| ᠪᠤᠱᠣᠭᠳᠣ ᠵᠢᠨᠤᠩ ︵1565 — 1624︶ — ᠣᠮᠠᠷᠠᠳᠣ ᠶᠤᠸᠠᠨ ᠣᠯᠣᠰ ᠤᠨ ᠰᠡᠭᠦᠯᠴᠢ | ᠦᠶ᠎ᠡ ᠶᠢᠨ ᠮᠤᠩᠭᠤᠯ ᠤᠨ ᠪᠠᠷᠠᠭᠤᠨ ᠭᠠᠷᠤᠨ ᠵᠢᠨᠤᠩ᠂ ᠣᠷᠳᠣᠰ ᠲᠦᠮᠡᠨ ᠤ ᠠᠬᠠᠯᠠᠭᠴᠢ᠃ ᠪᠠᠷᠰᠪᠤᠯᠤᠳ ᠤᠨ | ᠬᠤᠶᠢᠴᠢ᠃ 1576 ᠤᠨ ᠳᠤ ᠵᠢᠨᠤᠩ ᠤᠨ ᠰᠠᠭᠤᠷᠢᠨ ᠢ ᠵᠠᠯᠭᠠᠮᠵᠢᠯᠠᠭᠠᠳ᠂ ᠮᠦᠨ ᠵᠢᠯ ᠳᠡᠭᠡᠨ ᠮᠢᠩ ᠣᠯᠣᠰ ᠠᠴᠠ | ᠡᠴᠢᠭᠡ ᠳᠤᠨᠢ ᠦᠭᠭᠦᠭᠰᠡᠨ ᠪᠦᠬᠦᠳᠡ ᠶᠢ ᠮᠡᠳᠡᠭᠴᠢ ᠲᠤᠳᠤᠭ ᠳᠦᠰᠢᠮᠡᠯ ᠤᠨ ᠵᠡᠷᠭᠡ ᠶᠢ ᠵᠠᠯᠭᠠᠮᠵᠢᠯᠠᠵᠡᠢ᠃ | ᠪᠤᠷᠤᠳᠣᠬᠤᠢ ᠪᠠᠷ ᠨᠤᠳᠣᠭᠯᠠᠵᠤ ᠪᠠᠶᠢᠪᠠ᠃ ᠮᠢᠩ ᠣᠯᠣᠰ ᠲᠠᠢ ᠨᠠᠶᠢᠷᠠᠮᠳᠠᠯ ᠢᠶᠠᠷ ᠬᠠᠷᠢᠯᠴᠠᠵᠤ ᠵᠠᠬ᠎ᠠ ᠶᠢᠨ ᠠᠷᠠᠯᠵᠢᠶ᠎ᠠ | ᠬᠢᠵᠤ ᠪᠠᠶᠢᠵᠡᠢ᠃ ᠡᠴᠢᠭᠡ ᠶᠢᠨ ᠢᠶᠠᠨ ᠦᠰ ᠢ ᠠᠪᠬᠤ ᠪᠠᠷ ᠦᠢᠷᠠᠳ ᠣᠷᠣᠭᠤ ᠬᠡᠳᠦᠨᠳᠡ ᠴᠡᠷᠢᠭᠯᠡᠭᠰᠡᠨ ᠳᠤ ᠵᠠᠮ | ᠵᠠᠭᠤᠷ᠎ᠠ ᠨᠢ ᠮᠢᠩ ᠤᠨ ᠴᠡᠷᠢᠭ ᠲᠤᠰᠴᠣ ᠴᠤᠬᠢᠭᠰᠡᠨ ᠲᠤᠯᠠ 1587 ᠤᠨ ᠳᠤ ᠮᠢᠩ ᠤᠨ ᠴᠡᠷᠢᠭ ᠲᠠᠢ | ᠮᠦᠷᠭᠦᠯᠳᠦᠭᠡᠨ ᠭᠠᠷᠴᠠᠢ᠃ 1596 ᠣᠨ ᠳᠤ ᠪᠠᠷᠠᠭᠤᠰᠢ ᠳᠠᠶᠢᠯᠠᠭᠠᠳ ᠳᠦᠪᠡᠳ ᠤᠨ ᠨᠤᠲᠤᠭ ᠲᠤ ᠰᠢᠷ᠎ᠠ | ᠦᠢᠭᠤᠷᠴᠣᠳ ᠢ ᠪᠠᠶᠢᠯᠳᠣᠨ ᠳᠠᠭᠠᠭᠤᠯᠪᠠ᠃ 1614 ᠣᠨ ᠳᠤ ᠮᠠᠶᠢᠳᠠᠷᠢ ᠬᠤᠳᠣᠭᠳᠣ ᠠᠴᠠ ︽ᠠᠯᠳᠠᠨ | ᠬᠦᠷᠳᠦᠨ ᠢ ᠡᠷᠭᠢᠭᠦᠯᠦᠭᠴᠢ ᠽᠠᠺᠠᠷᠸᠠᠷᠳᠢ ᠰᠡᠴᠡᠨ ᠵᠢᠨᠤᠩ ᠬᠠᠨ︾ ᠴᠤᠯᠠ ᠬᠦᠷᠳᠡᠵᠡᠢ᠃ | | ︽ᠮᠤᠩᠭᠤᠯ ᠦᠨᠳᠤᠰᠤᠳᠡᠨ ᠤ ᠪᠦᠷᠢᠨ ᠲᠤᠯᠢ︾ ᠠᠴᠠ ᠪᠠᠭᠤᠯᠭᠠᠪᠠ | |