ᠡᠷᠳᠡᠨ ᠡᠳᠦᠭᠡ ᠶᠢᠨ ᠮᠤᠩᠭᠤᠯ ᠵᠤᠬᠢᠶᠠᠯᠴᠢᠳ — ᠬᠡᠰᠢᠭᠪᠡᠳᠤ
ᠨᠡᠶᠢᠲᠡᠯᠡᠭᠰᠡᠨ ᠴᠠᠭ᠄
2018-04-08
       ᠰᠢᠯᠦᠭᠴᠢᠨ ᠬᠡᠰᠢᠭᠪᠡᠳᠤ ︵1849 ᠤᠨ — 1916 ᠤᠨ︶ ᠪᠤᠯ ᠤᠷᠳᠤᠰ ᠤᠨ ᠦᠤᠰᠢᠨ ᠬᠤᠰᠢᠭᠤᠨ ᠤ ᠤᠤᠯ ᠤᠨ ᠱᠠᠷᠯᠢᠭ ᠰᠤᠮᠤ ᠶᠢᠨ ᠬᠤᠱᠤᠢ ᠴᠠᠶᠢᠳᠠᠮ ᠤᠨ ᠬᠦᠮᠦᠨ ᠮᠦᠨ᠃ ᠡᠴᠢᠭᠡ ᠨᠢ ᠠᠯᠳᠠᠨᠭᠡᠷᠡᠯ ᠲᠠᠶᠢᠵᠢ ᠶᠢᠨ ᠠᠯᠪᠠᠳᠤ᠂ ᠬᠠᠳᠠᠬᠢᠨ ᠤᠪᠤᠭᠳᠤ ᠬᠠᠷᠠᠴᠤ ᠷᠠᠪᠵᠠᠢ ᠬᠡᠳᠡᠭ ᠶᠠᠳᠠᠭᠤ ᠮᠠᠯᠴᠢᠨ ᠪᠠᠶᠢᠵᠠᠢ᠃ ᠮᠠᠯᠴᠢᠨ ᠷᠠᠪᠵᠠᠢ ᠪᠤᠯ ︽ᠡᠷᠳᠡᠨᠢ ᠶᠢᠨ ᠲᠤᠪᠴᠢ︾ ᠶᠢ ᠵᠤᠬᠢᠶᠠᠭᠰᠠᠨ ᠮᠤᠩᠭᠤᠯ ᠤᠨ ᠲᠡᠤᠬᠡᠴᠢᠨ ᠰᠠᠨᠠᠩ ︵ᠰᠠᠭᠠᠡᠭ︶ ᠰᠡᠴᠡᠨ ᠬᠤᠩ ᠲᠠᠶᠢᠵᠢ ᠶᠢᠨ ᠦᠷᠡᠰ ᠪᠤᠯᠬᠤ ᠪᠦᠭᠡᠳ ᠲᠤᠰ ᠬᠤᠰᠢᠭᠤᠨ ᠤ ᠬᠦᠩ ᠪᠠᠯᠵᠤᠤᠷ ᠤᠨ ᠮᠠᠯ ᠰᠦᠷᠦᠭ ᠢ ᠠᠳᠤᠭᠤᠯᠠᠵᠤ ᠠᠮᠢ ᠵᠢᠭᠤᠵᠤ ᠪᠠᠶᠢᠭᠰᠠᠨ ᠲᠤᠯᠠ ᠬᠡᠰᠢᠭᠪᠡᠳᠤ ᠴᠦ ᠬᠤᠷᠢᠭᠠᠳ ᠨᠠᠰᠤᠨ ᠠᠴᠠ ᠪᠠᠨ ᠮᠦᠨ ᠪᠠᠯᠵᠤᠤᠷ ᠬᠦᠩ ᠤᠨ ᠲᠤᠤᠷ᠎ᠠ ᠵᠠᠷᠤᠴᠠᠯᠠᠭᠳᠠᠵᠤ᠂ ᠪᠢᠴᠢᠭᠡᠴᠢ ᠶᠢᠨ ᠠᠵᠢᠯ ᠢ ᠬᠢᠬᠦ ᠪᠤᠯᠵᠠᠢ᠃        ᠬᠡᠰᠢᠭᠪᠡᠳᠤ ᠠᠷᠪᠠᠨ ᠬᠡᠳᠤᠨ ᠨᠠᠰᠤᠨ ᠠᠴᠠ ᠪᠠᠨ ᠡᠬᠢᠯᠡᠵᠤ ᠬᠦᠳᠡᠭᠡ ᠶᠢᠨ ᠪᠠᠭᠰᠢ ᠠᠴᠠ ᠮᠤᠩᠭᠤᠯ ᠪᠢᠴᠢᠭ ᠰᠤᠷᠤᠭᠰᠠᠨ ᠪᠠ ᠲᠡᠭᠦᠨ ᠠᠴᠠ ᠬᠤᠶᠢᠰᠢ ᠮᠤᠩᠭᠤᠯ ᠰᠢᠯᠦᠭ ᠵᠤᠬᠢᠶᠠᠯ ᠢ ᠮᠠᠰᠢ ᠰᠤᠨᠢᠷᠬᠠᠨ ᠤᠩᠰᠢᠵᠤ ᠪᠠᠶᠢᠭᠰᠠᠨ ᠪᠦᠭᠡᠳ ᠬᠢᠳᠠᠳ ᠲᠦᠪᠡᠳ ᠪᠢᠴᠢᠭ ᠢ ᠴᠦ ᠪᠠᠭ᠎ᠠ ᠰᠠᠭ᠎ᠠ ᠲᠦᠰᠦᠭᠡᠯᠡᠳᠡᠭ ᠪᠠᠶᠢᠵᠠᠢ᠃        ᠤᠷᠳᠤᠰ ᠨᠤᠳᠤᠭ ᠪᠤᠯ ᠠᠷᠠᠳ ᠤᠨ ᠳᠠᠭᠤᠤ ᠪᠠᠷ ᠠᠰᠣᠷᠤ ᠡᠯᠪᠡᠭ ᠤᠷᠤᠨ ᠲᠤᠯᠠ ᠬᠡᠰᠢᠭᠪᠡᠳᠤ ᠡᠨᠡᠬᠦ ᠤᠯᠠᠮᠵᠢᠯᠠᠯ ᠢ ᠵᠠᠯᠭᠠᠮᠵᠢᠯᠠᠵᠤ ᠵᠠᠯᠠᠭᠤ ᠴᠠᠭ ᠠᠴᠠ ᠪᠠᠨ ᠡᠬᠢᠯᠡᠭᠡᠳ ᠳᠠᠭᠤᠤ ᠰᠢᠯᠦᠭ ᠤᠯᠠᠨ ᠵᠤᠬᠢᠶᠠᠵᠠᠢ᠃        ᠬᠡᠰᠢᠭᠪᠡᠳᠤ ᠶᠢᠨ ᠠᠮᠢᠳᠤᠷᠠᠵᠤ ᠪᠠᠶᠢᠭᠰᠠᠨ ᠵᠠᠯᠠᠭᠤ ᠨᠠᠰᠤᠨ ᠤ ᠴᠠᠭ ᠦᠶ᠎ᠡ ᠳᠤ ᠲᠤᠳᠤᠷ᠎ᠠ ᠭᠠᠵᠠᠷ ᠲᠤ ᠴᠢᠩ ᠣᠯᠣᠰ ᠤᠨ ᠨᠤᠶᠠᠷᠬᠠᠯ ᠢ ᠡᠰᠡᠷᠭᠦᠴᠡᠭᠰᠡᠨ ᠲᠠᠢ ᠫᠢᠩ ᠲᠢᠶᠠᠨ ᠬᠦᠸᠧ ᠶᠢᠨ ᠬᠦᠳᠡᠯᠭᠡᠭᠡᠨ ᠦᠷᠨᠢᠵᠤ ᠪᠠᠶᠢᠭᠰᠠᠨ ᠪᠦᠭᠡᠳ ᠲᠡᠭᠦᠨ ᠤ ᠨᠦᠯᠦᠭᠡ ᠪᠠᠷ ᠦᠪᠦᠷ ᠮᠤᠩᠭᠤᠯ ᠳᠤ ᠴᠦ ᠠᠷᠠᠳ ᠤᠨ ᠪᠤᠰᠤᠯᠭ᠎ᠠ ᠭᠠᠷᠴᠤ ᠹᠸᠤᠳᠠᠯ ᠸᠠᠩ ᠬᠦᠩ ᠤᠨ ᠨᠤᠶᠠᠷᠬᠠᠯ ᠢ ᠡᠰᠡᠷᠬᠦᠴᠡᠵᠤ ᠪᠠᠶᠢᠵᠠᠢ᠃ ᠢᠯᠠᠩᠭᠤᠶ᠎ᠠ ᠤᠷᠳᠤᠰ ᠤᠨ ᠠᠷᠠᠳ ᠲᠦᠮᠡᠨ 1858 ᠤᠨ ᠠᠴᠠ ᠡᠬᠢᠯᠡᠨ ᠹᠸᠤᠳᠠᠯ ᠤᠨ ᠬᠦᠨᠳᠤ ᠠᠯᠪᠠ ᠭᠤᠪᠴᠢᠭᠤᠷ ᠢ ᠡᠰᠡᠷᠬᠦᠴᠡᠭᠰᠡᠨ ᠳᠤᠭᠤᠶᠢᠯᠠᠩ ᠤᠨ ᠬᠦᠳᠡᠯᠭᠡᠭᠡᠨ ᠢ ᠤᠳᠠᠭ᠎ᠠ ᠳᠠᠷᠠᠭ᠎ᠠ ᠪᠠᠷ ᠦᠷᠨᠢᠭᠦᠯᠵᠤ ᠨᠤᠶᠠᠷᠬᠠᠭᠴᠢᠳ ᠲᠤ ᠳᠠᠷᠤᠩᠭᠤᠶᠢᠯᠠᠭᠳᠠᠵᠤ ᠪᠠᠶᠢᠭᠰᠠᠨ ᠤᠴᠢᠷ᠂ ᠬᠡᠰᠢᠭᠪᠡᠳᠤ ᠲᠤᠰ ᠬᠤᠰᠢᠭᠤᠨ ᠤ ᠳᠡᠳ᠋ ᠵᠡᠷᠭᠡ ᠶᠢᠨ ᠵᠠᠷᠭᠤᠴᠢ ᠶᠢᠨ ᠲᠤᠰᠢᠶᠠᠯ ᠳᠤ ᠪᠠᠶᠢᠬᠤ ᠳᠠᠭᠠᠨ ᠠᠷᠪᠠᠨ ᠬᠤᠶᠠᠷ ᠳᠤᠭᠤᠶᠢᠯᠠᠩ ᠤᠨ ᠬᠦᠳᠡᠯᠭᠡᠭᠡᠨ ᠳᠤ ᠬᠤᠯᠪᠤᠭᠳᠠᠵᠤ ᠠᠯᠪᠠᠨ ᠲᠤᠰᠢᠶᠠᠯ ᠠᠴᠠ ᠪᠠᠨ ᠬᠠᠰᠤᠭᠳᠠᠭᠰᠠᠨ ᠪᠠᠶᠢᠵᠠᠢ᠃        ᠲᠡᠭᠦᠨ ᠠᠴᠠ ᠬᠤᠶᠢᠰᠢ ᠬᠡᠰᠢᠭᠪᠡᠳᠤ ᠬᠦᠳᠡᠭᠡ ᠭᠡᠷ ᠲᠡᠭᠡᠨ ᠬᠠᠷᠢᠵᠤ ᠠᠳᠤᠭᠤ ᠮᠠᠯ ᠠᠳᠤᠭᠤᠯᠠᠨ᠂ ᠢᠳᠡᠰᠢᠨ ᠨᠤᠭᠤᠭ᠎ᠠ ᠳᠠᠷᠢᠵᠤ ᠡᠮ ᠪᠠᠷᠢᠨ ᠵᠤᠬᠢᠶᠠᠯ ᠪᠢᠴᠢᠵᠤ ᠠᠮᠢᠳᠤᠷᠠᠵᠤ ᠪᠠᠶᠢᠵᠠᠢ᠃ ᠭᠡᠰᠢᠭᠪᠡᠳᠤ ᠡᠶᠢᠮᠦᠷᠬᠦ ᠠᠮᠢᠳᠤᠷᠠᠯ ᠢᠶᠠᠨ ᠦᠷᠭᠦᠯᠵᠢᠯᠡᠬᠦᠯᠵᠤ ᠵᠢᠷᠠᠨ ᠳᠠᠪᠤᠲᠠᠢ ᠳᠠᠭᠠᠨ ᠨᠠᠰᠤ ᠪᠠᠷᠠᠵᠠᠢ᠃        ᠬᠡᠰᠢᠭᠪᠡᠳᠤ ᠪᠤᠯ ᠠᠷᠠᠳᠴᠢᠯᠠᠭᠰᠠᠨ ᠦᠵᠡᠯ ᠲᠠᠢ᠂ ᠰᠢᠬᠦᠮᠵᠢᠯᠡᠯᠳᠤ ᠠᠬᠤᠶᠢᠴᠢ ᠦᠵᠡᠯ ᠤᠨ ᠰᠢᠯᠦᠭᠴᠢ ᠮᠦᠨ᠃ ᠲᠡᠷᠡ᠂ ᠴᠢᠩ ᠤᠯᠤᠰ ᠤᠨ ᠨᠤᠶᠠᠷᠬᠠᠯ ᠲᠤᠤᠷᠠᠬᠢ ᠮᠤᠩᠭᠤᠯ ᠤᠨ ᠨᠡᠶᠢᠭᠡᠮ ᠤᠨ ᠦᠵᠡᠭᠳᠡᠯ ᠪᠠᠶᠢᠳᠠᠯ ᠢ ᠢᠯᠡᠴᠢᠯᠡᠨ ᠰᠢᠬᠦᠮᠵᠢᠯᠡᠵᠤ ᠪᠠᠶᠢᠭᠰᠠᠨ ᠪᠦᠭᠡᠳ ᠠᠷᠠᠳ ᠲᠦᠮᠡᠨ ᠤ ᠬᠤᠪᠢᠰᠬᠠᠯᠳᠤ ᠬᠦᠳᠡᠯᠭᠡᠭᠡᠨ ᠢ ᠡᠷᠡᠰ ᠳᠠᠮᠵᠢᠵᠤ ᠪᠠᠶᠢᠭᠰᠠᠨ ᠪᠠᠶᠢᠨ᠎ᠠ᠃ ᠭᠡᠰᠢᠭᠪᠡᠳᠤ ᠪᠤᠯ ᠮᠠᠨ ᠤ ᠦᠨᠳᠤᠰᠤᠳᠡᠨ ᠤ ᠤᠷᠴᠢᠨ ᠴᠠᠭ ᠤᠨ ᠤᠷᠠᠨ ᠵᠤᠬᠢᠶᠠᠯᠴᠢᠳ ᠤᠨ ᠳᠤᠳᠤᠷ᠎ᠠ ᠠᠷᠠᠳ ᠲᠦᠮᠡᠨ ᠤ ᠹᠸᠤᠳᠠᠯ ᠢ ᠡᠰᠡᠷᠬᠦᠴᠡᠭᠰᠡᠨ ᠬᠤᠪᠢᠰᠬᠠᠯᠳᠤ ᠬᠦᠳᠡᠯᠭᠡᠭᠡᠨ ᠳᠤ ᠳᠡᠮᠵᠢᠯᠭᠡ ᠦᠵᠡᠬᠦᠯᠦᠭᠰᠡᠨ ᠲᠠᠯ᠎ᠠ ᠪᠠᠷ ᠴᠤᠷ ᠤᠨ ᠭᠠᠭᠴᠠ ᠰᠢᠯᠦᠭᠴᠢ ᠮᠦᠨ᠃ ᠡᠨᠡ ᠨᠢ ᠳᠡᠭᠦᠨ ᠤ ᠶᠠᠳᠠᠭᠤ ᠭᠡᠷ ᠤᠨ ᠭᠠᠷᠤᠯ ᠲᠠᠢ ᠨᠢ ᠰᠢᠭᠤᠳ ᠬᠤᠯᠪᠤᠭᠳᠠᠬᠤ ᠪᠠᠷ ᠦᠯᠦ ᠪᠠᠷᠠᠨ ᠡᠷᠬᠡ ᠳᠡᠭᠰᠢ᠂ ᠠᠷᠠᠳᠴᠢᠯᠠᠭᠰᠠᠨ ᠦᠵᠡᠯ ᠤᠨ ᠪᠤᠳᠤᠯ ᠰᠠᠨᠠᠭ᠎ᠠ ᠲᠠᠢ ᠨᠢ ᠴᠦ ᠬᠤᠯᠪᠤᠭ᠎ᠠ ᠲᠠᠢ ᠶᠤᠮ᠃        ᠬᠡᠰᠢᠭᠪᠡᠳᠤ ᠶᠢᠨ ᠰᠢᠯᠦᠭ ᠨᠢ ᠤᠯᠤᠰ ᠲᠦᠷᠤ ᠦᠵᠡᠯ ᠰᠠᠨᠠᠭᠠᠨ ᠤ ᠲᠠᠯ᠎ᠠ ᠪᠠᠷ ᠵᠤᠬᠢᠬᠤ ᠦᠨᠳᠦᠷ ᠬᠡᠮᠵᠢᠶᠡᠨ ᠳᠤ ᠬᠦᠷᠦᠭᠰᠡᠨ ᠢᠶᠠᠷ ᠪᠠᠷᠠᠬᠤ ᠦᠭᠡᠢ᠂ ᠤᠷᠠᠯᠢᠭ ᠤᠨ ᠲᠠᠯ᠎ᠠ ᠪᠠᠷ ᠴᠦ ᠵᠤᠬᠢᠬᠤ ᠠᠮᠵᠢᠯᠳᠠ ᠲᠠᠢ ᠦᠪᠡᠷᠮᠢᠴᠡ ᠤᠨᠴᠠᠯᠢᠭ ᠲᠠᠢ ᠰᠢᠯᠦᠭ ᠪᠤᠯᠬᠤ ᠶᠤᠮ᠃ ᠲᠡᠭᠦᠨ ᠤ ᠰᠢᠯᠦᠭ ᠨᠢ ᠤᠷᠳᠤᠰ ᠠᠷᠠᠳ ᠤᠨ ᠲᠠᠭᠤᠤ ᠶᠢᠨ ᠭᠤᠶᠢᠳᠠ ᠰᠠᠶᠢᠬᠠᠨ ᠤᠨᠴᠠᠯᠢᠭ ᠰᠢᠨᠵᠢ ᠶᠢ ᠰᠢᠩᠭᠡᠭᠡᠭᠰᠡᠨ ᠪᠦᠭᠡᠳ ᠨᠤᠳᠤᠭ ᠤᠨ ᠠᠷᠠᠳ ᠤᠨ ᠬᠡᠯᠡᠯᠭᠡ ᠪᠠᠷ ᠠᠭᠰᠢᠭᠤᠨ᠂ ᠬᠦᠨ ᠤᠬᠠᠭᠠᠨᠴᠢ ᠴᠢᠨᠠᠷ ᠢᠶᠠᠷ ᠴᠢᠩᠭ᠎ᠠ᠂ ᠢᠷᠦᠭᠡᠯ ᠬᠤᠯᠪᠤᠭ᠎ᠠ ᠶᠢᠨ ᠬᠡᠯᠪᠡᠷᠢ ᠶᠢ ᠠᠮᠢᠳᠤᠯᠢᠭ ᠢᠶᠠᠷ ᠠᠰᠢᠭᠯᠠᠭᠰᠠᠨ ᠦᠪᠡᠷᠮᠢᠴᠡ ᠤᠨᠴᠠᠯᠢᠭ ᠲᠠᠢ ᠰᠢᠯᠦᠭ ᠪᠤᠯᠤᠨ᠎ᠠ᠃ ᠭᠡᠰᠢᠭᠪᠡᠳᠤ ᠤᠷᠠᠨ ᠵᠤᠬᠢᠶᠠᠯ ᠤᠨ ᠬᠤᠷᠢᠶᠠᠩᠭᠤᠢ ᠨᠠᠶᠢᠷᠠᠭᠤᠯᠤᠯ ᠪᠠ ᠭᠡᠤᠭᠡᠳ ᠤᠨ ᠤᠡᠭᠰᠢᠬᠤ ᠪᠢᠴᠢᠭ᠂ ︽ᠬᠦᠶᠤᠭᠡᠨ ᠤᠳᠬ᠎ᠠ ᠶᠢᠨ ᠲᠤᠯᠢ︾ ᠵᠡᠷᠭᠡ ᠶᠢ ᠴᠦ ᠨᠠᠶᠢᠷᠠᠭᠤᠯᠤᠬᠰᠠᠨ ᠶᠤᠮ᠃
 
ᠢᠷᠡᠯᠲᠡ᠄ ᠤᠷᠳᠤᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号