| 2018 ᠤᠨ ᠤ 9 ᠰᠠᠷ᠎ᠠ ᠶᠢᠨ 21 ᠤ ᠡᠳᠦᠷ᠂ ᠮᠠᠨ ᠤ ᠤᠷᠤᠨ ᠤ ᠨᠡᠷᠡᠳᠤ ᠵᠤᠬᠢᠶᠠᠯᠴᠢ ᠮᠦᠩᠬᠡ ᠶᠢᠨ | ︽ᠬᠠᠨ ᠮᠤᠨᠠ ᠶᠢᠨ ᠰᠡᠭᠦᠷᠡᠰᠦ︾ ᠷᠤᠮᠠᠨ ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ | ᠨᠤᠮ ᠤᠨ ᠰᠠᠩ︾ ᠳᠤ ᠰᠤᠩᠭᠤᠬᠳᠠᠵᠦ ᠤᠷᠤᠬᠰᠠᠨ ᠪᠤᠯᠤᠨ ᠺᠢᠷᠢᠯ ᠦᠰᠦᠭ ᠤᠨ ᠬᠡᠪᠯᠡᠯ ᠤᠨ ᠠᠩᠬ᠎ᠠ | ᠲᠠᠷᠬᠠᠭᠠᠯᠳᠠ ᠶᠢᠨ ᠶᠤᠰᠤᠯᠠᠯ ᠵᠢᠴᠢ ᠡᠷᠳᠡᠮ ᠰᠢᠨᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ ᠵᠤᠬᠢᠶᠠᠯᠴᠢ | ᠮᠦᠩᠬᠡ ᠶᠢᠨ ᠲᠦᠷᠦᠭᠰᠡᠨ ᠨᠤᠳᠤᠭ ᠪᠤᠯᠬᠤ ᠵᠢᠤᠶᠤᠸᠠᠨ ᠲᠤᠭᠤᠷᠢᠭ ᠲᠤ ᠶᠠᠪᠤᠬᠳᠠᠵᠦ᠂ ︽ᠬᠠᠨ ᠮᠤᠨᠠ ᠶᠢᠨ | ᠰᠡᠭᠦᠷᠡᠰᠦ︾ ᠷᠤᠮᠠᠨ ᠨᠢ ︽ᠲᠡᠯᠭᠡᠷ ᠬᠠᠩᠭᠠᠢ︾ ᠷᠤᠮᠠᠨ ᠠᠴᠠ ᠳᠠᠷᠠᠭᠠᠬᠢ᠂ ᠮᠤᠩᠭᠤᠯ ᠤᠯᠤᠰ ᠤᠨ ︽ᠮᠤᠩᠭᠤᠯ | ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ ᠳᠤ ᠰᠤᠩᠭᠤᠬᠳᠠᠵᠦ ᠤᠷᠤᠬᠰᠠᠨ ᠮᠠᠨ ᠤ ᠤᠷᠤᠨ ᠤ ᠬᠤᠶᠠᠳᠡᠬᠢ | ᠷᠤᠮᠠᠨ ᠪᠤᠯᠤᠬᠰᠠᠨ ᠪᠠᠶᠢᠨ᠎ᠠ᠃ | ᠲᠠᠷᠬᠠᠭᠠᠯᠳᠠ ᠶᠢᠨ ᠶᠤᠰᠤᠯᠠᠯ ᠪᠤᠯᠤᠨ ᠡᠷᠳᠡᠮ ᠰᠢᠨᠵᠢᠯᠡᠬᠡᠨ ᠤ ᠰᠤᠳᠤᠯᠤᠨ ᠶᠠᠷᠢᠯᠴᠠᠬᠤ ᠬᠤᠷᠠᠯ ᠲᠡᠭᠡᠷ᠎ᠠ᠂ | ᠮᠤᠩᠭᠤᠯ ᠤᠯᠤᠰ ᠤᠨ ᠤᠯᠠᠭᠠᠨᠪᠠᠭᠠᠳᠤᠷ ᠶᠡᠭᠡ ᠰᠤᠷᠭᠠᠭᠤᠯᠢ ᠶᠢᠨ ᠲᠤᠷᠤᠨᠠᠳᠠᠬᠢᠨ ᠤ ᠰᠤᠳᠤᠯᠭᠠᠨ ᠤ ᠰᠠᠯᠪᠤᠷᠢ ᠶᠢᠨ | ᠡᠷᠬᠢᠯᠡᠭᠴᠢ ᠮᠦᠩᠬᠡᠨ᠋ᠤᠷᠬᠢᠯ ᠪᠤᠯᠤᠨ ᠲᠤᠰ ᠶᠡᠭᠡ ᠰᠤᠷᠭᠠᠭᠤᠯᠢ ᠶᠢᠨ ᠬᠡᠯᠡ ᠤᠷᠠᠨ ᠵᠤᠬᠢᠶᠠᠯ ᠤᠨ ᠰᠤᠳᠤᠯᠭᠠᠨ ᠤ | ᠰᠠᠯᠪᠤᠷᠢ ᠶᠢᠨ ᠡᠷᠬᠢᠯᠡᠭᠴᠢ ᠪᠠᠳᠤᠳᠦ᠋ᠷᠦ ᠵᠡᠷᠭᠡ ᠭᠤᠷᠪᠠᠨ ᠡᠷᠳᠡᠮᠳᠡᠨ ᠰᠠᠭᠠᠳᠠᠵᠦ᠂ ᠲᠡᠳᠡ ᠨᠡᠷ ᠵᠤᠬᠢᠶᠠᠯᠴᠢ ᠮᠦᠩᠬᠡ | ᠪᠤᠯᠤᠨ ᠪᠦᠷᠢᠨᠳᠡᠭᠦᠰ ᠲᠤ ︽ᠬᠠᠨ ᠮᠤᠨᠠ ᠶᠢᠨ ᠰᠡᠭᠦᠷᠡᠰᠦ︾ ᠪᠤᠯᠤᠨ ︽ᠲᠡᠯᠭᠡᠷ ᠬᠠᠩᠭᠠᠢ︾ ᠬᠤᠶᠠᠷ ᠷᠤᠮᠠᠨ | ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ ᠳᠤ ᠰᠤᠩᠭᠤᠬᠳᠠᠭᠰᠡᠨ | ᠪᠠᠳᠤᠯᠠᠮᠵᠢ ᠪᠢᠴᠢᠭ ᠢ ᠤᠯᠭᠤᠵᠦ᠂ ᠵᠤᠬᠢᠶᠠᠯᠴᠢ ᠮᠦᠩᠬᠡ ᠳᠤ ︽ᠬᠠᠨ ᠮᠤᠨᠠ ᠶᠢᠨ ᠰᠡᠭᠦᠷᠡᠰᠦ︾ ᠷᠤᠮᠠᠨ ᠤ ᠺᠢᠷᠢᠯ | ᠦᠰᠦᠭ ᠤᠨ ᠬᠡᠪᠯᠡᠯ ᠢ ᠭᠠᠷᠳᠠᠭᠤᠯᠤᠬᠰᠠᠨ ᠪᠠᠶᠢᠨ᠎ᠠ᠃ ᠵᠤᠬᠢᠶᠠᠯᠴᠢ ᠮᠦᠩᠬᠡ ᠠᠴᠠ ᠮᠤᠩᠭᠤᠯ ᠤᠯᠤᠰ ᠤᠨ ︽ | ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ ᠡᠬᠡ ᠰᠤᠶᠤᠯ ᠤᠨ ᠪᠠᠶᠠᠨ ᠬᠦᠷᠦᠩᠬᠡ ᠶᠢ | ᠬᠦᠷᠦᠩᠬᠡᠰᠢᠬᠦᠯᠬᠦ ᠶᠢᠨ ᠡᠭᠦᠳᠡᠨ ᠠᠴᠠ ᠷᠤᠮᠠᠨ ᠪᠦᠳᠦᠭᠡᠯ ᠢ ᠨᠢ ᠰᠤᠩᠭᠤᠨ ᠬᠦᠮᠦᠷᠭᠡᠯᠡᠭᠰᠡᠨ ᠳᠤ ᠪᠠᠶᠠᠷᠯᠠᠨ | ᠲᠠᠯᠠᠷᠬᠠᠬᠤ ᠶᠢᠨ ᠲᠠᠭᠠᠤ᠂ ︽ᠬᠠᠨ ᠮᠤᠨᠠ ᠶᠢᠨ ᠰᠡᠭᠦᠷᠡᠰᠦ︾ ᠷᠤᠮᠠᠨ ᠤ ᠪᠠᠨ ᠺᠢᠷᠢᠯ ᠦᠰᠦᠭ ᠤᠨ ᠬᠡᠪᠯᠡᠯ᠂ | ᠤᠢᠢᠭᠤᠷᠵᠢᠨ ᠮᠤᠩᠭᠤᠯ ᠦᠰᠦᠭ ᠤᠨ ᠰᠢᠨ᠎ᠠ ᠬᠡᠪᠯᠡᠯ ᠪᠤᠯᠤᠨ ᠬᠢᠳᠡᠳ ᠬᠡᠯᠡᠡ ᠤ ᠬᠡᠪᠯᠡᠯ ᠢ ᠵᠢᠤᠶᠤᠸᠠᠨ | ᠲᠤᠭᠤᠷᠢᠭ ᠤᠨ ᠮᠤᠩᠭᠤᠯ ᠦᠨᠳᠦᠰᠦᠳᠡᠨ ᠤ ᠪᠠᠭ᠎ᠠ ᠰᠤᠷᠭᠠᠭᠤᠯᠢ ᠪᠤᠯᠤᠨ ᠤᠩᠰᠢᠬᠴᠢᠳ ᠲᠤ ᠪᠡᠯᠡᠭᠯᠡᠭᠰᠡᠨ ᠪᠠᠶᠢᠨ᠎ᠠ᠃ | ᠬᠤᠷᠠᠯ ᠳᠤ ᠤᠷᠤᠯᠴᠠᠬᠰᠠᠨ ᠤᠯᠠᠭᠠᠨᠪᠠᠭᠠᠳᠤᠷ ᠶᠡᠭᠡ ᠰᠤᠷᠭᠠᠭᠤᠯᠢ ᠶᠢᠨ ᠡᠷᠳᠡᠮᠳᠡᠳ ᠪᠤᠯᠤᠨ ᠮᠠᠨ ᠤ ᠤᠷᠤᠨ ᠤ | ᠵᠤᠬᠢᠶᠠᠯᠴᠢ᠂ ᠤᠷᠠᠨ ᠵᠤᠬᠢᠶᠠᠯ ᠰᠤᠳᠤᠯᠤᠭᠠᠴᠢ ᠠᠴᠠ ︽ᠬᠠᠨ ᠮᠤᠨᠠ ᠶᠢᠨ ᠰᠡᠭᠦᠷᠡᠰᠤ︾ ᠷᠤᠮᠠᠨ ᠤ ᠤᠷᠠᠯᠢᠭ ᠤᠨ | ᠠᠮᠵᠢᠯᠳᠠ ᠶᠢ ᠲᠠᠬᠢᠨᠳᠠ ᠦᠨᠳᠦᠷ ᠢᠶᠠᠷ ᠦᠨᠡᠯᠡᠵᠦ᠂ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ | ᠳᠤ ᠪᠢᠯᠢᠭ ᠤᠨ ᠦᠪ ᠢᠶᠠᠨ ᠪᠦᠷᠢᠳᠬᠡᠬᠦᠯᠦᠭᠰᠡᠨ ᠵᠤᠬᠢᠶᠠᠯᠴᠢ ᠮᠦᠩᠬᠡ ᠳᠤ ᠲᠠᠷᠠᠭᠠᠴᠢ ᠶᠢᠨ ᠰᠤᠳᠤᠨ | ᠪᠦᠳᠦᠭᠡᠯ ᠤᠨ ᠦᠨᠳᠤᠷ ᠠᠮᠵᠢᠯᠳᠠ ᠶᠢ ᠬᠦᠰᠡᠭᠰᠡᠨ ᠪᠠᠶᠢᠨ᠎ᠠ᠃ | ᠤᠢᠢᠯᠠᠭᠠᠬᠰᠠᠨ ᠢᠶᠠᠷ᠂ ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ | ᠰᠠᠩ︾ ᠪᠤᠯ ᠮᠤᠩᠭᠤᠯ ᠤᠯᠤᠰ ᠤᠨ ᠤᠯᠠᠭᠠᠨᠪᠠᠭᠠᠳᠤᠷ ᠶᠡᠭᠡ ᠰᠤᠷᠭᠠᠭᠤᠯᠢ ᠶᠢᠨ 2008 ᠤᠨ ᠠᠴᠠ ᠡᠬᠢᠯᠡᠨ | ᠰᠠᠨᠠᠭᠠᠴᠢᠯᠠᠨ ᠶᠠᠪᠤᠬᠳᠠᠭᠤᠯᠵᠦ ᠪᠠᠶᠢᠭ᠎ᠠ ᠨᠢᠭᠡᠨ ᠬᠡᠯᠡ ᠰᠤᠶᠤᠯ ᠤᠨ ᠲᠠᠷᠬᠠᠨ ᠢᠨᠵᠧᠨᠧᠷᠢᠩ ᠪᠠᠶᠢᠵᠦ᠂ ᠲᠤᠮᠳᠠᠳᠤ | ᠤᠯᠤᠰ ᠤᠨ ᠮᠤᠩᠭᠤᠯᠴᠢ ᠡᠷᠳᠡᠮᠳᠡᠳ ᠪᠠ ᠮᠤᠩᠭᠤᠯ ᠡᠷᠳᠡᠮᠳᠡᠳ ᠤᠨ ᠮᠤᠩᠭᠤᠯ ᠰᠤᠳᠤᠯᠤᠯ ᠤᠨ ᠰᠤᠳᠤᠨ | ᠪᠦᠳᠦᠭᠡᠯ ᠢ ᠺᠢᠷᠢᠯ ᠦᠰᠦᠭ ᠲᠡᠭᠡᠷ᠎ᠠ ᠬᠦᠷᠪᠡᠭᠦᠯᠵᠤ ᠪᠠᠶᠢᠭ᠎ᠠ ᠠᠵᠢᠯᠯᠠᠭ᠎ᠠ ᠪᠤᠯᠤᠨ᠎ᠠ᠃ ᠰᠤᠩᠭᠤᠨ ᠤᠷᠤᠭᠤᠯᠤᠬᠰᠠᠨ | ᠤᠤᠭᠠᠨ ᠪᠦᠳᠦᠭᠡᠯ ᠨᠢ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠫᠷᠦᠹᠧᠰᠰᠤᠷ ᠪ᠊ · ᠭᠡᠷᠡᠯᠳᠤ ᠶᠢᠨ ᠡᠷᠳᠡᠨ ᠤ | ᠮᠤᠩᠭᠤᠯ ᠤᠷᠠᠨ ᠵᠤᠬᠢᠶᠠᠯ ᠤᠨ ᠰᠢᠬᠦᠮᠵᠢ ᠦᠭᠦᠯᠡᠯ ᠢ ᠲᠡᠭᠦᠪᠦᠷᠢᠯᠡᠭᠰᠡᠨ ᠪᠦᠳᠦᠭᠡᠯ ᠪᠠᠶᠢᠵᠦ᠂ ᠤᠳᠤ ᠪᠤᠯᠳᠠᠯ᠎ᠠ | ᠨᠡᠶᠢᠳᠡ 26 ᠪᠤᠳᠢ ᠡᠶᠢᠮᠦᠷᠬᠦ ᠮᠤᠩᠭᠤᠯ ᠰᠤᠳᠤᠯᠤᠯ ᠤᠨ ᠰᠤᠳᠤᠨ ᠪᠦᠳᠦᠭᠡᠯ ᠢ ᠰᠤᠩᠭᠤᠨ ᠤᠷᠤᠭᠤᠯᠤᠭᠠᠳ | ᠪᠠᠶᠢᠨ᠎ᠠ᠃ 2017 ᠤᠨ ᠳᠤ᠂ ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ | ᠰᠠᠩ︾ ᠨᠢ ︽ᠲᠡᠯᠭᠡᠷ ᠬᠠᠩᠭᠠᠢ︾ ᠷᠤᠮᠠᠨ ᠢ ᠰᠤᠩᠭᠤᠨ ᠤᠷᠤᠭᠤᠯᠵᠦ ᠺᠢᠷᠢᠯ ᠦᠰᠦᠭ ᠢᠶᠠᠷ ᠬᠡᠪᠯᠡᠨ᠂ ᠤᠭ | ᠬᠡᠪᠯᠡᠯ ᠨᠢ ᠺᠢᠷᠢᠯ ᠦᠰᠦᠭ ᠤᠨ ᠪᠤᠰᠤ ᠰᠤᠩᠭᠤᠳᠠᠭ ᠮᠤᠩᠭᠤᠯ ᠤᠷᠠᠨ ᠵᠤᠬᠢᠶᠠᠯ ᠤᠨ ᠪᠦᠳᠦᠭᠡᠯ ᠢ ᠰᠤᠩᠭᠤᠨ | ᠤᠷᠤᠭᠤᠯᠬᠤ ᠠᠩᠬᠠᠨ ᠤ ᠬᠦᠰᠢᠭᠡ ᠶᠢ ᠢᠷᠠᠬᠰᠠᠨ ᠪᠠᠶᠢᠨ᠎ᠠ᠃ | ︽ᠳᠡᠯᠭᠡᠷ ᠬᠠᠩᠭᠠᠢ︾᠂ ︽ᠬᠠᠨ ᠮᠤᠨᠠ ᠶᠢᠨ ᠰᠡᠭᠦᠷᠡᠰᠦ︾ ᠷᠤᠮᠠᠨ ᠨᠢ ᠰᠢᠯᠢᠳᠡᠭ ᠤᠨ ᠬᠤᠪᠢ ᠪᠠᠷ | ᠰᠡᠬᠦᠶᠢᠵᠦ ᠰᠦᠨᠳᠡᠷᠯᠡᠭᠰᠡᠨ ᠤ ᠤᠴᠢᠷ ᠨᠢ ᠡᠳᠦᠷ ᠲᠤᠲᠤᠮ ᠤᠨ ᠠᠳᠠᠯ ᠠᠮᠢᠳᠤᠷᠠᠯ ᠳᠤ ᠢᠯᠡᠷᠡᠭᠰᠡᠨ ᠨᠤᠲᠤᠭᠴᠢ | ᠦᠢᠯᠡ ᠠᠵᠢᠯᠯᠠᠭ᠎ᠠ᠂ ᠨᠠᠷᠢᠨ ᠨᠠᠨᠳᠢᠨ ᠶᠤᠰᠤ ᠵᠠᠶ᠋ᠢᠭ᠂ ᠬᠠᠶᠠ ᠭᠠᠷᠬᠤ ᠨᠤᠲᠤᠭ ᠤᠨ ᠠᠶᠠᠯᠭᠤ ᠵᠡᠷᠭᠡ ᠨᠢ ᠨᠤᠲᠤᠭ | ᠰᠠᠨᠠᠭᠰᠠᠨ ᠨᠡᠭᠦᠳᠡᠯ ᠤᠶᠤᠲᠠᠨ ᠰᠡᠭᠡᠭᠡᠲᠡᠳ ᠵᠢᠴᠢ ᠨᠤᠲᠤᠭ ᠲᠤ ᠪᠠᠨ ᠰᠠᠭᠤᠵᠤ ᠨᠤᠭᠤᠯᠤᠭᠤᠷ ᠢᠶᠠᠨ ᠢᠳᠡᠭᠰᠡᠨ | ᠦᠬᠢᠳ ᠬᠦᠪᠡᠭᠦᠳ ᠤᠨ ᠨᠤᠲᠤᠭᠴᠢ ᠰᠡᠳᠬᠢᠯᠭᠡ᠂ ᠨᠣᠲᠤᠭ ᠤᠰᠤ ᠪᠠᠨ ᠭᠡᠮᠡᠬᠦ ᠰᠠᠨᠠᠭᠠᠰᠢᠷᠠᠯ᠂ ᠪᠠᠶᠢᠭᠠᠯᠢ | ᠠᠬᠤᠢ ᠳᠤ ᠪᠠᠨ ᠬᠠᠶᠢᠷᠠᠲᠠᠢ ᠨᠠᠶᠢᠷᠲᠠᠢ ᠪᠠᠶᠢᠬᠤ ᠰᠡᠳᠬᠢᠯ ᠢ ᠳᠠᠭᠤᠳᠠᠨ ᠰᠡᠷᠡᠭᠡᠵᠦ᠂ ᠪᠤᠳᠠᠳᠤ ᠠᠬᠤᠢ ᠶᠢᠨ ᠲᠣᠭᠤᠰᠤ | ᠲᠣᠷᠳᠤᠭ ᠲᠤ ᠳᠠᠷᠤᠭᠳᠠᠵᠤ ᠪᠠᠯᠠᠷᠬᠠᠶᠢᠲᠤᠭᠰᠠᠨ ᠪᠠᠭᠠᠲᠤᠷᠯᠢᠭ ᠤᠬᠠᠮᠰᠠᠷ᠂ ᠭᠡᠨᠡᠨ ᠴᠠᠶᠢᠯᠭᠠᠨ᠂ ᠤᠮᠤᠭᠯᠠᠩ ᠵᠠᠩ ᠢ | ᠤᠶᠢᠯᠤᠨ ᠳᠠᠪᠠᠯᠭᠠᠯᠠᠭᠤᠯᠵᠤ ᠴᠢᠳᠠᠭᠰᠠᠨ ᠢᠶᠠᠷ ᠢᠶᠠᠨ ᠰᠤᠯᠤᠩᠭᠠᠷᠠᠵᠤ ᠴᠢᠳᠠᠭᠰᠠᠨ ᠪᠤᠢ ᠭᠡᠵᠦ ᠪᠢ ᠦᠵᠡᠨ᠎ᠡ᠃ | ᠮᠠᠨ ᠤ ᠰᠦᠯᠵᠢᠶ᠎ᠡ ᠨᠢ ︽ᠨᠣᠮ ᠬᠡᠪᠯᠡᠯ︾ ᠪᠤᠯᠤᠩ ᠳᠤ ᠪᠠᠨ ︽ᠳᠡᠯᠭᠡᠷ ᠬᠠᠩᠭᠠᠢ︾ ᠷᠤᠮᠠᠨ ᠢ | ᠲᠠᠨᠢᠯᠴᠠᠭᠤᠯᠵᠤ ᠪᠠᠶᠢᠭᠰᠠᠨ ᠶᠤᠮ᠃ ᠲᠡᠭᠡᠪᠡᠯ ︽ᠬᠠᠨ ᠮᠤᠨᠢ ᠶᠢᠨ ᠰᠡᠭᠦᠷᠡᠰᠦ︾ ᠷᠤᠮᠠᠨ ᠨᠢ ᠴᠣᠬᠤᠮ ᠶᠠᠮᠠᠷᠰᠢᠦ | ᠪᠣᠯ︖ ᠤᠩᠰᠢᠭᠴᠢᠳ ᠮᠠᠨᠢ ︽ᠬᠠᠨ ᠮᠤᠨᠢ ᠶᠢᠨ ᠰᠡᠭᠦᠷᠡᠰᠦ︾ ᠨᠢ ᠬᠡᠯᠡ ᠬᠡᠯᠡᠯᠭᠡ᠂ ᠤᠷᠠᠨ ᠰᠡᠳᠬᠢᠮᠵᠢ᠂ | ᠠᠮᠢᠳᠤᠷᠠᠯ ᠢ ᠵᠢᠷᠤᠭᠯᠠᠵᠤ ᠴᠢᠳᠠᠭᠰᠠᠨ᠂ ᠠᠮᠢᠳᠤᠷᠠᠯ ᠠᠴᠠ ᠳᠠᠪᠠᠵᠤ ᠴᠢᠳᠠᠭᠰᠠᠨ᠂ ᠮᠤᠩᠭᠤᠯ ᠬᠦᠮᠦᠨ ᠤ ᠦᠨᠡᠨ | ᠮᠦᠨ ᠵᠠᠩ ᠴᠢᠨᠠᠷ᠂ ᠠᠮᠢᠳᠤᠷᠠᠯ ᠠᠬᠤᠢ᠂ ᠦᠵᠡᠯ ᠤᠬᠠᠮᠰᠠᠷ ᠢ ᠦᠵᠡᠭᠦᠯᠵᠦ ᠴᠢᠳᠠᠭᠰᠠᠨ ᠢᠶᠠᠷ ᠢᠶᠠᠨ ᠤᠨᠴᠠᠯᠠᠭᠳᠠᠵᠤ | ᠪᠠᠶᠢᠨ᠎ᠠ᠃ ᠪᠢ ᠦᠪᠡᠷ ᠢᠶᠠᠨ ᠶᠠᠮᠠᠷᠬᠠᠨ ᠵᠣᠬᠢᠶᠠᠯ ᠪᠣᠯ ᠭᠡᠵᠦ ᠠᠰᠠᠭᠤᠯᠲᠠ ᠲᠠᠯᠪᠢᠵᠤ ᠤᠩᠰᠢᠬᠤ ᠲᠤᠷᠠᠲᠠᠢ | ᠤᠴᠢᠷ ᠠᠴᠠ ᠨᠣᠮ ᠤᠨ ᠲᠠᠨᠢᠯᠴᠠᠭᠤᠯᠭ᠎ᠠ ᠶᠢ ᠳᠡᠩᠳᠡᠭᠦᠦ ᠨᠠᠷᠢᠯᠢᠭ ᠬᠢᠬᠦ ᠳᠤᠷ᠎ᠠ ᠦᠭᠡᠢ ᠪᠠᠶᠢᠳᠠᠭ ᠢ ᠮᠢᠨᠢ | ᠤᠶᠢᠯᠠᠭᠠᠵᠤ ᠪᠠᠭᠲᠠᠭᠠᠮᠤ︕ ᠵᠠᠪ ᠲᠠᠢ ᠪᠤᠯᠤᠭᠠᠳ ᠴᠢᠯᠦᠭᠡ ᠲᠠᠢ ᠪᠣᠯ ᠵᠠᠪᠠᠯ ᠤᠩᠰᠢᠬᠤ ᠨᠣᠮ ᠭᠡᠳᠡᠭ ᠢ ᠳᠠᠪᠲᠠᠨ | ᠰᠠᠨᠠᠭᠤᠯᠤᠶ᠎ᠠ᠃ ᠰᠦᠯᠵᠢᠶᠡᠨ ᠳᠤ ᠰᠤᠯᠠ ᠵᠤᠭᠤᠭᠳᠠᠬᠤ ᠦᠭᠡᠢ ᠨᠣᠮ ᠤᠨ ᠭᠦᠨ ᠳᠠᠯᠠᠢ ᠳᠤ ᠮᠤᠨᠠ ᠠᠭᠤᠯᠠ ᠶᠢᠨ | ᠡᠩᠭᠡᠷ ᠪᠤᠶᠤ ᠳᠡᠯᠭᠡᠷ ᠬᠠᠩᠭᠠᠢ ᠶᠢᠨ ᠦᠨᠢᠷ ᠵᠤᠰᠠᠭᠠᠯ᠂ ᠦᠩᠰᠢᠭ ᠡᠪᠦᠯᠵᠢᠶ᠎ᠡ ᠨᠦᠭᠦᠳ ᠢᠶᠠᠷ ᠳᠠᠩᠳᠠ ᠤᠲᠤᠷᠯᠠᠵᠤ | ᠬᠠᠪᠤᠷᠵᠢᠵᠤ ᠵᠤᠰᠠᠵᠤ ᠨᠠᠮᠤᠷᠵᠢᠵᠦ ᠡᠪᠦᠯᠵᠢᠵᠦ ᠤᠨ ᠤ ᠤᠨ᠂ ᠵᠢᠯ ᠠᠴᠠ ᠵᠢᠯ ᠮᠤᠩᠭᠤᠯ ᠢᠶᠠᠷ ᠢᠶᠠᠨ ᠤᠨᠳᠤᠷᠤᠵᠤ | ᠪᠠᠶᠢᠵᠠᠭᠠᠶ᠎ᠠ ᠮᠤᠩᠭᠤᠯᠴᠤᠳ ᠮᠢᠨᠢ︕ |