ᠢᠨᠵᠠᠨᠨᠠᠰᠢ ᠪᠤᠯ ᠠᠷᠪᠠ ᠶᠢᠰᠤᠳᠤᠭᠡᠷ ᠵᠠᠭᠤᠨ ᠤ ᠦᠶ᠎ᠡ ᠶᠢᠨ ᠮᠤᠩᠭᠤᠯ ᠦᠨᠳᠤᠰᠤᠳᠡᠨ ᠤ ᠠᠭᠤᠤ ᠶᠡᠭᠡ | ᠤᠳᠬ᠎ᠠ ᠵᠤᠬᠢᠶᠠᠯᠴᠢ ᠪᠤᠯᠬᠤ ᠮᠦᠷᠳᠡᠭᠡᠨ ᠭᠠᠷᠮᠠᠭᠠᠢ ᠳᠡᠤᠬᠡᠴᠢᠨ᠂ ᠪᠤᠳᠤᠯᠭᠠᠳᠠᠨ᠂ ᠮᠦᠨᠴᠤ ᠨᠢᠭᠡᠨ ᠠᠯᠳᠠᠷᠳᠤ | ᠰᠢᠯᠦᠭᠴᠢ ᠪᠤᠯᠬᠤ ᠶᠤᠮ᠃ | ᠢᠨᠵᠠᠨᠨᠠᠰᠢ 1837 ᠤᠨ ᠤ 5 ᠳ᠋ᠤᠭᠠᠷ ᠰᠠᠷ᠎ᠠ ᠶᠢᠨ 20 ᠳᠤ ᠵᠤᠰᠤᠳᠤ ᠶᠢᠨ ᠴᠢᠭᠤᠯᠭᠠᠨ ᠤ ᠲᠦᠮᠡᠳ | ᠪᠠᠷᠠᠭᠤᠨ ᠬᠤᠰᠢᠭᠤᠨ ︵ᠤᠳᠤᠬᠢ ᠯᠢᠶᠤᠤᠨᠢᠩ ᠮᠤᠵᠢ ᠶᠢᠨ ᠪᠸᠢ ᠫᠢᠶᠤᠤ ᠰᠢᠶᠠᠨ︶ ᠤ ᠰᠢᠳᠤᠷᠭᠤ ᠪᠠᠳᠤ | ᠬᠤᠷᠤᠭᠠᠨ ᠤ ᠲᠠᠶᠢᠵᠢ ᠸᠠᠩᠴᠢᠨᠪᠠᠯᠠ ᠶᠢᠨ ᠳᠤᠯᠤᠳᠤᠭᠠᠷ ᠬᠦᠪᠡᠭᠦᠨ ᠪᠤᠯᠤᠨ ᠲᠦᠷᠦᠵᠡᠢ᠃ ᠢᠨᠵᠠᠨᠨᠠᠰᠢ ᠶᠢᠨ | ᠪᠠᠭ᠎ᠠ ᠶᠢᠨ ᠨᠡᠷ᠎ᠡ ᠨᠢ ᠬᠠᠰᠴᠢᠯᠠᠭᠤ᠂ ᠬᠢᠳᠠᠳ ᠨᠡᠷ᠎ᠡ ᠨᠢ ᠪᠤᠤ ᠾᠧᠩ ᠱᠠᠨ᠂ ᠡᠷᠬᠦᠭᠰᠡᠨ ᠨᠡᠷ᠎ᠡ ᠨᠢ ᠿᠦᠨ ᠲᠢᠩ | ᠭᠡᠳᠡᠭ᠃ ᠠᠬ᠎ᠠ ᠳᠡᠭᠦᠦ ᠨᠠᠢᠮᠠᠭᠤᠯᠠ ᠪᠢᠯᠡ᠃ | ᠢᠨᠵᠠᠨᠨᠠᠰᠢ ᠪᠤᠯ ᠨᠢᠭᠡᠨ ᠰᠤᠷᠪᠤᠯᠵᠢᠳᠤ ᠭᠡᠷ ᠪᠦᠯᠢ ᠳᠤ ᠲᠦᠷᠦᠭᠰᠡᠨ ᠪᠢᠯᠡ᠃ ᠲᠡᠭᠦᠨ ᠤ ᠡᠴᠢᠭᠡ | ᠸᠠᠩᠴᠢᠨᠪᠠᠯᠠ ᠪᠤᠯ ᠪᠢᠴᠢᠭ ᠴᠡᠷᠢᠭ ᠤᠨ ᠡᠷᠳᠡᠮ ᠬᠤᠤᠰᠯᠠᠭᠰᠠᠨ ᠡᠬᠡ ᠤᠷᠤᠨᠴᠢ ᠵᠠᠩᠵᠤᠨ ᠪᠠᠶᠢᠯ᠎ᠠ᠃ ᠲᠡᠷᠡ᠂ | ᠢᠨᠵᠠᠨᠨᠠᠰᠢ ᠶᠢᠨ ᠵᠤᠬᠢᠶᠠᠭᠰᠠᠨ ᠲᠡᠤᠬᠡ ᠶᠢᠨ ᠷᠤᠮᠡᠨ ︽ᠬᠦᠬᠡ ᠰᠤᠳᠤᠷ︾ ᠤᠨ ᠡᠬᠢᠨ ᠤ ᠨᠠᠢᠮᠠᠨ ᠪᠦᠯᠦᠭ ᠢ ᠪᠢᠴᠢᠵᠤ | ᠪᠠᠶᠢᠳᠠᠯ᠎ᠠ 1840 ᠤᠨ ᠤ ᠬᠠᠷ᠎ᠠ ᠲᠠᠮᠠᠬᠢ ᠶᠢᠨ ᠳᠠᠶᠢᠨ ᠲᠡᠭᠳᠡᠭᠰᠡᠨ ᠤ ᠤᠴᠢᠷ ᠤᠯᠤᠰ ᠤᠨ ᠵᠠᠷᠯᠢᠭ ᠢᠶᠠᠷ ᠪᠢᠷ ᠢᠶᠠᠨ | ᠲᠠᠯᠪᠢᠵᠤ ᠵᠡᠪᠰᠡᠭ ᠠᠳᠬᠤᠭᠠᠳ ᠬᠤᠰᠢᠭᠤᠨ ᠤ ᠴᠡᠷᠢᠭ ᠢᠶᠠᠨ ᠲᠠᠶᠢᠴᠢᠯᠠᠨ ᠡᠭᠡ ᠤᠷᠤᠨ ᠢᠶᠠᠨ ᠬᠠᠮᠠᠭᠠᠯᠠᠬᠤ | ᠲᠠᠶᠢᠨ ᠳᠤ ᠮᠤᠷᠳᠠᠵᠤ ᠢᠡᠭ ᠺᠸᠤ ᠬᠤᠳᠠ ᠶᠢᠨ ᠤᠷᠴᠢᠮ ᠠᠩᠭ᠍ᠯᠢ ᠶᠢᠨ ᠨᠢᠭᠡ ᠪᠦᠯᠦᠭ ᠲᠦᠷᠢᠮᠡᠭᠡᠢ ᠴᠡᠷᠢᠭ ᠲᠠᠢ | ᠪᠠᠶᠢᠯᠳᠤᠵᠤ ᠢᠯᠠᠯᠳᠠ ᠤᠯᠤᠭᠠᠳ ᠶᠡᠭᠡ ᠭᠠᠪᠢᠶ᠎ᠠ ᠪᠠᠶᠢᠭᠤᠯᠵᠤ ᠪᠢᠯᠡ᠃ 1847 ᠤᠨ ᠳᠤ ᠲᠡᠷᠡ᠂ ᠡᠴᠤᠰ ᠤᠨ | ᠣᠳᠠᠭ᠎ᠠ ᠴᠡᠷᠢᠭ ᠤᠨ ᠠᠯᠪᠠ ᠬᠠᠭᠠᠵᠤ ᠢᠷᠡᠭᠰᠡᠨ ᠤ ᠳᠠᠷᠠᠭ᠎ᠠ᠂ ᠲᠤᠰ ᠵᠢᠯ ᠳᠡᠭᠡᠨ 53 ᠲᠠᠢ ᠨᠠᠰᠤ ᠪᠠᠷᠠᠪᠠ᠃ | ᠢᠨᠵᠠᠨᠨᠠᠰᠢ ᠠᠬ᠎ᠠ ᠳᠡᠭᠦᠦ ᠨᠠᠢᠮᠠᠭᠤᠯᠠ ᠪᠤᠯᠪᠠᠴᠤ ᠬᠦᠮᠦᠨ ᠪᠤᠯᠤᠭᠰᠠᠨ ᠨᠢ ᠢᠨᠵᠠᠨᠨᠠᠰᠢ ᠪᠤᠯᠤᠨ ᠶᠡᠭᠡ ᠠᠬ᠎ᠠ | ᠬᠦᠯᠡᠷᠡᠨᠰᠠ᠂ ᠲᠠᠪᠤᠳᠤᠭᠠᠷ ᠠᠬ᠎ᠠ ᠬᠦᠩᠨᠡᠴᠤᠭᠡ ᠪᠤᠯᠤᠨ ᠵᠢᠷᠭᠤᠳᠤᠭᠠᠷ ᠠᠬ᠎ᠠ ᠰᠦᠩᠸᠠᠶᠢᠳᠠᠨᠵᠤᠩ ᠲᠦᠷᠪᠡᠬᠦᠯᠡ | ᠶᠤᠮ᠃ ᠶᠡᠭᠡ ᠠᠬ᠎ᠠ ᠬᠦᠯᠠᠷᠠᠨᠰᠠ ᠪᠤᠯ ᠡᠬᠡ ᠣᠷᠤᠨᠴᠢ ᠦᠵᠡᠯ ᠲᠠᠢ ᠠᠯᠳᠠᠷᠳᠣ ᠰᠢᠯᠦᠭᠴᠢ᠂ ᠲᠠᠪᠤᠳᠤᠭᠠᠷ ᠠᠬ᠎ᠠ | ᠬᠦᠩᠨᠡᠴᠤᠭᠡ ᠨᠢ ᠮᠦᠨᠴᠤ ᠰᠢᠯᠦᠭᠴᠢ ᠮᠦᠷᠳᠡᠭᠡᠨ ᠵᠢᠷᠭᠤᠳᠤᠭᠠᠷ ᠠᠬ᠎ᠠ ᠰᠦᠩᠸᠠᠶᠢᠳᠠᠨᠵᠤᠩ ᠲᠠᠢ ᠨᠢ ᠠᠳᠠᠯᠢ ᠴᠦᠮ | ᠬᠡᠳᠤᠨ ᠬᠡᠯᠡ ᠶᠢᠨ ᠪᠢᠴᠢᠭ ᠲᠤ ᠨᠠᠪᠲᠡᠷᠬᠡᠢ᠂ ᠪᠢᠴᠢᠵᠤ ᠤᠷᠴᠢᠭᠤᠯᠬᠤ ᠳᠤ ᠴᠢᠳᠠᠮᠠᠭᠠᠢ᠂ ᠢᠨᠵᠠᠨᠨᠠᠰᠢ ᠶᠢᠨ ︽ᠬᠦᠬᠡ | ᠰᠤᠳᠤᠷ︾ ᠢ ᠪᠢᠴᠢᠬᠦ ᠳᠤ ᠶᠡᠬᠡᠳᠡ ᠳᠡᠮᠵᠢᠯᠭᠡ ᠦᠵᠡᠭᠦᠯᠦᠭᠰᠡᠨ ᠶᠤᠮ᠃ | ᠢᠨᠵᠠᠨᠨᠠᠰᠢ ᠡᠶᠢᠮᠤ ᠭᠡᠷ ᠪᠦᠯᠢ ᠡᠶᠢᠮᠤ ᠤᠷᠴᠢᠨ ᠲᠤᠭᠤᠷᠢᠨ ᠳᠤ ᠬᠦᠮᠦᠵᠢᠨ ᠦᠰᠦᠭᠰᠡᠨ ᠤ ᠳᠡᠭᠡᠷ᠎ᠡ | ᠬᠤᠪᠢ ᠪᠡᠶ᠎ᠡ ᠶᠢᠨ ᠬᠢᠨᠢ ᠤᠶᠤᠨ ᠲᠠᠷᠢᠬᠢ ᠬᠤᠷᠴᠠ ᠰᠡᠴᠡᠨ᠂ ᠰᠤᠷᠴᠤ ᠰᠤᠳᠤᠯᠬᠤ ᠳᠤ ᠬᠢᠨᠠᠮᠠᠭᠠᠢ ᠲᠤᠯᠠ ᠬᠠᠷ᠎ᠠ | ᠪᠠᠭ᠎ᠠ ᠠᠴᠠ ᠪᠠᠨ ᠮᠤᠩᠭᠤᠯ᠂ ᠬᠢᠳᠠᠳ᠂ ᠮᠠᠨᠵᠤ᠂ ᠲᠦᠪᠡᠳ ᠪᠢᠴᠢᠭ ᠢ ᠡᠵᠡᠮᠰᠢᠵᠤ᠂ ᠮᠤᠩᠭᠤᠯ ᠬᠢᠳᠠᠳ ᠤᠨ | ᠡᠷᠳᠡᠨ ᠤ ᠤᠳᠬ᠎ᠠ ᠵᠤᠬᠢᠶᠠᠯ᠂ ᠲᠤᠮᠳᠠᠳᠤ ᠤᠯᠤᠰ ᠤᠨ ᠲᠡᠤᠭᠡ ᠵᠡᠷᠭᠡ ᠳᠤ ᠨᠡᠯᠢᠶᠡᠳ ᠨᠡᠪᠲᠡᠷᠡᠭᠰᠡᠨ ᠪᠦᠭᠡᠳ ᠰᠢᠯᠦᠭ | ᠪᠢᠴᠢᠵᠤ ᠵᠢᠷᠤᠭ ᠵᠢᠷᠤᠬᠤ ᠳᠠᠭᠠᠨ ᠴᠦ ᠪᠤᠯᠪᠠᠰᠤᠷᠠᠩᠭᠤᠢ ᠪᠠᠶᠢᠵᠠᠢ᠃ ᠢᠨᠵᠠᠨᠨᠠᠰᠢ ᠬᠤᠷᠢ ᠬᠦᠷᠳᠡᠯ᠎ᠡ ᠭᠤᠤᠯᠳᠠᠭᠤ | ᠪᠢᠴᠢᠭ ᠤᠡᠭᠰᠢᠵᠤ᠂ ᠰᠢᠯᠦᠭ ᠵᠤᠬᠢᠶᠠᠯ ᠪᠢᠴᠢᠨ ᠪᠤᠯᠪᠠᠰᠤᠷᠠᠵᠤ᠂ ᠡᠷᠬᠡ ᠳᠠᠭ᠎ᠠ ᠪᠠᠷ ᠢᠶᠠᠨ ᠠᠮᠢᠳᠤᠷᠠᠵᠤ᠂ ᠬᠤᠪᠢ | ᠵᠠᠶᠠᠭ᠎ᠠ ᠶᠢ ᠢᠳᠡᠭᠡᠮᠵᠢᠯᠡᠵᠤ ᠪᠠᠶᠢᠭᠰᠠᠨ ᠶᠡᠭᠡ ᠭᠡᠷ ᠤᠨ ᠡᠩᠡ ᠪᠠᠶᠢᠵᠠᠢ᠃ ᠭᠡᠪᠡᠴᠤ ᠲᠡᠷᠡ ᠪᠠᠷ ᠵᠠᠯᠠᠭᠤ ᠶᠢᠨ | ᠴᠠᠭ ᠲᠠᠭᠠᠨ ᠵᠦᠪᠭᠡᠨ ᠭᠡᠷ ᠲᠡᠭᠡᠨ ᠰᠠᠭᠤᠵᠤ ᠪᠢᠴᠢᠭ ᠤᠡᠭᠰᠢᠬᠰᠠᠨ ᠲᠡᠳᠤᠢ ᠪᠢᠰᠢ᠂ ᠬᠠᠷᠢᠨ ᠮᠤᠩᠭᠤᠯ ᠭᠠᠵᠠᠷ ᠢᠶᠠᠷ | ᠲᠤᠭᠤᠷᠢᠵᠤ᠂ ᠮᠤᠩᠭᠤᠯ ᠤᠨ ᠡᠷᠳᠡᠮᠳᠡᠨ ᠮᠡᠷᠭᠡᠳ ᠢ ᠰᠤᠷᠪᠤᠯᠵᠢᠯᠠᠵᠤ ᠶᠠᠪᠤᠵᠤ ᠪᠠᠶᠢᠭᠰᠠᠨ ᠪᠦᠭᠡᠳ ᠪᠠᠰᠠ ᠬᠢᠳᠠᠳ | ᠭᠠᠵᠠᠷ ᠤᠨ ᠬᠤᠳᠠ ᠲᠤᠰᠬᠤᠨ ᠢᠶᠠᠷ ᠶᠠᠪᠤᠵᠤ ᠰᠠᠭᠤᠵᠤ ᠪᠠᠶᠢᠭᠰᠠᠨ ᠤᠴᠢᠷ ᠠᠴᠠ ᠲᠤᠬᠠᠢ ᠶᠢᠨ ᠦᠶ᠎ᠡ ᠶᠢᠨ | ᠨᠡᠶᠢᠭᠡᠮ ᠤᠨ ᠪᠠᠶᠢᠳᠠᠯ᠂ ᠠᠷᠠᠳ ᠤᠨ ᠠᠮᠢᠳᠤᠷᠠᠯ ᠲᠠᠢ ᠦᠷᠭᠡᠨ ᠢᠶᠠᠷ ᠲᠠᠨᠢᠯᠴᠠᠵᠤ ᠪᠠᠶᠢᠪᠠ᠃ | ᠢᠨᠵᠠᠨᠨᠠᠰᠢ ᠭᠤᠴᠢᠨ ᠨᠠᠰᠤᠨ ᠤ ᠦᠶ᠎ᠡ ᠠᠴᠠ ᠡᠬᠢᠯᠠᠨ ᠠᠵᠤ ᠠᠮᠢᠳᠤᠷᠠᠯ ᠪᠠᠭᠤᠷᠠᠵᠤ᠂ ᠡᠮ᠎ᠡ ᠦᠷ᠎ᠡ | ᠦᠬᠦᠵᠤ ᠠᠯᠢᠪᠠ ᠵᠦᠢᠯ ᠴᠦᠮ ᠦᠭᠡᠳᠡ ᠦᠭᠡᠢ ᠪᠤᠯᠤᠭᠰᠠᠨ ᠪᠦᠭᠡᠳ ᠲᠡᠬᠦᠨ ᠠᠴᠠ ᠬᠤᠶᠢᠰᠢ ᠲᠡᠬᠢᠨ ᠡᠷᠬᠢᠯᠳᠡ | ᠭᠠᠷᠤᠬᠰᠠᠨ ᠦᠭᠡᠢ ᠪᠢᠯᠡ᠃ 1840 ᠤᠨ ᠤ ᠬᠠᠷ᠎ᠠ ᠳᠠᠮᠡᠬᠢ ᠶᠢᠨ ᠳᠠᠶᠢᠨ ᠠᠴᠠ ᠡᠬᠢᠯᠡᠨ ᠴᠢᠩ ᠤᠯᠤᠰ ᠤᠨ | ᠲᠦᠷᠦ ᠶᠢᠨ ᠮᠦᠬᠦᠯᠳᠡ ᠲᠦᠷᠭᠡᠳᠴᠦ ᠹᠸᠤᠳᠠᠯ ᠤᠨ ᠶᠡᠭᠡ ᠭᠡᠷ ᠪᠦᠯᠢ — ᠢᠨᠵᠠᠨᠨᠠᠰᠢ ᠶᠢᠨ ᠭᠡᠷ ᠲᠤ ᠴᠦ | ᠴᠤᠬᠢᠯᠳᠠ ᠦᠭᠴᠠᠢ᠃ ᠨᠡᠶᠢᠭᠡᠮ ᠤᠨ ᠬᠤᠪᠢᠷᠠᠯᠳᠠ ᠪᠠ ᠬᠤᠪᠢ ᠶᠢᠨ ᠠᠮᠢᠳᠤᠷᠠᠯ ᠤᠨ ᠠᠵᠠ ᠪᠤᠰᠤ ᠤᠴᠠᠷᠠᠯ ᠨᠢ | ᠢᠨᠵᠠᠨᠨᠠᠰᠢ ᠶᠢᠨ ᠨᠢᠳᠤᠨ ᠬᠠᠷᠠᠭ᠎ᠠ ᠶᠢ ᠨᠡᠭᠡᠭᠡᠭᠳᠡᠭᠦᠯᠵᠤ ᠦᠵᠡᠯ ᠰᠠᠨᠠᠭ᠎ᠠ ᠶᠢ ᠨᠢ ᠦᠭᠡᠷᠡᠳᠡᠭᠦᠯᠦᠭᠰᠡᠨ ᠶᠤᠮ᠃ ᠲᠡᠷᠡ | ᠮᠠᠨᠵᠤ ᠴᠢᠩ ᠤᠨ ᠨᠤᠶᠠᠷᠬᠠᠭᠴᠢᠳ ᠠᠴᠠ ᠮᠤᠩᠭᠤᠯ ᠦᠨᠳᠤᠰᠤᠳᠡᠨ ᠳᠤ ᠠᠪᠴᠤ ᠪᠠᠶᠢᠭ᠎ᠠ ᠲᠦᠷᠤ ᠶᠢᠨ | ᠪᠤᠳᠤᠯᠭ᠎ᠠ ᠶᠢᠨ ᠳᠡᠷᠰᠯᠡᠬᠦᠦ ᠴᠢᠨᠠᠷ ᠢ ᠤᠬᠠᠭᠠᠷᠠᠨ ᠮᠠᠳᠡᠵᠤ ᠡᠬᠢᠯᠡᠭᠰᠡᠨ ᠪᠦᠭᠡᠳ ᠮᠤᠩᠭᠤᠯ ᠤᠨ ᠬᠠᠷ᠎ᠠ ᠰᠢᠷ᠎ᠠ | ᠹᠸᠤᠳᠠᠯ ᠤᠳ ᠤᠨ ᠬᠤᠭᠤᠰᠤᠨ ᠶᠡᠭᠡ ᠨᠡᠷ᠎ᠡ ᠲᠦᠷᠤ ᠪᠠ ᠡᠳ᠋ ᠮᠦᠩᠭᠦᠨ ᠤ ᠪᠤᠭᠤᠯ ᠪᠤᠯᠤᠭᠰᠠᠨ ᠦᠭᠡᠨᠴᠡ ᠮᠦᠨ | ᠴᠢᠨᠠᠷ ᠢ ᠴᠦ ᠦᠵᠡᠵᠤ ᠭᠠᠷᠤᠬᠰᠠᠨ ᠪᠠᠶᠢᠪᠠ᠃ ᠡᠭᠦᠨ ᠠᠴᠠ ᠬᠤᠶᠢᠰᠢ ᠢᠨᠵᠠᠨᠨᠠᠰᠢ ᠬᠤᠪᠢ ᠶᠢᠨ ᠠᠵᠤ | ᠠᠮᠢᠳᠤᠷᠠᠯ ᠤᠨ ᠭᠤᠨᠢᠭ ᠭᠤᠳᠤᠷᠠᠯ ᠤᠨ ᠬᠦᠯᠢᠶᠠᠰᠤᠨ ᠠᠴᠠ ᠠᠩᠬᠢᠵᠢᠷᠠᠵᠤ᠂ ᠴᠢᠩ ᠤᠯᠤᠰ ᠤᠨ ᠦᠨᠳᠤᠰᠤᠳᠡᠨ ᠢ | ᠮᠦᠬᠦᠭᠡᠬᠦ ᠬᠠᠷᠬᠢᠰ ᠭᠡᠷᠴᠡᠭᠡᠢ ᠲᠦᠷᠤ ᠶᠢᠨ ᠪᠤᠳᠤᠯᠭ᠎ᠠ ᠳᠤᠤᠷ᠎ᠠ ᠡᠳᠤᠷ ᠢᠷᠡᠬᠦᠶ᠎ᠡ ᠲᠤᠷᠦ᠋ᠢᠳᠠᠨ ᠪᠠᠭᠤᠷᠠᠵᠤ ᠪᠠᠶᠢᠭ᠎ᠠ | ᠬᠦᠭᠡᠷᠦᠬᠦᠢ ᠦᠨᠳᠤᠰᠤᠳᠠᠨ ᠢᠶᠠᠨ ᠠᠪᠤᠷᠠᠬᠤ ᠶᠢᠨ ᠲᠦᠯᠦᠭᠡ ᠪᠢᠷ ᠴᠠᠭᠠᠰᠤ ᠲᠠᠢ ᠨᠦᠬᠦᠷᠯᠡᠨ ᠠᠯᠢ ᠤᠯᠠᠨ ᠵᠤᠬᠢᠶᠠᠯ | ᠪᠢᠴᠢᠵᠤ᠂ ᠴᠢᠩ ᠤᠯᠤᠰ ᠤᠨ ᠨᠡᠶᠢᠭᠡᠮ ᠤᠨ ᠬᠠᠷᠠᠩᠭᠤᠢ ᠲᠠᠯ᠎ᠠ ᠶᠢ ᠢᠯᠡᠴᠢᠯᠡᠨ ᠰᠢᠭᠦᠮᠵᠢᠯᠡᠵᠤ ᠡᠬᠢᠯᠡᠭᠰᠡᠡᠨ ᠪᠠᠶᠢᠨ᠎ᠠ᠃ | | ᠢᠨᠵᠠᠨᠨᠠᠰᠢ ᠲᠤᠬᠠᠢ ᠶᠢᠨ ᠦᠶ᠎ᠡ ᠶᠢᠨ ᠤᠩᠰᠢᠭᠴᠢᠳ ᠤᠨ ᠦᠨᠳᠤᠰᠤᠳᠡᠨ ᠤ ᠢᠳᠡᠭᠡᠯ ᠵᠤᠷᠢᠭ ᠪᠠ | ᠦᠨᠳᠤᠰᠤᠳᠠᠨ ᠢᠶᠠᠨ ᠬᠦᠨᠳᠤᠳᠬᠡᠬᠦ ᠰᠡᠳᠬᠢᠯ ᠢ ᠨᠡᠮᠡᠭᠳᠡᠬᠦᠯᠬᠦ ᠶᠢᠨ ᠳᠤᠯᠠᠳᠠ ︽ᠮᠤᠩᠭᠤᠯ ᠲᠤᠭᠠᠳᠠᠨ ᠪᠦᠬᠦᠳᠡᠭᠡᠷ | ᠤᠭ ᠦᠨᠳᠤᠰᠤᠨ ᠪᠠ ᠢᠵᠠᠭᠤᠷ ᠤᠳᠤᠮ ᠢᠶᠠᠨ ᠮᠡᠳᠡᠳᠤᠭᠡᠢ︾ ᠭᠡᠮᠡᠨ ᠭᠤᠴᠢᠨ ᠲᠦᠷᠪᠡᠨ ᠨᠠᠰᠤᠨ ᠠᠴᠠ ᠪᠠᠨ | ᠡᠬᠢᠯᠡᠵᠤ ᠬᠤᠷᠢᠨ ᠲᠦᠷᠪᠡᠨ ᠵᠢᠯ ᠤᠨ ᠴᠠᠭ ᠢ ᠵᠠᠷᠤᠴᠠᠭᠤᠯᠤᠮᠠᠨᠵᠢᠨ ︽ᠬᠦᠬᠡ ᠰᠤᠳᠤᠷ︾ ᠢ ᠵᠠᠭᠤ ᠬᠤᠷᠢᠨ ᠪᠦᠯᠦᠭ | ᠪᠤᠯᠳᠠᠯ᠎ᠠ ᠵᠠᠯᠭᠠᠵᠤ ᠪᠢᠴᠢᠭᠰᠡᠨ ᠪᠠᠶᠢᠨ᠎ᠠ ︵ᠬᠠᠷᠠᠮᠰᠠᠯᠳᠠᠢ ᠨᠢ ᠬᠤᠶᠢᠨᠠᠬᠢ 51 ᠪᠦᠯᠦᠭ ᠨᠢ ᠤᠳᠤ ᠪᠤᠯᠳᠠᠯ᠎ᠠ | ᠤᠯᠳᠠᠭᠠᠳᠤᠢ︶᠃ | ᠢᠨᠵᠠᠨᠨᠠᠰᠢ᠂ ᠡᠷᠳᠡᠨ ᠢ ᠰᠠᠨᠠᠭᠠᠯᠵᠠᠵᠤ ᠡᠳᠤᠭᠡ ᠶᠢ ᠰᠢᠬᠦᠮᠵᠢᠯᠡᠭᠰᠡᠨ ᠲᠡᠤᠬᠡ ᠶᠢᠨ ᠷᠤᠮᠠᠨ ︽ᠬᠦᠬᠡ | ᠰᠤᠳᠤᠷ︾ ᠢ ᠪᠢᠴᠢᠭᠰᠡᠨ ᠠᠴᠠ ᠭᠠᠳᠠᠨ᠎ᠠ᠂ ᠲᠤᠬᠠᠢ ᠶᠢᠨ ᠦᠶ᠎ᠡ ᠶᠢᠨ ᠨᠡᠶᠢᠭᠡᠮ ᠤᠨ ᠠᠮᠢᠳᠤᠷᠠᠯ ᠢᠶᠠᠷ | ᠰᠡᠳᠤᠪᠴᠢᠯᠡᠭᠰᠡᠨ᠂ ᠠᠷᠠᠳᠴᠢᠯᠠᠯ ᠤᠨ ᠦᠵᠡᠯ ᠲᠠᠢ ︽ᠨᠢᠭᠡᠨ ᠳᠠᠪᠬᠤᠷ ᠠᠰᠠᠷ︾᠂ ︽ᠤᠯᠠᠭᠠᠨ᠎ᠠ ᠤᠬᠢᠯᠠᠬᠤ | ᠲᠢᠩᠬᠢᠮ︾ ᠮᠡᠳᠤ ᠶᠢᠨ ᠠᠯᠳᠠᠷᠳᠤ ᠷᠤᠮᠠᠨ ᠢ ᠪᠦᠳᠦᠭᠡᠭᠰᠡᠨ ᠪᠢᠯᠡ᠃ ᠡᠬᠦᠨ ᠠᠴᠠ ᠭᠠᠳᠠᠨ᠎ᠠ᠂ ᠨᠡᠶᠢᠭᠡᠮ ᠤᠨ ᠵᠦᠪ | ᠪᠤᠰᠤ ᠦᠵᠡᠭᠳᠡᠯ ᠢ ᠬᠤᠱᠤᠩᠨᠠᠨ ᠰᠢᠬᠦᠮᠵᠢᠯᠡᠵᠤ᠂ ᠪᠤᠷᠬᠠᠨ ᠱᠠᠰᠢᠨ ᠤ ᠬᠤᠭᠤᠰᠤᠨ ᠨᠤᠮᠯᠠᠯ ᠢ ᠢᠯᠡᠴᠢᠯᠡᠨ | ᠪᠤᠷᠤᠭᠤᠰᠢᠶᠠᠭᠰᠠᠨ᠂ ᠪᠤᠳᠠᠰᠴᠢ ᠦᠵᠡᠯ ᠢ ᠢᠯᠡᠳᠭᠡᠭᠰᠡᠨ ︽ᠴᠢᠯᠠᠭᠤᠨ ᠲᠡᠷᠡ ᠶᠢᠨ ᠰᠢᠭᠦᠮᠵᠢᠯᠡᠯ︾᠂ ︽ | ᠨᠤᠮᠴᠢ ᠶᠢᠨ ᠬᠠᠭᠤᠷᠮᠠᠭ︾᠂ ︽ᠦᠵᠡᠯ ᠰᠠᠨᠠᠭ᠎ᠠ ᠶᠢ ᠨᠢ ᠡᠰᠡ ᠮᠡᠳᠡᠪᠡ︾᠂ ︽ᠡᠷᠳᠡᠮᠳᠠᠨ ᠢ ᠵᠠᠨᠤᠵᠤ | ᠴᠢᠳᠠᠯᠳᠠᠨ ᠳᠤ ᠬᠤᠷᠤᠰᠤᠭᠴᠢᠳ︾ ᠭᠡᠬᠦ ᠵᠡᠷᠭᠡ ᠶᠢᠨ ᠶᠤᠵᠤᠳᠤ ᠦᠬᠦᠯᠡᠯ ᠢ ᠪᠢᠴᠢᠭᠰᠡᠨ ᠪᠦᠭᠡᠳ ︽ᠪᠦᠭᠳᠤᠷ | ᠨᠤᠶᠠᠨ︾᠂ ︽ᠴᠠᠭᠠᠨ ᠡᠭᠦᠯᠡ︾᠂ ︽ᠶᠠᠳᠠᠭᠤ ᠲᠠᠷᠢᠶᠠᠴᠢᠨ︾᠂ ︽ᠳᠤᠷᠤᠨ᠎ᠠ ᠰᠠᠯᠬᠢᠨ ᠬᠡᠶᠢᠰᠳᠤᠭᠡᠢ︾ ᠬᠡᠬᠦ | ᠵᠡᠷᠭᠡ ᠶᠢᠨ ᠠᠯᠢ ᠤᠯᠠᠨ ᠰᠤᠨᠢᠷᠬᠠᠯᠳᠠᠢ ᠰᠠᠶᠢᠬᠠᠨ ᠰᠢᠯᠦᠭ ᠳᠠᠭᠤᠯᠠᠯ ᠢ ᠪᠢᠴᠢᠭᠰᠡᠨ ᠪᠢᠯᠡ᠃ | ᠢᠨᠵᠠᠨᠨᠠᠰᠢ ᠮᠥᠨ ᠴᠦ ᠨᠢᠭᠡ ᠵᠢᠷᠤᠬᠴᠢᠨ ᠪᠠᠶᠢᠯ᠎ᠠ᠃ ᠲᠡᠷᠡ ᠠᠭᠤᠯᠠ ᠤᠰᠤ᠂ ᠴᠡᠴᠡᠭ ᠪᠤᠯᠵᠤᠮᠤᠷ᠂ ᠭᠡᠷ | ᠬᠦᠷᠢᠶᠠᠯᠠᠩ ᠵᠡᠷᠭᠡ ᠪᠠᠶᠢᠭᠠᠯᠢ ᠶᠢᠨ ᠦᠵᠡᠮᠵᠢ ᠪᠤᠯᠤᠨ ᠪᠤᠰᠤᠳ ᠦᠵᠡᠭᠳᠡᠯ ᠢ ᠢᠯᠡᠳᠭᠡᠭᠰᠡᠨ ᠴᠦᠭᠡᠨ ᠪᠤᠰᠤ | ᠵᠢᠷᠤᠭ ᠢ ᠵᠢᠷᠤᠬᠤ ᠶᠢᠨ ᠬᠠᠮᠳᠤ ᠵᠢᠷᠤᠭ ᠵᠢᠷᠤᠬᠤ ᠲᠤᠬᠠᠢ ᠦᠪᠡᠷᠤᠨ ᠦᠵᠡᠯᠳᠡ ᠪᠠᠨ ᠴᠦ ᠲᠤᠷᠠᠳᠤᠬᠰᠠᠨ ᠪᠢᠯᠡ᠃ | ᠲᠡᠷᠡ ᠭᠡᠯᠡᠭᠰᠡᠨ ᠨᠢ᠄ ︽ᠵᠢᠷᠤᠭ ᠵᠢᠷᠤᠵᠤ ᠰᠤᠷᠬᠤᠢ ᠳᠤᠷ ᠭᠤᠷᠪᠠᠨ ᠵᠦᠢᠯ ᠤᠨ ᠵᠠᠮ ᠪᠤᠢ᠃ ᠲᠡᠷᠢᠬᠦᠨ ᠳᠤ | ᠦᠪᠡᠷᠤᠨ ᠰᠡᠳᠬᠢᠯ ᠠᠴᠠ ᠲᠦᠷᠦᠭᠳᠡᠨ ᠵᠢᠷᠤᠬᠤ᠂ ᠬᠤᠶᠠᠷ ᠲᠤᠷ ᠪᠠᠭᠰᠢ ᠶᠢ ᠲᠠᠭᠠᠵᠤ ᠶᠤᠰᠤ ᠪᠠᠷ ᠵᠢᠷᠤᠬᠤ᠂ | ᠭᠤᠷᠪᠠ ᠳᠤᠷ ᠪᠤᠳᠠᠳᠠᠢ ᠶᠢ ᠪᠠᠷᠢᠵᠤ ᠠᠳᠠᠯᠢ ᠵᠢᠷᠤᠬᠤ᠃ ᠡᠨᠡ ᠭᠤᠷᠪᠠᠨ ᠠᠴᠠ ᠮᠠᠰᠢ ᠡᠷᠬᠢᠮ ᠢᠨᠤ ᠰᠠᠨᠠᠭᠠᠨ ᠠᠴᠠ | ᠲᠦᠷᠦᠭᠳᠡᠨ ᠵᠢᠷᠤᠬᠤ ᠪᠤᠯᠤᠮᠤᠢ︾ ᠭᠡᠵᠠᠢ᠃ | |