠᠭᠠᠰᠤᠨ ᠳᠤ ᠪᠠᠭᠯᠠᠭᠰᠠᠨ ᠢ ᠴᠠᠭᠠᠨ ᠰᠢᠬᠢᠷ ᠬᠡᠮᠡᠨ ᠪᠤᠳᠤᠪᠠᠤ ᠳ᠋ᠠ ᠴᠠᠭᠠᠴᠢᠨ ᠤ ᠬᠡᠤᠬᠡᠨ ᠪᠦᠮᠠᠳᠮ᠎ᠠ ᠶᠢ ᠴᠠᠶᠢᠯᠭᠠᠨ ᠰᠡᠳᠬᠢᠯᠳᠡᠨ ᠢᠶᠠᠷ ᠰᠠᠨᠠᠪᠠᠤ ᠳ᠋ᠠ ᠭᠡᠵᠦ ᠳᠠᠭᠤᠯᠠᠪᠠ᠃ ᠡᠨᠡ ᠨᠢ ︽ᠲᠠᠶᠠ ᠪᠦᠬᠡᠷ᠎ᠡ︾ ᠳᠤ ᠶᠠᠮᠠᠷ ᠬᠤᠤᠷ ᠢᠳᠡᠬᠦᠯᠵᠦ ᠬᠡᠨ ᠬᠤᠤᠷᠯᠠᠭᠰᠠᠨ ᠢ ᠬᠡᠬᠡᠨ ᠡᠳᠦᠷ ᠬᠡᠷᠡᠯᠳᠦ ᠨᠠᠷᠠᠨ ᠤ ᠲᠤᠤᠷ᠎ᠡ ᠲᠤᠪ ᠲᠤᠳᠤᠷᠬᠠᠢ ᠢᠯᠡᠴᠢᠯᠡᠵᠦ ᠲᠦᠮᠡᠨ ᠤ ᠲᠤᠮᠳᠠ ᠲᠠᠨᠢᠯᠴᠠᠭᠤᠯᠵᠦ ᠲᠤᠩᠬᠠᠭᠯᠠᠨ ᠲᠡᠤᠭᠡ ᠲᠡᠮᠳᠡᠭᠯᠡᠯ ᠳᠤ ᠰᠦᠪᠡᠭᠴᠢ ᠦᠯᠡᠳᠡᠬᠡᠵᠦ ᠦᠭᠬᠦᠭᠰᠡᠨ ᠪᠠᠶᠢᠨ᠎ᠠ᠃ ᠲᠠᠭᠤᠤ ᠳᠤ ᠭᠡᠳᠦ᠋ᠢᠪᠡᠷ ᠪᠦᠮᠠᠳᠮ᠎ᠠ ᠶᠢ ︽ᠪᠤᠭᠤᠯ ᠤᠨ ᠬᠡᠤᠬᠡᠨ︾ ᠪᠠ ︽ᠴᠠᠭᠠᠭᠴᠢᠨ︾ ᠬᠡᠵᠦ ᠭᠤᠳᠤᠭᠠᠨ ᠲᠤᠷᠤᠮᠵᠢᠯᠠᠭᠰᠠᠨ ᠴᠦ ᠲᠡᠬᠦᠨ ᠤ ᠦᠨᠡᠨ ᠡᠰᠢ ᠭᠠᠷᠤᠯ ᠨᠢ ᠨᠡᠬᠡᠷᠡᠨ ᠡᠶᠢᠮᠦ ᠪᠠᠶᠢᠭᠰᠠᠨ ᠪᠦᠬᠡᠳ ᠢᠯᠡᠩᠭᠤᠶ᠎ᠠ ᠨᠠᠩᠰᠤᠯᠮ᠎ᠠ ᠶᠢᠨ ᠲᠡᠤᠭᠡ ᠶᠢᠨ ᠬᠢᠵᠠᠭᠠᠷᠯᠠᠯ᠂ ᠹᠸᠤᠳᠠᠯ ᠠᠩᠭᠢ ᠶᠢᠨ ᠠᠰᠢᠭ ᠬᠤᠤᠷ ᠪᠠ ᠦᠪᠡᠷ ᠤᠨ ᠶᠢᠷᠳᠢᠨᠴᠦ ᠶᠢᠨ ᠦᠵᠡᠯ ᠤᠨ ᠬᠢᠨᠢ ᠪᠤᠳᠠᠳᠠᠢ ᠲᠤᠰᠬᠠᠯ ᠪᠤᠯᠬᠤ ᠶᠤᠮ᠃        ᠪᠦᠮᠠᠳᠮ᠎ᠠ ᠶᠢᠨ ᠲᠦᠷᠦᠭᠰᠡᠨ ᠬᠦᠪᠡᠬᠦᠨ ᠸᠠᠩᠴᠢᠨᠫᠧᠷᠯᠠᠢ ᠨᠢ ᠦᠨᠡᠬᠡᠷ ᠬᠠᠪᠤᠳᠤ ᠬᠠᠰᠠᠷ ᠤᠨ ᠬᠤᠶᠢᠴᠢᠰ ᠬᠤᠷᠴᠢᠨ ᠠᠶᠢᠮᠠᠭ ᠤᠨ 28 ᠳ᠋ᠤᠭᠠᠷ ᠦᠶ᠎ᠡ ᠶᠢᠨ ᠴᠤᠷ ᠤᠨ ᠭᠠᠭᠴᠠ ᠦᠷ᠎ᠡ ᠦᠨᠳᠦᠰᠦ ᠪᠤᠯᠵᠦ ᠬᠤᠴᠤᠷᠤᠨ ᠭᠠᠯ ᠭᠤᠯᠤᠮᠳᠠ ᠶᠢ ᠨᠢ ᠵᠠᠯᠭᠠᠮᠵᠢᠯᠠᠵᠦ ᠴᠢᠩ ᠤᠯᠤᠰ ᠤᠨ ᠬᠠᠤᠯᠢ ᠲᠦᠷᠢᠮ ᠢᠶᠠᠷ ᠠᠷᠤ ᠬᠤᠷᠴᠢᠨ ᠬᠤᠰᠢᠭᠤᠨ ᠤ ᠠᠷᠪᠠᠨ ᠨᠢᠬᠡᠳᠦᠬᠡᠷ ᠦᠶ᠎ᠡ ᠶᠢᠨ ᠠᠷᠪᠠᠨ ᠲᠦᠷᠪᠡᠳᠦᠬᠡᠷ ᠵᠠᠰᠠᠭ ᠨᠤᠶᠠᠨ ᠤ ᠰᠠᠭᠤᠷᠢᠨ ᠳᠤ ᠭᠠᠷᠪᠠ᠃ ᠵᠠᠰᠠᠭ ᠸᠠᠩ ᠸᠠᠩᠴᠢᠨᠫᠧᠷᠯᠠᠢ ᠬᠡᠳᠦ᠋ᠢᠪᠡᠷ ᠹᠸᠤᠳᠠᠯ ᠶᠤᠰᠤᠨ ᠤ ᠬᠠᠤᠯᠢ ᠲᠦᠷᠢᠮ ᠢᠶᠠᠷ ᠵᠠᠰᠠᠭ ᠰᠠᠭᠤᠭᠰᠠᠨ ᠴᠦ ᠡᠬᠡ ᠪᠦᠮᠠᠳᠮ᠎ᠠ ᠨᠢ ᠬᠠᠷ᠎ᠠ ᠬᠤᠤᠷᠳᠠᠢ ᠪᠠᠷ ︽ᠲᠠᠶᠠ ᠪᠦᠭᠡᠷ᠎ᠡ︾ ᠶᠢ ᠬᠦᠨᠦᠬᠡᠭᠰᠡᠨ ᠠᠴᠠ ᠠᠷᠦ ᠬᠤᠷᠴᠢᠨ ᠤ ᠵᠠᠰᠠᠭ ᠤᠨ ᠡᠷᠬᠡ ᠰᠠᠭᠤᠷᠢᠨ ᠢ ᠭᠤᠶᠢᠪᠢᠭᠤᠯᠤᠭᠰᠠᠨ ᠵᠢᠴᠢ ᠵᠠᠰᠠᠭ ᠲᠤ ᠬᠠᠯᠳᠠᠵᠦ ᠡᠷᠬᠡ ᠪᠤᠯᠢᠶᠠᠯᠳᠤᠭᠰᠠᠨ ᠳᠤ ᠬᠥᠦ ᠨᠢ ᠲᠦᠢᠯ ᠢᠶᠠᠷ ᠳᠣᠷ᠎ᠠ ᠥᠭᠡᠶᠢᠴᠡᠨ ᠭᠤᠮᠦᠳᠠᠪᠠ᠃ ᠡᠭᠡ᠂ ᠬᠥᠦ ᠶᠢᠨ ᠬᠤᠭᠤᠷᠦᠨᠳᠥᠬᠢ ᠭᠤᠮᠣᠳᠠᠯ ᠨᠢ ᠬᠤᠷᠣᠰᠦᠯ ᠲᠡᠮᠡᠴᠡᠯ ᠪᠣᠯᠵᠦ ᠬᠤᠪᠢᠷᠠᠭᠠᠳ ᠬᠤᠶᠠᠭᠤᠯᠠ ᠶᠢᠨ ᠠᠯᠢ ᠠᠯᠢᠨ ᠢᠶᠠᠨ ᠥᠵᠡᠵᠦ ᠴᠢᠳᠠᠬᠤ ᠦᠭᠡᠢ ᠬᠡᠮᠵᠢᠶᠡᠨ ᠳᠤ ᠬᠦᠷᠭᠡᠪᠡ᠃ ᠡᠶᠢᠨᠬᠦ ᠪᠦᠮᠠᠳᠮ᠎ᠠ ᠥᠲᠡᠯᠦᠭᠡ ᠨᠠᠰᠦᠨ ᠳᠠᠭᠠᠨ ᠡᠮᠡᠭᠡ ᠲᠠᠶᠢᠲᠠᠢ ᠬᠦᠮᠦᠳᠠ ᠠᠳᠠᠯᠢ ᠶᠡᠭᠡ ᠬᠦᠨᠳᠦᠳᠭᠡᠯ ᠪᠢᠰᠢᠷᠡᠯ ᠢ ᠣᠯᠬᠤ ᠶᠢ ᠲᠤᠷᠠᠯᠠᠨ ᠬᠦᠮᠦᠨ ᠴᠢᠨᠠᠷ ᠦᠭᠡᠢ ᠥᠢᠯᠡᠰ ᠲᠤ ᠰᠢᠨᠤᠬᠠᠶᠢᠷᠬᠠᠭᠰᠠᠨ ᠴᠦ ᠲᠠᠬᠦᠨ ᠤ ᠪᠤᠳᠤᠵᠦ ᠰᠠᠨᠠᠭᠰᠠᠨ ᠠᠴᠠ ᠦᠰᠦᠳ ᠦᠬᠡᠷ᠎ᠡ ᠪᠤᠯᠵᠦ ᠤᠷᠤᠬᠤ ᠬᠡᠷ ᠤᠭᠤᠴᠢᠬᠤ ᠠᠶᠠᠭ᠎ᠠ ᠦᠭᠡᠢ ᠬᠡᠮᠵᠢᠶᠡᠨ ᠳᠤ ᠲᠤᠯᠵᠦ ᠨᠤᠶᠠᠨ ᠤ ᠤᠷᠳᠤᠨ ᠬᠠᠷᠰᠢ ᠳᠤ ᠤᠷᠤᠰᠢᠨ ᠲᠤᠭᠳᠠᠨᠢᠵᠦ ᠴᠢᠳᠠᠬᠤ ᠦᠭᠡᠢ ᠬᠤᠨᠳᠤ ᠳᠠᠬᠢ ᠨᠤᠶᠠᠨ ᠰᠦᠮ᠎ᠡ ᠳᠤ ᠰᠠᠭᠤᠵᠦ ᠯᠠᠮᠠ ᠴᠦ ᠪᠢᠰᠢ᠂ ᠴᠢᠪᠠᠭᠠᠨᠴᠠ ᠴᠦ ᠪᠢᠰᠢ ᠦᠩᠬᠡᠷᠡᠭᠦᠯᠦᠭᠰᠡᠨ ᠶᠤᠮ᠃        ᠠᠷᠤ ᠬᠤᠷᠴᠢᠨ ᠤ ᠠᠷᠠᠳ ᠤᠨ ᠲᠠᠭᠤᠤ ︽ᠲᠠᠶᠠ ᠪᠦᠭᠡᠷ᠎ᠡ︾ ᠨᠢ ᠵᠦᠪᠬᠡᠨ ᠬᠠᠷᠢ ᠳᠤ ᠮᠤᠷᠳᠠᠭᠰᠠᠨ ᠬᠡᠤᠬᠡᠨ ᠦᠰᠴᠦ ᠲᠦᠷᠦᠭᠰᠡᠨ ᠦᠯᠦᠬᠡᠢ ᠨᠤᠳᠤᠭ ᠢᠶᠠᠨ ᠮᠦᠷᠦᠬᠡᠳᠴᠦ ᠦᠳᠡᠯᠦᠬᠡ ᠪᠤᠭᠤᠷᠤᠯ ᠠᠪᠤ ᠡᠵᠢ ᠪᠠᠨ ᠰᠠᠨᠠᠭᠰᠠᠨ ᠪᠤᠶᠤ ᠡᠵᠢ ᠬᠦᠮᠦᠨ ᠦᠷ᠎ᠡ ᠪᠠᠨ ᠠᠯᠳᠠᠵᠦ ᠬᠤᠤᠷᠯᠠᠭᠤᠯᠤᠭᠠᠳ ᠠᠭᠤᠴᠢᠯᠠᠰᠢ ᠦᠭᠡᠢ ᠬᠢᠯᠢᠭ ᠬᠤᠷᠤᠰᠤᠯ ᠤᠨ ᠭᠠᠯ ᠢᠶᠠᠷ ᠦᠪᠡᠷ ᠤᠨ ᠡᠨᠡᠯᠦᠨ ᠰᠢᠨᠡᠯᠦᠭᠰᠡᠨ ᠬᠠᠶᠢᠷ᠎ᠠ ᠰᠡᠳᠬᠢᠯᠬᠡ ᠪᠠᠨ ᠢᠯᠡᠳᠬᠡᠭᠰᠡᠨ ᠲᠡᠳᠦᠢ ᠪᠢᠰᠢ᠃ ᠨᠡᠩ ᠴᠢᠨᠠᠭᠰᠢᠳᠠ ᠹᠸᠤᠳᠠᠯ ᠨᠠᠶᠢᠬᠡᠮ ᠤᠨ ᠤᠷᠳᠤᠨ ᠤ ᠳᠤᠳᠤᠭᠠᠳᠤᠬᠢ ᠰᠠᠮᠠᠭᠤᠨ ᠵᠢᠬᠡᠬᠦᠨ ᠲᠡᠮᠡᠴᠡᠯ᠂ ᠡᠷᠬᠡ ᠪᠠᠶᠢᠷᠢ ᠶᠢᠨ ᠦᠷᠢᠰᠦᠯᠳᠦᠭᠡᠨ ᠤ ᠬᠠᠷᠬᠢᠰ ᠬᠡᠷᠴᠡᠭᠡᠢ ᠬᠠᠷ᠎ᠠ ᠬᠤᠤᠷᠳᠠᠢ ᠶᠢ ᠢᠯᠡᠴᠢᠯᠡᠨ ᠵᠠᠭᠠᠯᠳᠤᠭᠰᠠᠨ ᠨᠢᠬᠡᠨ ᠢᠵᠢ ᠤᠶᠠᠩᠭᠠᠯᠠᠯ ᠱᠠᠰᠳᠢᠷ ᠮᠥᠨ᠃ ᠡᠨᠡᠬᠦ ᠠᠷᠠᠳ ᠤᠨ ᠳᠠᠭᠤᠤ ᠨᠢ ᠦᠨᠦᠳᠦᠷ ᠲᠡᠤᠭᠡ ᠶᠢᠨ ᠬᠤᠷᠢᠭ᠎ᠠ ᠴᠠᠭᠡᠷ᠂ ᠭᠠᠪᠠ ᠬᠢᠨᠵᠢ ᠶᠢ ᠲᠠᠰᠦᠯᠵᠦ ᠠᠷᠠᠳ ᠲᠦᠮᠡᠨ ᠤ ᠲᠤᠮᠳᠠ ᠲᠡᠤᠭᠡ ᠶᠢᠨ ᠦᠨᠡᠨ ᠪᠤᠯᠵᠦ ᠰᠤᠳᠤᠯᠤᠨ ᠰᠤᠪᠢᠬᠤ ᠳᠤ ᠤᠯᠠ ᠮᠦᠷ ᠦᠯᠡᠳᠡᠬᠡᠵᠦ ᠮᠠᠨ ᠳᠤ ᠤᠯᠳᠠᠰᠢ ᠦᠭᠡᠢ ᠡᠷᠳᠡᠨᠢ ᠶᠢᠨ ᠲᠦᠯᠬᠢᠬᠦᠷ ᠢ ᠡᠵᠡᠮᠰᠢᠬᠦᠯᠪᠡ᠃ ᠵᠡᠬᠦᠯᠳᠠ ① ③ ᠮᠦᠭᠳᠡᠩᠭᠡ ᠶᠢᠨ ᠭᠠᠷ ᠪᠢᠴᠢᠮᠡᠯ᠂ ︽ᠸᠠᠩᠴᠢᠨᠫᠧᠷᠯᠠᠢ ᠶᠢᠨ ᠲᠡᠦᠭᠡ︾ ② ︽ᠴᠢᠩ ᠣᠯᠣᠰ ᠤᠨ ᠦᠶ᠎ᠡ ᠶᠢᠨ ᠮᠤᠩᠭᠤᠯ ᠬᠤᠰᠢᠭᠤ ᠴᠢᠭᠤᠯᠭᠠᠨ︾ ᠤ 88 ᠳ᠋ᠤᠭᠠᠷ ᠨᠢᠭᠤᠷ ④ ︽ᠠᠷᠣ ᠬᠤᠷᠴᠢᠨ ᠤ ᠰᠣᠶᠣᠯ ᠲᠡᠤᠬᠡ ᠶᠢᠨ ᠡᠮᠬᠢᠳᠭᠡᠯ︾ ᠤᠨ ᠬᠤᠶᠠᠳᠦᠭᠠᠷ ᠲᠤ ᠸᠠᠩᠴᠢᠨᠫᠧᠷᠯᠡᠢ ᠶᠢ ᠬᠠᠪᠣᠳᠦ ᠬᠠᠰᠠᠷ ᠤᠨ 26 ᠳ᠋ᠤᠭᠠᠷ ᠦᠶ᠎ᠡ ᠭᠡᠪᠡ᠃ ᠦᠨᠡᠨ ᠳᠡᠭᠡᠨ 28 ᠳ᠋ᠣᠭᠠᠷ ᠦᠶ᠎ᠡ ᠬᠡᠪᠡᠯ ᠲᠠᠭᠠᠷᠠᠨ᠎ᠠ᠃ ⑤ ︽ᠠᠷᠦ ᠬᠤᠷᠴᠢᠨ ᠤ ᠰᠤᠶᠤᠯ ᠲᠡᠤᠬᠡ ᠶᠢᠨ ᠡᠮᠬᠢᠳᠬᠡᠯ︾ ᠤᠨ ᠬᠤᠶᠠᠳᠤᠭᠠᠷ ᠤᠨ 24᠂ 25᠂ 49 ᠳ᠋ᠤᠬᠡᠷ ᠨᠢᠭᠤᠷ ︵ᠠ᠊᠂ ᠬᠤᠲᠣᠷᠠᠩᠭ᠎ᠠ︶
 
ᠢᠷᠡᠯᠲᠡ᠄ ᠤᠯᠠᠭᠠᠨᠬᠠᠳᠠ ᠬᠤᠲᠠ ᠶᠢᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号