| 9 ᠰᠠᠷ᠎ᠠ ᠶᠢᠨ 21 ᠤ ᠡᠳᠦᠷ᠂ ᠮᠠᠨ ᠤ ᠤᠷᠤᠨ ᠤ ᠨᠡᠷᠡᠳᠤ ᠵᠤᠬᠢᠶᠠᠯᠴᠢ ᠮᠦᠩᠬᠡ ᠶᠢᠨ ︽ᠬᠠᠨ | ᠮᠤᠨᠠ ᠶᠢᠨ ᠰᠡᠭᠦᠷᠡᠰᠦ︾ ᠷᠤᠮᠠᠨ ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ | ᠰᠠᠩ︾ ᠳᠤ ᠰᠤᠩᠭᠤᠬᠳᠠᠵᠦ ᠤᠷᠤᠬᠰᠠᠨ ᠪᠤᠯᠤᠨ ᠺᠢᠷᠢᠯ ᠦᠰᠦᠭ ᠤᠨ ᠬᠡᠪᠯᠡᠯ ᠤᠨ ᠠᠩᠬ᠎ᠠ ᠲᠠᠷᠬᠠᠭᠠᠯᠳᠠ ᠶᠢᠨ | ᠶᠤᠰᠤᠯᠠᠯ ᠵᠢᠴᠢ ᠡᠷᠳᠡᠮ ᠰᠢᠨᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ ᠵᠤᠬᠢᠶᠠᠯᠴᠢ ᠮᠦᠩᠬᠡ ᠶᠢᠨ ᠲᠦᠷᠦᠭᠰᠡᠨ | ᠨᠤᠳᠤᠭ ᠪᠤᠯᠬᠤ ᠵᠢᠤᠶᠤᠸᠠᠨ ᠲᠤᠭᠤᠷᠢᠭ ᠲᠤ ᠶᠠᠪᠤᠬᠳᠠᠵᠦ᠂ ︽ᠬᠠᠨ ᠮᠤᠨᠠ ᠶᠢᠨ ᠰᠡᠭᠦᠷᠡᠰᠦ︾ ᠷᠤᠮᠠᠨ ᠨᠢ ︽ | ᠲᠡᠯᠭᠡᠷ ᠬᠠᠩᠭᠠᠢ︾ ᠷᠤᠮᠠᠨ ᠠᠴᠠ ᠳᠠᠷᠠᠭᠠᠬᠢ᠂ ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ | ᠨᠤᠮ ᠤᠨ ᠰᠠᠩ︾ ᠳᠤ ᠰᠤᠩᠭᠤᠬᠳᠠᠵᠦ ᠤᠷᠤᠬᠰᠠᠨ ᠮᠠᠨ ᠤ ᠤᠷᠤᠨ ᠤ ᠬᠤᠶᠠᠳᠡᠬᠢ ᠷᠤᠮᠠᠨ ᠪᠤᠯᠤᠬᠰᠠᠨ ᠪᠠᠶᠢᠨ᠎ᠠ᠃ | ᠲᠠᠷᠬᠠᠭᠠᠯᠳᠠ ᠶᠢᠨ ᠶᠤᠰᠤᠯᠠᠯ ᠪᠤᠯᠤᠨ ᠡᠷᠳᠡᠮ ᠰᠢᠨᠵᠢᠯᠡᠬᠡᠨ ᠤ ᠰᠤᠳᠤᠯᠤᠨ ᠶᠠᠷᠢᠯᠴᠠᠬᠤ ᠬᠤᠷᠠᠯ ᠲᠡᠭᠡᠷ᠎ᠠ᠂ | ᠮᠤᠩᠭᠤᠯ ᠤᠯᠤᠰ ᠤᠨ ᠤᠯᠠᠭᠠᠨᠪᠠᠭᠠᠳᠤᠷ ᠶᠡᠭᠡ ᠰᠤᠷᠭᠠᠭᠤᠯᠢ ᠶᠢᠨ ᠲᠤᠷᠤᠨᠠᠳᠠᠬᠢᠨ ᠤ ᠰᠤᠳᠤᠯᠭᠠᠨ ᠤ ᠰᠠᠯᠪᠤᠷᠢ ᠶᠢᠨ | ᠡᠷᠬᠢᠯᠡᠭᠴᠢ ᠮᠦᠩᠬᠡᠨ᠋ᠤᠷᠬᠢᠯ ᠪᠤᠯᠤᠨ ᠲᠤᠰ ᠶᠡᠭᠡ ᠰᠤᠷᠭᠠᠭᠤᠯᠢ ᠶᠢᠨ ᠬᠡᠯᠡ ᠤᠷᠠᠨ ᠵᠤᠬᠢᠶᠠᠯ ᠤᠨ ᠰᠤᠳᠤᠯᠭᠠᠨ ᠤ | ᠰᠠᠯᠪᠤᠷᠢ ᠶᠢᠨ ᠡᠷᠬᠢᠯᠡᠭᠴᠢ ᠪᠠᠳᠤᠳᠦ᠋ᠷᠦ ᠵᠡᠷᠭᠡ ᠭᠤᠷᠪᠠᠨ ᠡᠷᠳᠡᠮᠳᠡᠨ ᠰᠠᠭᠠᠳᠠᠵᠦ᠂ ᠲᠡᠳᠡ ᠨᠡᠷ ᠵᠤᠬᠢᠶᠠᠯᠴᠢ ᠮᠦᠩᠬᠡ | ᠪᠤᠯᠤᠨ ᠪᠦᠷᠢᠨᠳᠡᠭᠦᠰ ᠲᠤ ︽ᠬᠠᠨ ᠮᠤᠨᠠ ᠶᠢᠨ ᠰᠡᠭᠦᠷᠡᠰᠦ︾ ᠪᠤᠯᠤᠨ ︽ᠲᠡᠯᠭᠡᠷ ᠬᠠᠩᠭᠠᠢ︾ ᠬᠤᠶᠠᠷ ᠷᠤᠮᠠᠨ | ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ ᠳᠤ ᠰᠤᠩᠭᠤᠬᠳᠠᠭᠰᠡᠨ | ᠪᠠᠳᠤᠯᠠᠮᠵᠢ ᠪᠢᠴᠢᠭ ᠢ ᠤᠯᠭᠤᠵᠦ᠂ ᠵᠤᠬᠢᠶᠠᠯᠴᠢ ᠮᠦᠩᠬᠡ ᠳᠤ ︽ᠬᠠᠨ ᠮᠤᠨᠠ ᠶᠢᠨ ᠰᠡᠭᠦᠷᠡᠰᠦ︾ ᠷᠤᠮᠠᠨ ᠤ ᠺᠢᠷᠢᠯ | ᠦᠰᠦᠭ ᠤᠨ ᠬᠡᠪᠯᠡᠯ ᠢ ᠭᠠᠷᠳᠠᠭᠤᠯᠤᠬᠰᠠᠨ ᠪᠠᠶᠢᠨ᠎ᠠ᠃ ᠵᠤᠬᠢᠶᠠᠯᠴᠢ ᠮᠦᠩᠬᠡ ᠠᠴᠠ ᠮᠤᠩᠭᠤᠯ ᠤᠯᠤᠰ ᠤᠨ ︽ | ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ ᠡᠬᠡ ᠰᠤᠶᠤᠯ ᠤᠨ ᠪᠠᠶᠠᠨ ᠬᠦᠷᠦᠩᠬᠡ ᠶᠢ | ᠬᠦᠷᠦᠩᠬᠡᠰᠢᠬᠦᠯᠬᠦ ᠶᠢᠨ ᠡᠭᠦᠳᠡᠨ ᠠᠴᠠ ᠷᠤᠮᠠᠨ ᠪᠦᠳᠦᠭᠡᠯ ᠢ ᠨᠢ ᠰᠤᠩᠭᠤᠨ ᠬᠦᠮᠦᠷᠭᠡᠯᠡᠭᠰᠡᠨ ᠳᠤ ᠪᠠᠶᠠᠷᠯᠠᠨ | ᠲᠠᠯᠠᠷᠬᠠᠬᠤ ᠶᠢᠨ ᠲᠠᠭᠠᠤ᠂ ︽ᠬᠠᠨ ᠮᠤᠨᠠ ᠶᠢᠨ ᠰᠡᠭᠦᠷᠡᠰᠦ︾ ᠷᠤᠮᠠᠨ ᠤ ᠪᠠᠨ ᠺᠢᠷᠢᠯ ᠦᠰᠦᠭ ᠤᠨ ᠬᠡᠪᠯᠡᠯ᠂ | ᠤᠢᠢᠭᠤᠷᠵᠢᠨ ᠮᠤᠩᠭᠤᠯ ᠦᠰᠦᠭ ᠤᠨ ᠰᠢᠨ᠎ᠠ ᠬᠡᠪᠯᠡᠯ ᠪᠤᠯᠤᠨ ᠬᠢᠳᠡᠳ ᠬᠡᠯᠡᠡ ᠤ ᠬᠡᠪᠯᠡᠯ ᠢ ᠵᠢᠤᠶᠤᠸᠠᠨ | ᠲᠤᠭᠤᠷᠢᠭ ᠤᠨ ᠮᠤᠩᠭᠤᠯ ᠦᠨᠳᠦᠰᠦᠳᠡᠨ ᠤ ᠪᠠᠭ᠎ᠠ ᠰᠤᠷᠭᠠᠭᠤᠯᠢ ᠪᠤᠯᠤᠨ ᠤᠩᠰᠢᠬᠴᠢᠳ ᠲᠤ ᠪᠡᠯᠡᠭᠯᠡᠭᠰᠡᠨ ᠪᠠᠶᠢᠨ᠎ᠠ᠃ | ᠬᠤᠷᠠᠯ ᠳᠤ ᠤᠷᠤᠯᠴᠠᠬᠰᠠᠨ ᠤᠯᠠᠭᠠᠨᠪᠠᠭᠠᠳᠤᠷ ᠶᠡᠭᠡ ᠰᠤᠷᠭᠠᠭᠤᠯᠢ ᠶᠢᠨ ᠡᠷᠳᠡᠮᠳᠡᠳ ᠪᠤᠯᠤᠨ ᠮᠠᠨ ᠤ ᠤᠷᠤᠨ ᠤ | ᠵᠤᠬᠢᠶᠠᠯᠴᠢ᠂ ᠤᠷᠠᠨ ᠵᠤᠬᠢᠶᠠᠯ ᠰᠤᠳᠤᠯᠤᠭᠠᠴᠢ ᠠᠴᠠ ︽ᠬᠠᠨ ᠮᠤᠨᠠ ᠶᠢᠨ ᠰᠡᠭᠦᠷᠡᠰᠤ︾ ᠷᠤᠮᠠᠨ ᠤ ᠤᠷᠠᠯᠢᠭ ᠤᠨ | ᠠᠮᠵᠢᠯᠳᠠ ᠶᠢ ᠲᠠᠬᠢᠨᠳᠠ ᠦᠨᠳᠦᠷ ᠢᠶᠠᠷ ᠦᠨᠡᠯᠡᠵᠦ᠂ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ ᠰᠠᠩ︾ | ᠳᠤ ᠪᠢᠯᠢᠭ ᠤᠨ ᠦᠪ ᠢᠶᠠᠨ ᠪᠦᠷᠢᠳᠬᠡᠬᠦᠯᠦᠭᠰᠡᠨ ᠵᠤᠬᠢᠶᠠᠯᠴᠢ ᠮᠦᠩᠬᠡ ᠳᠤ ᠲᠠᠷᠠᠭᠠᠴᠢ ᠶᠢᠨ ᠰᠤᠳᠤᠨ ᠪᠦᠳᠦᠭᠡᠯ ᠤᠨ | ᠦᠨᠳᠤᠷ ᠠᠮᠵᠢᠯᠳᠠ ᠶᠢ ᠬᠦᠰᠡᠭᠰᠡᠨ ᠪᠠᠶᠢᠨ᠎ᠠ᠃ | ᠤᠢᠢᠯᠠᠭᠠᠬᠰᠠᠨ ᠢᠶᠠᠷ᠂ ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ | ᠰᠠᠩ︾ ᠪᠤᠯ ᠮᠤᠩᠭᠤᠯ ᠤᠯᠤᠰ ᠤᠨ ᠤᠯᠠᠭᠠᠨᠪᠠᠭᠠᠳᠤᠷ ᠶᠡᠭᠡ ᠰᠤᠷᠭᠠᠭᠤᠯᠢ ᠶᠢᠨ 2008 ᠤᠨ ᠠᠴᠠ ᠡᠬᠢᠯᠡᠨ | ᠰᠠᠨᠠᠭᠠᠴᠢᠯᠠᠨ ᠶᠠᠪᠤᠬᠳᠠᠭᠤᠯᠵᠦ ᠪᠠᠶᠢᠭ᠎ᠠ ᠨᠢᠭᠡᠨ ᠬᠡᠯᠡ ᠰᠤᠶᠤᠯ ᠤᠨ ᠲᠠᠷᠬᠠᠨ ᠢᠨᠵᠧᠨᠧᠷᠢᠩ ᠪᠠᠶᠢᠵᠦ᠂ ᠲᠤᠮᠳᠠᠳᠤ | ᠤᠯᠤᠰ ᠤᠨ ᠮᠤᠩᠭᠤᠯᠴᠢ ᠡᠷᠳᠡᠮᠳᠡᠳ ᠪᠠ ᠮᠤᠩᠭᠤᠯ ᠡᠷᠳᠡᠮᠳᠡᠳ ᠤᠨ ᠮᠤᠩᠭᠤᠯ ᠰᠤᠳᠤᠯᠤᠯ ᠤᠨ ᠰᠤᠳᠤᠨ | ᠪᠦᠳᠦᠭᠡᠯ ᠢ ᠺᠢᠷᠢᠯ ᠦᠰᠦᠭ ᠲᠡᠭᠡᠷ᠎ᠠ ᠬᠦᠷᠪᠡᠭᠦᠯᠵᠤ ᠪᠠᠶᠢᠭ᠎ᠠ ᠠᠵᠢᠯᠯᠠᠭ᠎ᠠ ᠪᠤᠯᠤᠨ᠎ᠠ᠃ ᠰᠤᠩᠭᠤᠨ ᠤᠷᠤᠭᠤᠯᠤᠬᠰᠠᠨ | ᠤᠤᠭᠠᠨ ᠪᠦᠳᠦᠭᠡᠯ ᠨᠢ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠫᠷᠦᠹᠧᠰᠰᠤᠷ ᠪ᠊ · ᠭᠡᠷᠡᠯᠳᠤ ᠶᠢᠨ ᠡᠷᠳᠡᠨ ᠤ | ᠮᠤᠩᠭᠤᠯ ᠤᠷᠠᠨ ᠵᠤᠬᠢᠶᠠᠯ ᠤᠨ ᠰᠢᠬᠦᠮᠵᠢ ᠦᠭᠦᠯᠡᠯ ᠢ ᠲᠡᠭᠦᠪᠦᠷᠢᠯᠡᠭᠰᠡᠨ ᠪᠦᠳᠦᠭᠡᠯ ᠪᠠᠶᠢᠵᠦ᠂ ᠤᠳᠤ ᠪᠤᠯᠳᠠᠯ᠎ᠠ | ᠨᠡᠶᠢᠳᠡ 26 ᠪᠤᠳᠢ ᠡᠶᠢᠮᠦᠷᠬᠦ ᠮᠤᠩᠭᠤᠯ ᠰᠤᠳᠤᠯᠤᠯ ᠤᠨ ᠰᠤᠳᠤᠨ ᠪᠦᠳᠦᠭᠡᠯ ᠢ ᠰᠤᠩᠭᠤᠨ ᠤᠷᠤᠭᠤᠯᠤᠭᠠᠳ | ᠪᠠᠶᠢᠨ᠎ᠠ᠃ 2017 ᠤᠨ ᠳᠤ᠂ ᠮᠤᠩᠭᠤᠯ ᠤᠯᠤᠰ ᠤᠨ ︽ᠮᠤᠩᠭᠤᠯ ᠲᠤᠭᠤᠷᠭᠠᠳᠠᠨ ᠤ ᠰᠤᠩᠭᠤᠳᠠᠭ ᠨᠤᠮ ᠤᠨ | ᠰᠠᠩ︾ ᠨᠢ ︽ᠲᠡᠯᠭᠡᠷ ᠬᠠᠩᠭᠠᠢ︾ ᠷᠤᠮᠠᠨ ᠢ ᠰᠤᠩᠭᠤᠨ ᠤᠷᠤᠭᠤᠯᠵᠦ ᠺᠢᠷᠢᠯ ᠦᠰᠦᠭ ᠢᠶᠠᠷ ᠬᠡᠪᠯᠡᠨ᠂ ᠤᠭ | ᠬᠡᠪᠯᠡᠯ ᠨᠢ ᠺᠢᠷᠢᠯ ᠦᠰᠦᠭ ᠤᠨ ᠪᠤᠰᠤ ᠰᠤᠩᠭᠤᠳᠠᠭ ᠮᠤᠩᠭᠤᠯ ᠤᠷᠠᠨ ᠵᠤᠬᠢᠶᠠᠯ ᠤᠨ ᠪᠦᠳᠦᠭᠡᠯ ᠢ ᠰᠤᠩᠭᠤᠨ | ᠤᠷᠤᠭᠤᠯᠬᠤ ᠠᠩᠬᠠᠨ ᠤ ᠬᠦᠰᠢᠭᠡ ᠶᠢ ᠢᠷᠠᠬᠰᠠᠨ ᠪᠠᠶᠢᠨ᠎ᠠ᠃ | |