ᠲᠡᠤᠬᠡᠨ ᠨᠡᠷᠡᠳᠤ ᠬᠦᠮᠦᠨ — ᠰᠠᠭᠠᠩ ᠰᠡᠴᠡᠨ ᠬᠤᠩ ᠲᠠᠶᠢᠵᠢ
ᠨᠡᠶᠢᠲᠡᠯᠡᠭᠰᠡᠨ ᠴᠠᠭ᠄
2018-04-09
       ᠰᠠᠭᠠᠩ ᠰᠡᠴᠡᠨ ᠬᠤᠩ ᠲᠠᠶᠢᠵᠢ ︵1604 ~︖︶ — ᠤᠮᠠᠷᠠᠳᠤ ᠶᠤᠸᠠᠨ ᠤᠯᠤᠰ ᠤᠨ ᠰᠡᠭᠦᠯᠴᠢ ᠦᠶ᠎ᠡ ᠶᠢᠨ ᠤᠷᠳᠤᠰ ᠤᠨ ᠢᠵᠡᠭᠤᠷᠳᠡᠨ᠃ ᠪᠠᠷᠰᠪᠤᠯᠤᠳ ᠤᠨ ᠬᠤᠶᠢᠴᠢ᠂ ᠬᠤᠳᠤᠭᠳᠡᠢ ᠰᠡᠴᠡᠨ ᠬᠤᠩ ᠲᠠᠶᠢᠵᠢ ᠶᠢᠨ ᠵᠢᠴᠢ᠃ 11 ᠨᠡᠰᠤᠳᠠᠢ ᠳᠠᠭᠠᠨ ᠡᠯᠤᠨᠴᠠ ᠶᠢᠨ ᠢᠶᠠᠨ ︽ᠰᠡᠴᠡᠨ ᠬᠤᠩ ᠲᠠᠶᠢᠵᠢ︾ ᠴᠤᠯᠠ ᠶᠢ ᠵᠠᠯᠭᠠᠮᠵᠢᠯᠡᠪᠠ᠃ 17 ᠨᠠᠰᠤᠳᠠᠢ ᠳᠠᠭᠠᠨ ᠪᠤᠱᠤᠭᠳᠤ ᠵᠢᠨᠤᠩ ᠤᠨ ᠲᠤᠤᠷ᠎ᠠ ᠵᠠᠰᠠᠭ ᠪᠠᠷᠢᠭᠴᠢ ᠲᠦᠰᠢᠮᠡᠯ ᠪᠤᠯᠪᠠ᠃ 22 ᠨᠠᠰᠤᠳᠠᠢ ᠳᠠᠭᠠᠨ ᠵᠠᠷᠯᠢᠭ ᠢᠶᠠᠷ ᠲᠡᠮᠡᠭᠡᠳᠤ ᠳᠤ ᠤᠷᠤᠵᠤ ᠮᠢᠩ ᠤᠨ ᠲᠦᠯᠤᠭᠡᠯᠡᠭᠴᠢᠳ ᠲᠠᠢ ᠬᠡᠯᠡᠯᠴᠡᠭᠡᠷ ᠬᠢᠬᠦ ᠳᠡᠭᠡᠨ ᠬᠤᠶᠠᠷ ᠲᠠᠯ᠎ᠠ ᠡᠰᠡᠷᠭᠦᠴᠡᠯᠳᠤᠭᠦ ᠪᠠᠨ ᠪᠤᠯᠢᠵᠤ ᠨᠠᠶᠢᠷᠠᠮᠳᠠᠯ ᠢᠶᠠᠷ ᠵᠠᠬ᠎ᠠ ᠠᠷᠠᠯᠵᠢᠶ᠎ᠠ ᠨᠡᠭᠡᠭᠡᠭᠦ ᠶᠢ ᠵᠤᠷᠢᠵᠤ ᠪᠠᠶᠢᠪᠠ᠃ 28 ᠨᠠᠰᠤᠳᠠᠢ ᠳᠠᠭᠠᠨ ᠷᠢᠨᠴᠢᠨ ᠵᠢᠨᠤᠩ ᠢ ᠲᠠᠭᠠᠵᠤ᠂ ᠯᠢᠭᠳᠡᠨ ᠬᠠᠭᠠᠨ ᠤ ᠲᠤᠳᠤᠭᠠᠳᠤ ᠪᠠᠨ ᠲᠦᠪᠰᠢᠷᠡᠭᠦᠯᠵᠤ ᠬᠤᠶᠢᠳᠤ ᠠᠯᠳᠡᠨ ᠤᠯᠤᠰ ᠢ ᠬᠠᠮᠳᠤ ᠪᠠᠷ ᠡᠰᠡᠷᠭᠦᠴᠡᠭᠦ ᠪᠤᠳᠤᠯᠭ᠎ᠠ ᠶᠢ ᠢᠳᠡᠪᠬᠢᠳᠡᠢ ᠲᠠᠮᠵᠢᠪᠠ᠃ ᠯᠢᠭᠳᠡᠨ ᠬᠠᠭᠠᠨ ᠤ ᠮᠤᠩᠭᠤᠯ ᠢ ᠨᠢᠭᠡᠳᠭᠡᠭᠦ ᠶᠠᠪᠤᠳᠠᠯ ᠡᠷᠡᠮᠡᠯᠵᠡᠯ ᠦᠭᠡᠢ ᠪᠤᠯᠤᠭᠰᠡᠨ ᠳᠤ ᠲᠦᠷᠤ ᠤᠨ ᠠᠯᠪᠠ ᠶᠢ ᠤᠷᠬᠢᠨ ᠨᠤᠳᠤᠭ ᠲᠠᠭᠠᠨ ᠬᠠᠷᠢᠵᠡᠢ᠃ ᠲᠦᠷᠤ ᠶᠢ ᠲᠡᠳᠭᠦᠭᠰᠡᠨ ᠭᠠᠪᠢᠶ᠎ᠠ ᠶᠢᠨ ᠲᠤᠯᠡᠳᠠ ᠷᠢᠨᠴᠢᠨ ᠵᠢᠨᠤᠩ ᠲᠡᠭᠦᠨ ᠳᠤ ︽ᠲᠠᠷᠬᠠᠨ︾ ᠭᠡᠮᠡᠭᠦ ᠴᠤᠯᠠ ᠤᠯᠭᠤᠵᠡᠢ᠃ ︽ᠶᠡᠭᠡ ᠰᠢᠷ᠎ᠠ ᠲᠡᠪᠳᠡᠷ︾ ᠵᠡᠷᠭᠡ ᠮᠤᠩᠭᠤᠯ ᠤᠨ ᠲᠡᠤᠭᠡ ᠶᠢᠨ 7 ᠰᠤᠷᠪᠤᠯᠵᠢ ᠪᠢᠴᠢᠭ ᠢ ᠯᠠᠪᠯᠡᠨ ᠦᠵᠡᠵᠤ ᠪᠠᠶᠢᠭᠠᠳ ︽ᠬᠠᠳ ᠤᠨ ᠦᠨᠳᠤᠰᠤᠨ ᠡᠷᠳᠡᠨᠢ ᠶᠢᠨ ᠲᠤᠪᠴᠢ︾ ᠭᠡᠮᠡᠭᠦ ᠠᠯᠳᠠᠷᠳᠤ ᠪᠦᠳᠤᠭᠡᠯ ᠢᠶᠠᠨ ᠪᠢᠴᠢᠵᠡᠢ᠃        ︽ᠮᠤᠩᠭᠤᠯ ᠦᠨᠳᠤᠰᠤᠳᠡᠨ ᠤ ᠪᠦᠷᠢᠨ ᠲᠤᠯᠢ︾ ᠠᠴᠠ ᠪᠠᠭᠤᠯᠭᠠᠪᠠ
 
ᠢᠷᠡᠯᠲᠡ᠄ ᠤᠷᠳᠤᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号