| ᠬᠤᠳᠣᠭᠳᠠᠢ ᠰᠡᠴᠡᠨ ᠬᠤᠩ ᠳᠠᠶᠢᠵᠢ ︵1540 — 1587︶ — ᠣᠮᠠᠷᠠᠳᠣ ᠶᠤᠸᠠᠨ | ᠣᠯᠣᠰ ᠤᠨ ᠦᠶ᠎ᠡ ᠶᠢᠨ ᠣᠷᠳᠣᠰ ᠲᠦᠮᠡᠨ ᠤ ᠠᠬᠠᠯᠠᠭᠴᠢ᠃ ᠰᠡᠴᠡᠨ ᠨᠤᠶᠠᠨ᠂ ᠰᠡᠴᠡᠨ ᠬᠤᠩ ᠳᠠᠶᠢᠵᠢ ᠴᠣ᠋ | ᠭᠡᠳᠡᠭ᠃ ᠬᠦᠨᠪᠢᠯᠢᠭ ᠮᠡᠷᠭᠡᠨ ᠵᠢᠨᠤᠩ ᠤᠨ ᠤᠮᠪᠤᠯᠤ᠃ 1562 ᠤᠨ ᠳᠤ ᠪᠠᠷᠠᠭᠤᠰᠢ ᠴᠡᠷᠢᠭᠯᠡᠵᠤ ᠲᠤᠷᠭᠤᠳ ᠢ | ᠪᠠᠶᠢᠯᠳᠣᠨ ᠳᠠᠭᠠᠭᠤᠯᠪᠠ᠃ 1566 ᠤᠨ ᠳᠤ ᠳᠦᠪᠡᠳ ᠣᠷᠣᠭᠤ ᠴᠡᠷᠢᠭᠯᠡᠵᠤ 3 ᠠᠶᠢᠮᠠᠭ ᠤᠨ ᠳᠦᠪᠡᠳ ᠢ | ᠣᠷᠣᠭᠤᠯᠵᠤ ᠠᠪᠤᠪᠠ᠃ 1572 ᠣᠨ ᠳᠤ ᠪᠠᠷᠠᠭᠤᠰᠢ ᠳᠠᠶᠢᠯᠠᠵᠤ ᠢᠯᠢ ᠠᠴᠠ ᠪᠠᠷᠠᠭᠤᠨᠰᠢᠬᠢ ᠲᠤᠭᠮᠤᠭ ᠠᠶᠢᠮᠠᠭ ᠢ | ᠳᠣᠪᠳᠣᠯᠣᠭᠠᠳ ᠢᠯᠠᠭᠳᠠᠵᠤ 1573 ᠤᠨ ᠳᠤ ᠪᠤᠴᠠᠵᠤ ᠢᠷᠡᠪᠡ᠃ 1577 ᠤᠨ ᠳᠤ ᠲᠦᠮᠡᠨ ᠬᠠᠭᠠᠨ ᠤ | ᠡᠷᠭᠢᠨ ᠲᠤᠰᠠᠯᠠᠬᠤ ᠰᠠᠶᠢᠳ ᠪᠤᠯᠵᠤ ᠲᠦᠷᠦ ᠶᠢᠨ ᠬᠡᠷᠡᠭ ᠢ ᠰᠢᠳᠭᠡᠵᠤ ᠪᠠᠶᠢᠪᠠ᠃ ᠬᠤᠳᠣᠭᠳᠠᠢ ᠰᠡᠴᠡᠨ ᠬᠤᠩ | ᠳᠠᠶᠢᠵᠢ ᠲᠦᠪᠡᠳ ᠤᠨ ᠪᠤᠷᠬᠠᠨ ᠤ ᠱᠠᠰᠢᠨ ᠤ ᠬᠡᠯᠦᠭ ᠤᠨ ᠪᠦᠯᠦᠭ ᠲᠤ ᠰᠦᠰᠦᠭ ᠲᠠᠢ ᠪᠦᠭᠡᠳ ᠠᠯᠳᠠᠨ ᠬᠠᠭᠠᠨ ᠢ | ᠢᠳᠬᠠᠵᠤ ᠪᠤᠷᠬᠠᠨ ᠱᠠᠰᠢᠨ ᠳᠤ ᠣᠷᠣᠭᠤᠯᠪᠠ᠃ 1577 ᠤᠨ ᠳᠤ ᠠᠯᠳᠠᠨ ᠬᠠᠭᠠᠨ ᠨᠠᠷ ᠤᠨ ᠬᠠᠮᠳᠣ | ᠬᠦᠬᠡᠨᠠᠭᠤᠷ ᠲᠤ ᠣᠷᠣᠵᠣ᠂ 1578 ᠤᠨ ᠳᠤ ᠬᠦᠬᠡᠨᠠᠭᠤᠷ ᠲᠤ ᠭᠤᠷᠪᠠᠳᠣᠭᠠᠷ ᠳᠦᠷᠢ ᠶᠢᠨ ᠳᠠᠯᠠᠢ ᠯᠠᠮᠠ ᠳᠤ | ᠵᠤᠯᠭᠠᠨ ᠳᠠᠯᠠᠢ ᠯᠠᠮᠠ ᠠᠴᠠ ᠴᠣᠭᠴᠣᠰ ᠤᠨ ᠢᠷᠦᠭᠡᠯ ᠰᠡᠴᠡᠨ ᠬᠤᠩ ᠳᠠᠶᠢᠵᠢ ᠭᠡᠰᠡᠨ ᠴᠤᠯᠠ ᠬᠦᠷᠳᠡᠵᠤ᠂ | ᠬᠤᠵᠢᠮ ᠨᠢ ᠲᠦᠮᠡᠨ ᠬᠠᠭᠠᠨ ᠢ ᠢᠳᠡᠪᠬᠢᠳᠡᠢ ᠢᠳᠬᠠᠵᠤ ᠪᠠᠶᠢᠭᠠᠳ ᠬᠡᠯᠦᠭ ᠤᠨ ᠪᠦᠯᠦᠭ ᠤᠨ ᠨᠤᠮᠯᠠᠯ ᠢ ᠬᠦᠯᠢᠶᠡᠨ | ᠠᠪᠤᠭᠤᠯᠵᠡᠢ᠃ ᠬᠤᠳᠣᠭᠳᠠᠢ ᠰᠡᠴᠡᠨ ᠬᠤᠩ ᠳᠠᠶᠢᠵᠢ ᠮᠢᠩ ᠣᠯᠣᠰ ᠲᠠᠢ ᠨᠠᠶᠢᠷᠰᠠᠭ ᠬᠠᠷᠢᠯᠴᠠᠵᠤ ᠵᠠᠬ᠎ᠠ ᠶᠢᠨ | ᠠᠷᠠᠯᠵᠢᠶ᠎ᠠ ᠬᠢᠬᠦ ᠶᠢ ᠰᠠᠨᠠᠭᠠᠴᠢᠯᠠᠵᠤ ᠪᠠᠶᠢᠪᠠ᠃ 1571 ᠤᠨ ᠳᠤ ᠮᠢᠩ ᠤᠨ ᠲᠦᠷᠦ ᠠᠴᠠ ᠳᠡᠭᠦᠨ ᠳᠤ ᠳᠡᠰᠯᠡᠭᠰᠡᠨ | ᠳᠤᠬᠢᠭᠴᠢ ᠲᠦᠰᠢᠮᠡᠯ ᠡᠷᠭᠦᠮᠵᠢᠯᠡᠯ ᠦᠭᠴᠣ ᠰᠡᠭᠦᠯ ᠳᠤᠨᠢ ᠪᠠᠰᠠ ᠪᠦᠬᠦᠳᠡ ᠶᠢ ᠮᠡᠳᠡᠭᠴᠢ ᠲᠤᠬᠢᠭᠴᠢ ᠳᠦᠰᠢᠮᠡᠯ᠂ | ᠯᠤᠤ ᠪᠠᠷᠰ ᠤᠨ ᠵᠠᠩᠵᠤᠨ ᠡᠷᠭᠦᠮᠵᠢᠯᠡᠵᠡᠢ᠃ ᠬᠤᠳᠣᠭᠳᠠᠢ ᠰᠡᠴᠡᠨ ᠬᠤᠩ ᠳᠠᠶᠢᠵᠢ ᠮᠤᠩᠭᠤᠯ ᠬᠡᠯᠡ ᠠᠴᠠ ᠭᠠᠳᠠᠨ᠎ᠠ | ᠬᠢᠳᠠᠳ᠂ ᠲᠦᠪᠡᠳ ᠵᠡᠷᠭᠡ ᠬᠡᠯᠡ ᠮᠡᠳᠡᠳᠡᠭ᠃ | | | ︽ᠮᠤᠩᠭᠤᠯ ᠦᠨᠳᠤᠰᠤᠳᠡᠨ ᠤ ᠪᠦᠷᠢᠨ ᠲᠤᠯᠢ︾ ᠠᠴᠠ ᠪᠠᠭᠤᠯᠭᠠᠪᠠ | |