ᠡᠷᠳᠡᠨ ᠡᠳᠦᠭᠡ ᠶᠢᠨ ᠮᠤᠩᠭᠤᠯ ᠵᠤᠬᠢᠶᠠᠯᠴᠢᠳ — ᠢᠰᠢᠳᠠᠨᠽᠠᠨᠸᠠᠩᠵᠢᠯ
ᠨᠡᠶᠢᠲᠡᠯᠡᠭᠰᠡᠨ ᠴᠠᠭ᠄
2018-04-08
       ᠳ᠋ᠠᠨᠽᠠᠨᠸᠠᠩᠵᠢᠯ ︵1854 ᠤᠨ — 1907 ᠤᠨ︶ ᠤᠨ ᠴᠤᠬᠤᠮ ᠨᠡᠷ᠎ᠡ ᠨᠢ ᠢᠰᠢᠳᠠᠨᠽᠠᠨᠸᠠᠩᠵᠢᠯ ᠭᠡᠳᠡᠭ ᠪᠦᠭᠡᠳ ᠲᠤᠬᠠᠢ ᠶᠢᠨ ᠦᠶ᠎ᠡ ᠶᠢᠨ ᠴᠠᠬᠠᠷ ᠤᠨ ᠬᠦᠪᠡᠭᠡᠳᠤ ᠴᠠᠭᠠᠨ ᠬᠤᠰᠢᠭᠤᠨ ᠤ ᠲᠦᠭᠦᠷᠡᠩ ᠤᠪᠤᠭ᠎ᠠ ᠭᠡᠳᠡᠭ ᠭᠠᠵᠠᠷ ᠲᠤ ᠠᠮᠪᠠᠨ ᠨᠠᠮᠵᠢᠯᠳᠤᠷᠵᠢ ᠶᠢᠨ ᠭᠡᠷ ᠲᠤ ᠲᠦᠷᠦᠵᠤ᠂ ᠳᠤᠯᠤᠭᠠᠨ ᠨᠠᠰᠤᠲᠠᠢ ᠳᠠᠭᠠᠨ ᠤᠷᠳᠤᠰ ᠤᠨ ᠵᠢᠶᠦ᠋ᠨ ᠸᠠᠩ ᠬᠤᠰᠢᠭᠤᠨ ᠤ ᠬᠦᠩ ᠤᠨ ᠵᠤᠤ ᠳᠤ ᠱᠠᠪᠷᠤᠩ ᠢᠶᠠᠷ ᠵᠠᠯᠠᠭᠳᠠᠵᠤ᠂ ᠠᠷᠪᠠᠨ ᠲᠠᠪᠤᠨ ᠨᠠᠰᠤ ᠬᠦᠷᠳᠡᠯ᠎ᠡ ᠮᠤᠩᠭᠤᠯ ᠲᠦᠪᠡᠳ ᠨᠤᠮ ᠪᠢᠴᠢᠭ ᠢ ᠰᠤᠷᠴᠤ ᠪᠠᠶᠢᠵᠠᠢ᠃ ᠲᠡᠷᠡ᠂ ᠪᠠᠭ᠎ᠠ ᠠᠴᠠ ᠪᠠᠨ ᠰᠡᠴᠡᠨ ᠰᠡᠷᠬᠦᠯᠡᠩ ᠮᠦᠷᠳᠡᠭᠡᠨ ᠰᠤᠷᠤᠯᠭ᠎ᠠ ᠳᠠᠭᠠᠨ ᠴᠢᠷᠮᠠᠶᠢᠯᠳᠠ ᠲᠠᠢ ᠬᠢᠴᠢᠶᠡᠩᠬᠦᠢ ᠪᠤᠯᠬᠤᠷ ᠠᠷᠪᠠᠨ ᠲᠠᠪᠤᠨ ᠨᠠᠰᠤᠨ ᠠᠴᠠ ᠪᠠᠨ ᠰᠢᠯᠦᠭ ᠵᠤᠬᠢᠶᠠᠵᠤ ᠡᠬᠢᠯᠡᠵᠡᠢ᠃        ᠶᠠᠭ ᠡᠨᠡ ᠦᠶ᠎ᠡ ᠳᠤ᠂ 1868 ᠤᠨ ᠤ ᠲᠠᠪᠤᠨ ᠰᠠᠷ᠎ᠠ ᠳᠤ ᠬᠤᠳᠤᠩ ᠤᠨ ᠦᠢᠮᠡᠭᠡᠨ ᠳᠤ ᠬᠦᠩ ᠤᠨ ᠵᠤᠤ ᠭᠠᠯᠳᠠᠭᠳᠠᠭᠰᠠᠨ ᠲᠤᠯᠠ ᠢᠰᠢᠳᠠᠨᠽᠠᠨᠸᠠᠩᠵᠢᠯ ᠠᠷᠭ᠎ᠠ ᠪᠤᠰᠤ ᠤᠭ ᠨᠤᠳᠤᠭ ᠴᠠᠬᠠᠷ ᠲᠠᠭᠠᠨ ᠪᠤᠴᠠᠵᠤ ᠭᠡᠳᠤᠨ ᠵᠢᠯ ᠪᠤᠯᠤᠭᠠᠳ ᠳᠠᠷᠠᠭ᠎ᠠ ᠨᠢ ᠮᠦᠨ ᠤᠷᠳᠤᠰ ᠲᠤ ᠤᠴᠢᠵᠤ ᠤᠤᠯ ᠰᠦᠮ᠎ᠡ ᠪᠠᠨ ᠰᠡᠯᠪᠢᠨ ᠵᠠᠰᠠᠵᠤ ᠰᠠᠭᠤᠵᠠᠢ᠃        ᠭᠤᠴᠢᠨ ᠬᠡᠳᠤᠨ ᠨᠠᠰᠤᠨ ᠠᠴᠠ ᠪᠠᠨ ᠡᠬᠢᠯᠡᠵᠤ ᠤᠷᠳᠤᠰ ᠤᠨ ᠲᠤᠯᠤᠭᠠᠨ ᠬᠤᠰᠢᠭᠤ᠂ ᠰᠢᠯᠢ ᠶᠢᠨ ᠭᠤᠤᠯ ᠂ ᠴᠠᠬᠠᠷ ᠤᠨ ᠤᠯᠠᠨ ᠬᠤᠰᠢᠭᠤᠳ ᠢᠶᠠᠷ ᠮᠦᠷᠬᠦᠯ ᠲᠠᠯᠪᠢᠨ ᠡᠮ ᠪᠠᠷᠢᠵᠤ ᠬᠡᠰᠤᠨ ᠲᠤᠭᠤᠷᠢᠵᠠᠢ᠃ ᠲᠡᠷᠡ᠂ ᠲᠦᠪᠡᠳ ᠤᠨ ︽ᠳᠦᠷᠪᠡᠨ ᠦᠨᠳᠤᠰᠤ︾ ᠬᠡᠳᠡᠭ ᠡᠮ ᠤᠨ ᠵᠤᠷ ᠢ ᠰᠢᠨᠡᠴᠢᠯᠡᠵᠤ ᠮᠣᠩᠭᠤᠯ ᠭᠠᠵᠠᠷ ᠤᠨ ᠬᠦᠮᠦᠰ ᠤᠨ ᠪᠡᠶ᠎ᠡ ᠮᠠᠬᠠᠪᠤᠳ ᠲᠤ ᠲᠤᠬᠢᠷᠠᠭᠤᠯᠤᠨ ︽ᠰᠤᠪᠤᠳ ᠤᠨ ᠤᠨᠵᠢᠯᠭ᠎ᠠ︾᠂ ︽ᠱᠢᠷᠤ ᠶᠢᠨ ᠤᠨᠵᠢᠯᠭ᠎ᠠ︾᠂ ︽ᠡᠷᠳᠡᠨᠢ ᠶᠢᠨ ᠤᠨᠵᠢᠯᠭ᠎ᠠ︾ ᠭᠡᠬᠦ ᠭᠤᠷᠪᠠᠨ ᠵᠦᠢᠯ ᠤᠨ ᠡᠮ ᠤᠨ ᠰᠢᠨ᠎ᠡ ᠵᠤᠷ ᠢ ᠲᠦᠪᠡᠳ ᠬᠡᠯᠡ ᠪᠠᠷ ᠵᠤᠬᠢᠶᠠᠵᠤ ᠡᠮ ᠪᠠᠷᠢᠵᠤ ᠪᠠᠶᠢᠭᠰᠠᠨ ᠪᠦᠭᠡᠳ ᠲᠡᠭᠦᠨ ᠤ ᠡᠨᠡᠬᠦ ᠡᠮ ᠤᠨ ᠵᠤᠷ ᠢ ᠤᠷᠳᠤᠰ᠂ ᠰᠢᠯᠢ ᠶᠢᠨ ᠭᠤᠤᠯ ᠵᠡᠷᠭᠡ ᠭᠠᠵᠠᠷ ᠲᠤ ᠬᠤᠵᠢᠮ ᠨᠢ ᠴᠦ ᠬᠡᠷᠡᠭᠯᠡᠵᠤ ᠪᠠᠶᠢᠵᠠᠢ᠃        ᠢᠰᠢᠳᠠᠨᠽᠠᠨᠸᠠᠩᠵᠢᠯ ᠳᠦᠴᠢᠨ ᠭᠡᠳᠤᠨ ᠨᠠᠰᠣᠨ ᠳᠠᠭᠠᠨ ᠠᠷᠤ ᠮᠤᠩᠭᠤᠯ ᠤᠨ ᠶᠡᠭᠡ ᠬᠦᠷᠢᠶᠡᠨ ︵ᠤᠯᠠᠭᠠᠨᠪᠠᠭᠠᠳᠤᠷ︶ ᠳᠤ ᠬᠦᠷᠴᠤ ᠬᠡᠳᠤᠨ ᠵᠢᠯ ᠢᠶᠠᠷ ᠰᠠᠭᠤᠵᠤ ᠪᠠᠶᠢᠭᠰᠠᠨ ᠪᠠ 1903 ᠤᠨ ᠳᠤ ᠰᠢᠯᠢ ᠶᠢᠨ ᠭᠤᠤᠯ ᠤᠨ ᠰᠦᠨᠢᠳ ᠵᠡᠭᠦᠨ ᠬᠤᠰᠢᠭᠤᠨ ᠳᠤ ᠤᠴᠢᠵᠤ᠂ 1905 ᠤᠨ ᠳᠤ ᠰᠢᠯᠢ ᠶᠢᠨ ᠭᠤᠤᠯ ᠠᠴᠠ ᠰᠦᠮ᠎ᠡ ᠳᠡᠭᠡᠨ ᠬᠠᠷᠢᠵᠤ᠂ ᠬᠤᠶᠠᠷ ᠵᠢᠯ ᠤᠨ ᠬᠢᠨᠢ ᠳᠠᠷᠠᠭ᠎ᠠ᠂ 1907 ᠤᠨ ᠳᠤ ᠲᠠᠪᠢᠨ ᠳᠦᠷᠪᠡᠲᠠᠢ ᠨᠠᠰᠤ ᠪᠠᠷᠠᠵᠠᠢ᠃        ᠢᠰᠢᠳᠠᠨᠽᠠᠨᠸᠠᠩᠵᠢᠯ ᠢᠩᠬᠢᠵᠤ ᠤᠯᠠᠨ ᠭᠠᠵᠠᠷ ᠢᠶᠠᠷ ᠲᠤᠭᠤᠷᠢᠨ ᠵᠢᠭᠤᠯᠴᠢᠯᠠᠵᠤ ᠶᠠᠪᠤᠬᠤ ᠳᠠᠭᠠᠨ ᠲᠡᠷᠡ ᠦᠶ᠎ᠡ ᠶᠢᠨ ᠮᠤᠩᠭᠤᠯ ᠤᠨ ᠠᠷᠠᠳ ᠲᠦᠮᠡᠨ ᠤ ᠳᠠᠷᠤᠯᠠᠭᠳᠠᠨ ᠮᠦᠯᠵᠢᠭᠳᠡᠵᠤ ᠦᠭᠡᠶᠢᠷᠡᠨ ᠶᠠᠳᠠᠭᠤᠷᠠᠭᠰᠠᠨ ᠪᠠᠶᠢᠳᠠᠯ ᠪᠠ ᠬᠠᠷ᠎ᠠ ᠰᠢᠷ᠎ᠠ ᠹᠸᠤᠳᠠᠯ ᠳᠤ ᠲᠤᠷ᠎ᠠ ᠦᠭᠡᠶᠢᠴᠡᠵᠤ ᠲᠡᠳᠡᠨ ᠢ ᠡᠰᠡᠷᠭᠦᠴᠡᠵᠤ ᠪᠠᠶᠢᠭᠰᠠᠨ ᠪᠠᠶᠢᠳᠠᠯ᠂ ᠲᠡᠬᠦᠨᠴᠢᠯᠡᠨ ᠹᠸᠤᠳᠠᠯ ᠸᠠᠩ ᠬᠦᠩ ᠤᠨ ᠬᠠᠷᠬᠢᠰ ᠬᠡᠷᠴᠡᠭᠡᠢ᠂ ᠢᠯᠵᠠᠷᠠᠵᠤ ᠳᠤᠷᠦ᠋ᠢᠳᠠᠭᠰᠠᠨ ᠰᠢᠨᠵᠢ ᠲᠦᠷᠢ ᠶᠢ ᠨᠢᠳᠤ ᠪᠠᠷ ᠶᠢᠨ ᠦᠵᠡᠵᠤ ᠴᠢᠬᠢ ᠪᠠᠷ ᠢᠶᠠᠨ ᠰᠤᠨᠤᠰᠴᠠᠢ᠃ ᠪᠠᠰᠠ ᠶᠡᠬᠡᠰ ᠯᠠᠮᠠ ᠨᠠᠷ ᠮᠦᠨ ᠹᠸᠤᠳᠠᠯ ᠤᠨ ᠬᠠᠮᠳᠤ ᠠᠷᠠᠳ ᠲᠦᠮᠡᠨ ᠢ ᠬᠢᠬᠠᠨ ᠮᠦᠯᠵᠢᠵᠤ ᠬᠤᠳᠠᠯ ᠬᠠᠭᠤᠷᠮᠠᠭ ᠱᠤ ᠲᠦᠯᠭᠡ ᠬᠠᠶᠠᠵᠤ ᠬᠦᠮᠦᠰ ᠢ ᠦᠵᠡᠯ ᠰᠠᠨᠠᠭᠠᠨ ᠤ ᠲᠠᠯ᠎ᠠ ᠪᠠᠷ ᠮᠤᠩᠬᠠᠷᠠᠭᠤᠯᠵᠤ ᠪᠠᠶᠢᠭᠰᠠᠨ ᠢ ᠴᠦ ᠦᠵᠡᠵᠤ ᠮᠡᠳᠡᠭᠰᠡᠨ ᠪᠠᠶᠢᠨ᠎ᠠ᠃ ᠲᠡᠷᠡ ᠦᠶ᠎ᠡ ᠶᠢᠨ ᠨᠡᠶᠢᠭᠡᠮ ᠤᠨ ᠪᠠᠶᠢᠳᠠᠯ᠂ ᠠᠩᠬᠢ ᠶᠢᠨ ᠵᠦᠷᠢᠴᠡᠯ ᠡᠨᠡ ᠮᠡᠳᠤ ᠪᠠᠷ ᠲᠡᠭᠦᠨ ᠤ ᠤᠶᠤᠨ ᠤᠬᠠᠭᠠᠨ ᠳᠤ ᠲᠤᠰᠬᠠᠭᠳᠠᠵᠤ ᠪᠠᠶᠢᠭᠰᠠᠨ ᠪᠤᠯᠬᠤᠷ ᠡᠴᠤᠰ ᠲᠡᠭᠡᠨ ᠰᠢᠯᠦᠭ ᠵᠤᠬᠢᠶᠠᠯ ᠳᠤ ᠨᠢ ᠪᠠᠶᠢᠷᠢ ᠪᠠᠨ ᠤᠯᠵᠠᠢ᠃        ᠢᠰᠢᠳᠠᠨᠽᠠᠨᠸᠠᠩᠵᠢᠯ ᠤᠨ ᠰᠢᠯᠦᠭ ᠤᠳ ᠠᠴᠠ ᠤᠯᠠᠨ ᠳᠤ ᠳᠡᠯᠭᠡᠷᠡᠭᠰᠡᠨ ᠨᠢ ᠲᠠᠪᠤᠨ ᠪᠦᠯᠦᠭ ᠲᠠᠢ ᠨᠠᠶᠠᠨ ᠲᠦᠷᠪᠡᠨ ᠰᠢᠯᠦᠭ ᠪᠠ ᠲᠤᠯᠤᠭᠠᠨ ᠪᠦᠯᠦᠭ ᠲᠠᠢ ᠨᠢ ᠨᠡᠶᠢᠳᠡ ᠵᠠᠭᠤ ᠭᠤᠴᠢᠨ ᠬᠤᠶᠠᠷ ᠰᠢᠯᠦᠭ ᠪᠤᠢ᠃ ᠪᠦᠯᠦᠭ ᠪᠦᠷᠢ ᠨᠢ ᠦᠨᠳᠤᠰᠤᠨ ᠳᠡᠭᠡᠨ ᠴᠦᠮ ᠨᠢᠭᠡᠨ ᠭᠤᠤᠯ ᠦᠵᠡᠯ ᠰᠠᠨᠠᠭ᠎ᠠ ᠶᠢ ᠢᠯᠡᠳᠭᠡᠵᠤ ᠪᠠᠶᠢᠳᠠᠭ᠃ ᠢᠰᠢᠳᠠᠨᠽᠠᠨᠸᠠᠩᠵᠢᠯ ᠤᠨ ᠰᠢᠯᠦᠭ ᠨᠢ ᠹᠸᠤᠳᠠᠯ ᠢ ᠢᠯᠡᠴᠢᠯᠡᠨ ᠰᠢᠬᠦᠮᠵᠢᠯᠡᠭᠰᠡᠨ ᠠᠷᠠᠳᠴᠢᠯᠠᠬᠰᠠᠨ ᠴᠢᠨᠠᠷᠳᠠᠢ ᠪᠠᠷ ᠪᠠᠷᠠᠬᠤ ᠦᠭᠡᠢ ᠤᠷᠠᠯᠢᠭ ᠤᠨ ᠲᠠᠯ᠎ᠠ ᠪᠠᠷ ᠴᠦ ᠨᠡᠯᠢᠶᠡᠳ ᠠᠮᠵᠢᠯᠳᠠ ᠲᠠᠢ ᠶᠤᠮ᠃ ᠲᠡᠬᠦᠨ ᠤ ᠰᠢᠯᠦᠭ ᠪᠤᠯ ︽ᠴᠤᠬᠢᠯᠭ᠎ᠠ ᠶᠢ ᠬᠤᠭᠤᠷ ᠱᠠᠨᠵᠠ ᠵᠡᠷᠭᠡ ᠬᠦᠭᠵᠢᠮ ᠤᠨ ᠠᠶᠢᠵᠠᠮ ᠢᠶᠠᠷ ᠪᠤᠶᠤ ᠲᠡᠮᠡᠭᠡᠨ ᠤ ᠠᠯᠬᠤᠭ᠎ᠠ ᠪᠠᠷ ᠲᠠᠭᠠᠷᠠᠭᠤᠯᠳᠠᠭ︾ ᠪᠠᠶᠢᠬᠰᠠᠨ ᠲᠤᠯᠠ ᠠᠶᠢᠵᠠᠮ ᠴᠤᠬᠢᠯᠭ᠎ᠠ ᠨᠢ ᠴᠢᠩᠭ᠎ᠠ᠂ ᠦᠭᠡ ᠭᠡᠯᠡᠯᠭᠡ ᠨᠢ ᠢᠷᠠᠭᠤ᠂ ᠤᠡᠭᠰᠢᠬᠤ ᠳᠤ ᠡᠪᠯᠢᠭ ᠪᠠᠶᠢᠳᠠᠭ ᠮᠦᠷᠳᠡᠭᠡᠨ ᠤᠷᠠᠨ ᠲᠤᠳᠤ ᠲᠦᠷᠰᠤᠯᠡᠯ ᠲᠠᠢ᠂ ᠠᠶᠠᠳᠠᠢ ᠰᠠᠶᠢᠬᠠᠨ ᠠᠳᠠᠯᠢᠳᠬᠠᠯ ᠵᠦᠢᠷᠯᠡᠯ ᠲᠠᠢ᠂ ᠬᠦᠨ ᠤᠬᠠᠭᠠᠨᠴᠢ ᠴᠢᠨᠠᠷ ᠢᠶᠠᠷ ᠶᠡᠭᠡ ᠭᠡᠬᠦ ᠵᠡᠷᠭᠡ ᠶᠢᠨ ᠦᠪᠡᠷᠮᠢᠴᠡ ᠤᠨᠴᠠᠯᠢᠭ ᠲᠠᠢ ᠶᠤᠮ᠃
 
ᠢᠷᠡᠯᠲᠡ᠄ ᠤᠷᠳᠤᠰ ᠬᠤᠲᠠ ᠶᠢᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号