| ᠤᠯᠠᠭᠠᠨᠬᠠᠳᠠ ᠬᠤᠲᠠ ᠶᠢᠨ ᠠᠷᠤ ᠬᠤᠷᠴᠢᠨ ᠬᠤᠰᠢᠭᠤᠨ ᠤ ᠬᠠᠨᠰᠦ᠋ᠮ᠎ᠡ ᠰᠤᠮᠤ ᠶᠢᠨ ᠬᠢᠵᠠᠭᠠᠷ | ᠬᠡᠴᠡ ᠳᠠᠬᠢ ᠠᠪᠠᠭ᠎ᠠ ᠬᠠᠷ᠎ᠠ ᠬᠠᠨ ᠠᠭᠤᠯᠠ ᠶᠢᠨ ᠦᠪᠦᠷ ᠲᠤ ᠡᠷᠲᠡᠨ ᠤ ᠴᠠᠭᠠᠨᠬᠤᠲᠠ ᠶᠢᠨ ᠪᠠᠭᠤᠷᠢ ᠪᠠᠶᠢᠳᠠᠭ᠃ | ᠠᠷᠤ ᠬᠤᠷᠴᠢᠨᠴᠤᠳ ᠠᠳᠡᠬᠢ ᠬᠤᠲᠠ ᠶᠢ ︽ᠢᠯᠳᠦᠨ ᠬᠤᠳᠤᠭᠲᠤ ᠬᠠᠭᠠᠨ ᠤ ᠴᠠᠭᠠᠨᠬᠤᠲᠠ︾ ᠭᠡᠳᠡᠭ᠃ ᠢᠯᠳᠤᠨ | ᠬᠤᠳᠤᠭᠲᠤ ᠬᠠᠭᠠᠨ ᠪᠤᠯ ᠳᠠᠷᠤᠢ ᠯᠢᠭᠳᠡᠨ ᠬᠤᠳᠤᠭᠲᠤ ᠬᠠᠭᠠᠨ ︵1592-1634 ᠤᠨ︶ ᠪᠠᠶᠢᠵᠤ᠂ ︽ | ᠢᠯᠳᠦᠨ︾ ᠪᠤᠯ ︽ᠯᠢᠭᠳᠡᠨ︾ ᠤ ᠠᠳᠡᠭᠦᠦ ᠳᠠᠭᠤᠳᠠᠯᠭ᠎ᠠ ᠪᠤᠯᠤᠨ᠎ᠠ᠃ | ᠳᠠᠷᠠᠶᠢᠰᠦᠨ ᠬᠦᠳᠡᠩ ᠬᠠᠭᠠᠨ ᠤ ᠳᠠᠷᠠᠭ᠎ᠠ᠂ ᠲᠡᠭᠦᠨ ᠤ ᠠᠬᠠᠮᠠᠳ ᠬᠦᠪᠡᠭᠦᠨ ᠲᠦᠮᠡᠨ ᠵᠠᠰᠠᠭᠲᠤ ᠬᠠᠭᠠᠨ | ᠰᠠᠭᠤᠷᠢᠨ ᠢ ᠵᠠᠯᠭᠠᠮᠵᠢᠯᠠᠪᠠ᠃ ᠲᠦᠮᠡᠨ ᠵᠠᠰᠠᠭᠲᠤ ᠬᠠᠭᠠᠨ ᠭᠤᠴᠢᠨ ᠳᠦᠷᠪᠡᠨ ᠵᠢᠯ ︵1558-1592 ᠤᠨ︶ | ᠬᠠᠭᠠᠨ ᠰᠠᠭᠤᠭᠰᠠᠨ ᠪᠠᠶᠢᠵᠤ᠂ ᠲᠦᠮᠡᠨ ᠵᠠᠰᠠᠭᠲᠤ ᠬᠠᠭᠠᠨ ᠤ ᠳᠠᠷᠠᠭ᠎ᠠ ᠲᠡᠭᠦᠨ ᠤ ᠠᠬᠠᠮᠠᠳ ᠬᠦᠪᠡᠭᠦᠨ ᠪᠤᠶᠠᠨ | ᠰᠡᠴᠡᠨ ᠬᠠᠭᠠᠨ ᠰᠠᠭᠤᠷᠢᠨ ᠢ ᠵᠠᠯᠭᠠᠮᠵᠢᠯᠠᠵᠤ᠂ ᠠᠷᠪᠠᠨ ᠵᠢᠯ ︵1593-1603 ᠤᠨ︶ ᠬᠠᠭᠠᠨ ᠰᠠᠭᠤᠭᠰᠠᠨ | ᠪᠠᠶᠢᠪᠠ᠃ | ᠪᠤᠶᠠᠨ ᠰᠡᠴᠡᠨ ᠬᠠᠭᠠᠨ ᠤ ᠠᠬᠠᠮᠠᠳ ᠬᠦᠪᠡᠭᠦᠨ ᠨᠢ ᠮᠠᠩᠬᠤᠰ ᠲᠠᠶᠢᠵᠢ ᠭᠡᠳᠡᠭ᠃ ᠮᠠᠩᠬᠤᠰ ᠲᠠᠶᠢᠵᠢ | ᠦᠪᠡᠷ ᠤᠨ ᠠᠪᠤ ᠪᠤᠶᠠᠨ ᠰᠡᠴᠡᠨ ᠬᠠᠭᠠᠨ ᠠᠴᠠ ᠡᠮᠦᠨ᠎ᠡ ᠨᠠᠰᠤ ᠪᠠᠷᠠᠭᠰᠠᠨ ᠪᠤᠯᠬᠤᠷ ᠮᠠᠩᠬᠤᠰ ᠲᠠᠶᠢᠵᠢ ᠶᠢᠨ ᠠᠷᠪᠠᠨ | ᠭᠤᠷᠪᠠᠨ ᠨᠠᠰᠤᠲᠠᠢ ᠬᠦᠪᠡᠭᠦᠨ ᠯᠢᠭᠳᠡᠨ ᠲᠠᠶᠢᠽᠢ ᠬᠦᠬᠡ ᠮᠤᠷᠢᠨ ᠵᠢᠯ ︵1604 ᠤᠨ︶ ᠬᠠᠭᠠᠨ ᠰᠠᠭᠤᠷᠢᠨ ᠢ | ᠵᠠᠯᠭᠠᠮᠵᠢᠯᠠᠪᠠ᠃ ᠯᠢᠭᠳᠡᠨ ᠲᠠᠶᠢᠽᠢ ᠪᠤᠯ ᠳᠠᠷᠤᠢ ᠯᠢᠭᠳᠡᠨ ᠬᠤᠳᠤᠭᠲᠤ ᠬᠠᠭᠠᠨ ᠪᠤᠯᠤᠨ᠎ᠠ᠃ | ᠯᠢᠭᠳᠡᠨ ᠬᠤᠳᠤᠭᠲᠤ ᠬᠠᠭᠠᠨ ᠨᠠᠰᠤ ᠪᠠᠭ᠎ᠠ ᠪᠤᠯᠬᠤᠷ ᠲᠠᠶᠢᠬᠡᠦ ᠨᠢ ᠲᠦᠷᠦ ᠶᠢᠨ ᠡᠷᠬᠡ ᠶᠢ ᠠᠳᠬᠤᠵᠤ | ᠪᠠᠶᠢᠪᠠ᠃ ᠲᠦᠮᠡᠨ ᠵᠠᠰᠠᠭᠲᠤ ᠬᠠᠭᠠᠨ ᠤ ᠲᠦᠷᠦ ᠪᠠᠷᠢᠭᠴᠢ ᠲᠠᠪᠤᠨ ᠲᠦᠰᠢᠮᠡᠯ ᠤᠨ ᠲᠤᠲᠤᠷ᠎ᠠ ᠠᠴᠠ ᠭᠠᠭᠴᠠ ᠬᠦ | ᠠᠯᠬᠠᠴᠤᠳ ᠸᠠᠩ ᠠᠮᠤᠳᠠᠢ ᠬᠤᠩ ᠲᠠᠶᠢᠵᠢ ᠦᠯᠡᠳᠡᠵᠦ᠂ ᠲᠡᠷᠡ ᠪᠤᠯ ᠯᠢᠭᠳᠡᠨ ᠬᠤᠳᠤᠭᠲᠤ ᠬᠠᠭᠠᠨ ᠤ ᠲᠦᠷᠦ ᠶᠢ | ᠲᠤᠰᠠᠯᠠᠭᠴᠢ ᠭᠤᠤᠯ ᠲᠦᠰᠢᠮᠡᠯ ᠪᠤᠯᠤᠭᠰᠠᠨ ᠪᠠᠶᠢᠯ᠎ᠠ᠃ ᠯᠢᠭᠳᠡᠨ ᠬᠤᠳᠤᠭᠲᠤ ᠬᠠᠭᠠᠨ ᠤᠯᠠᠭᠠᠭᠴᠢᠨ ᠮᠤᠭᠠᠢ ᠵᠢᠯ ︵ | 1617 ᠤᠨ︶ ᠲᠦᠷᠦ ᠶᠢᠨ ᠡᠷᠬᠡ ᠶᠢ ᠠᠳᠬᠤᠪᠠ᠃ | | | ᠯᠢᠭᠳᠡᠨ ᠬᠤᠳᠤᠭᠲᠤ ᠬᠠᠭᠠᠨ ᠤ ᠨᠡᠶᠢᠰᠯᠡᠯ ᠬᠤᠲᠠ ᠪᠠᠶᠢᠭᠤᠯᠤᠭᠰᠠᠨ ᠲᠡᠦᠬᠡ ᠶᠢ ᠮᠤᠩᠭᠤᠯ ᠲᠡᠦᠬᠡ ᠶᠢᠨ | ᠰᠤᠷᠪᠤᠯᠵᠢ ᠪᠢᠴᠢᠭ ᠲᠤ ︽ᠤᠯᠠᠭᠠᠭᠴᠢᠨ ᠮᠤᠭᠠᠢ ᠵᠢᠯ ︵1617 ᠤᠨ︶ ᠪᠠᠶᠢᠭᠤᠯᠤᠯ᠎ᠠ︾ ᠭᠡᠵᠦ ᠲᠡᠮᠳᠡᠭᠯᠡᠵᠦ | ᠪᠠᠶᠢᠳᠠᠭ᠃ ᠬᠤᠲᠠ ᠶᠢᠨ ᠨᠡᠷ᠎ᠡ ᠨᠢ ᠸᠴᠢᠷᠲᠤ ᠴᠠᠭᠠᠨᠬᠤᠲᠠ ᠭᠡᠳᠡᠭ᠃ ᠸᠴᠢᠷᠲᠤ ᠴᠠᠭᠠᠬᠬᠤᠲᠠ ᠪᠤᠯ ᠭᠠᠳᠠᠷ ᠲᠤᠲᠤᠷ | ᠬᠤᠶᠠᠷ ᠳᠠᠪᠬᠤᠷ ᠬᠤᠲᠠ ᠪᠤᠯᠤᠨ᠎ᠠ᠃ ᠭᠠᠳᠠᠷ ᠬᠤᠲᠠ ᠶᠢᠨ ᠠᠷᠤ ᠶᠢᠨ ᠬᠡᠷᠡᠮ ᠨᠢ ᠵᠡᠭᠦᠨᠰᠢ ᠪᠠᠷᠠᠭᠤᠨᠰᠢ 948 | ᠮᠧᠲᠷ ᠤᠷᠲᠤ᠂ ᠠᠷᠤ ᠶᠢᠨ ᠬᠡᠷᠡᠮ ᠤᠨ ᠪᠠᠷᠠᠭᠤᠨ ᠦᠵᠦᠭᠦᠷ ᠠᠴᠠ 323 ᠮᠧᠲᠷ ᠵᠠᠶᠢᠲᠠᠢ ᠨᠢᠭᠡᠨ ᠡᠭᠦᠳᠡ ᠲᠠᠢ᠂ | ᠡᠭᠦᠳᠡ ᠶᠢᠨ ᠦᠷᠭᠡᠨ ᠨᠢ 14 ᠮᠧᠲᠷ ᠪᠠᠶᠢᠳᠠᠭ᠃ ᠭᠠᠳᠠᠷ ᠬᠤᠲᠠ ᠶᠢᠨ ᠪᠠᠷᠠᠭᠤᠨ ᠬᠡᠷᠡᠮ ᠨᠢ ᠬᠤᠶᠢᠰᠢ ᠤᠷᠤᠭᠰᠢ | 510 ᠮᠧᠲᠷ ᠤᠷᠲᠤ᠂ ᠭᠠᠳᠠᠷ ᠬᠤᠲᠠ ᠶᠢᠨ ᠵᠡᠭᠦᠨ ᠬᠡᠷᠡᠮ ᠨᠢ ᠬᠤᠶᠢᠰᠢ ᠤᠷᠤᠭᠰᠢ 584 ᠮᠧᠲᠷ ᠪᠠᠶᠢᠳᠠᠭ᠃ | ᠴᠠᠭᠠᠨᠬᠤᠲᠠ ᠶᠢᠨ ᠵᠡᠭᠦᠨ ᠪᠠᠷᠠᠭᠤᠨ ᠬᠡᠷᠡᠮ ᠤᠨ ᠡᠮᠦᠨ᠎ᠡ ᠦᠵᠦᠭᠦᠷ ᠤᠨ ᠵᠡᠭᠦᠨ ᠲᠠᠯ᠎ᠠ ᠪᠠ ᠪᠠᠷᠠᠭᠤᠨ | ᠲᠠᠯ᠎ᠠ ᠳᠤᠨᠢ ᠵᠡᠷᠭᠡᠴᠡᠨ ᠤᠷᠤᠰᠢᠵᠤ ᠪᠦᠬᠦᠢ ᠬᠤᠶᠠᠷ ᠪᠤᠬ᠎ᠠ ᠬᠠᠳᠠ ᠶᠢ ᠲᠤᠯᠭᠠᠨ ᠪᠠᠶᠢᠭᠤᠯᠤᠭᠰᠠᠨ ᠠᠴᠠ ᠵᠡᠭᠦᠨ | ᠪᠠᠷᠠᠭᠤᠨ ᠬᠤᠶᠠᠷ ᠬᠡᠷᠡᠮ ᠤᠨ ᠤᠷᠲᠤ ᠠᠳᠠᠯᠢ ᠦᠭᠡᠢ ᠪᠤᠯᠪᠠ᠃ ᠭᠠᠳᠠᠷ ᠬᠤᠲᠠ ᠶᠢᠨ ᠡᠮᠦᠨ᠎ᠡ ᠬᠡᠷᠡᠮ ᠢ ᠤᠷᠢᠳᠠᠪᠡᠷ | ᠬᠤᠶᠠᠷ ᠪᠤᠬ᠎ᠠ ᠬᠠᠳᠠ ᠶᠢᠨ ᠳᠡᠭᠡᠭᠦᠷ ᠪᠠᠶᠢᠭᠤᠯᠵᠤ᠂ ᠳᠠᠷᠠᠭ᠎ᠠ ᠨᠢ ᠬᠤᠶᠠᠷ ᠪᠤᠬ᠎ᠠ ᠬᠠᠳᠠ ᠶᠢᠨ ᠬᠤᠭᠤᠷᠤᠨᠳᠤ 392 | ᠮᠧᠲᠷ ᠤᠷᠲᠤ ᠬᠡᠷᠡᠮ ᠪᠠᠶᠢᠭᠤᠯᠪᠠ᠃ ᠡᠮᠦᠨ᠎ᠡ ᠡᠭᠦᠳᠡ ᠶᠢᠨ ᠦᠷᠭᠡᠨ ᠨᠢ 10 ᠮᠧᠲᠷ ᠪᠠᠶᠢᠳᠠᠭ᠃ | ᠸᠴᠢᠷᠲᠤ ᠴᠠᠭᠠᠨᠬᠤᠲᠠ ᠶᠢᠨ ᠲᠤᠲᠤᠷ ᠬᠤᠲᠠ ᠨᠢ ᠲᠡᠭᠰᠢ ᠳᠦᠷᠪᠡᠯᠵᠢᠨ ᠬᠡᠯᠪᠡᠷᠢ ᠲᠠᠢ ᠪᠦᠭᠡᠳ ᠲᠠᠯ᠎ᠠ | ᠪᠦᠷᠢ ᠶᠢᠨ ᠤᠷᠲᠤ ᠨᠢ 255 ᠮᠧᠲᠷ ᠪᠠᠶᠢᠳᠠᠭ᠃ ᠭᠠᠭᠴᠠ ᠬᠦ ᠡᠮᠦᠨ᠎ᠡ ᠲᠠᠯ᠎ᠠ ᠶᠢᠨ ᠬᠡᠷᠡᠮ ᠨᠢ ᠡᠭᠦᠳᠡ ᠲᠠᠢ | ᠪᠦᠭᠡᠳ ᠡᠭᠦᠳᠡ ᠶᠢᠨ ᠦᠷᠭᠡᠨ ᠨᠢ 6 ᠮᠧᠲᠷ ᠪᠠᠶᠢᠳᠠᠭ᠃ ᠡᠮᠦᠨ᠎ᠡ ᠡᠭᠦᠳᠡ ᠨᠢ ᠭᠠᠳᠠᠭᠤᠷ ᠢᠶᠠᠨ ᠬᠠᠭᠠᠰ ᠲᠤᠭᠤᠷᠢᠭ | ᠬᠡᠯᠪᠡᠷᠢ ᠶᠢᠨ ᠬᠠᠯᠬᠠᠪᠴᠢ ᠬᠡᠷᠡᠮ ᠤᠨ ᠡᠭᠦᠳᠡ ᠨᠢ ᠵᠡᠭᠦᠨᠰᠢ ᠬᠠᠨᠳᠤᠵᠤ ᠪᠠᠶᠢᠳᠠᠭ᠃ ᠲᠤᠲᠤᠷ ᠬᠤᠲᠠ ᠶᠢᠨ ᠵᠡᠭᠦᠨ | ᠬᠡᠷᠡᠮ ᠤᠨ ᠡᠮᠦᠨ᠎ᠡ ᠦᠵᠦᠭᠦᠷ ᠠᠴᠠ 76.5 ᠮᠧᠲᠷ ᠵᠠᠶᠢᠲᠠᠢ ᠭᠠᠵᠠᠷ ᠲᠤ 5.6 ᠮᠧᠲᠷ ᠤᠷᠲᠤ ᠲᠦᠯᠬᠢᠨ | ᠤᠨᠠᠭᠠᠭᠠᠳ ᠡᠭᠦᠳᠡ ᠭᠠᠷᠭᠠᠭᠰᠠᠨ ᠪᠠᠶᠢᠪᠠ᠃ ᠡᠨᠡ ᠬᠦ ᠬᠡᠰᠡᠭ ᠢ ᠠᠷᠤ ᠬᠤᠷᠴᠢᠨ ᠬᠤᠰᠢᠭᠤ ᠶᠢᠨ ᠬᠦᠳᠡᠷ | ᠲᠤᠰᠠᠯᠠᠭᠴᠢ ᠲᠦᠯᠬᠢᠨ ᠤᠨᠠᠭᠠᠭᠰᠠᠨ ᠪᠠᠶᠢᠯ᠎ᠠ᠃ | ᠸᠴᠢᠷᠲᠤ ᠴᠠᠭᠠᠨᠬᠤᠲᠠ ᠶᠢᠨ ᠭᠤᠤᠯ ᠪᠠᠷᠢᠯᠭ᠎ᠠ ᠨᠢ ᠲᠤᠲᠤᠷ ᠬᠤᠲᠠ ᠳᠤ ᠲᠦᠪᠯᠡᠷᠡᠵᠦ ᠪᠠᠶᠢᠳᠠᠭ᠃ ᠭᠤᠤᠯ | ᠤᠷᠳᠤᠨ ᠢ ᠠᠷᠤ ᠶᠢᠨ ᠬᠡᠷᠡᠮ ᠤᠨ ᠲᠦᠪ ᠳᠤᠮᠳᠠ ᠪᠠᠶᠢᠭᠤᠯᠵᠤ᠂ ᠭᠤᠤᠯ ᠤᠷᠳᠤᠨ ᠢ ᠪᠠᠶᠢᠭᠤᠯᠤᠭᠰᠠᠨ ᠰᠢᠷᠦᠢ ᠶᠢᠨ | ᠲᠠᠪᠴᠠᠩ ᠨᠢ ᠠᠷᠤ ᠶᠢᠨ ᠬᠡᠷᠡᠮ ᠠᠴᠠ 25.5 ᠮᠧᠲᠷ ᠵᠠᠶᠢᠲᠠᠢ᠂ ᠰᠢᠷᠦᠢ ᠶᠢᠨ ᠲᠠᠪᠴᠠᠩ ᠳᠡᠭᠡᠷᠡᠬᠢ ᠭᠤᠤᠯ | ᠤᠷᠳᠤᠨ ᠨᠢ ᠵᠡᠭᠦᠨᠰᠢ ᠪᠠᠷᠠᠭᠤᠨᠰᠢ 22 ᠮᠧᠲᠷ ᠤᠷᠲᠤ᠂ ᠬᠤᠶᠢᠰᠢ ᠡᠮᠦᠨᠡᠰᠢ 15 ᠮᠧᠲᠷ ᠤᠷᠲᠤ ᠪᠠᠶᠢᠳᠠᠭ᠃ | ᠭᠤᠤᠯ ᠤᠷᠳᠤᠨ ᠤ ᠵᠡᠭᠦᠨ ᠪᠠᠷᠠᠭᠤᠨ ᠳᠤ ᠲᠤᠰ ᠲᠤᠰ ᠵᠢᠭᠦᠷ ᠤᠨ ᠤᠷᠳᠤᠨ ᠪᠠᠶᠢᠭᠤᠯᠵᠤ᠂ ᠵᠢᠭᠦᠷ ᠤᠨ | ᠤᠷᠳᠤᠨ ᠨᠢ ᠲᠡᠭᠰᠢ ᠳᠦᠷᠪᠡᠯᠵᠢᠨ ᠬᠡᠯᠪᠡᠷᠢ ᠲᠠᠢ᠂ ᠲᠠᠯ᠎ᠠ ᠪᠦᠷᠢ ᠶᠢᠨ ᠤᠷᠲᠤ ᠨᠢ 8 ᠮᠧᠲᠷ ᠪᠠᠶᠢᠳᠠᠭ᠃ | ᠭᠤᠤᠯ ᠤᠷᠳᠤᠨ ᠪᠤᠯᠤᠨ ᠵᠢᠭᠦᠷ ᠤᠨ ᠤᠷᠳᠤᠨ ᠬᠤᠭᠤᠷᠤᠨᠳᠤ ᠪᠠᠨ ᠨᠡᠪᠲᠡᠷᠡᠬᠦ ᠡᠭᠦᠳᠡ ᠦᠭᠡᠢ ᠪᠠᠶᠢᠵᠤ᠂ | ᠭᠤᠷᠪᠠᠨ ᠤᠷᠳᠤᠨ ᠨᠢ ᠪᠦᠷ ᠡᠮᠦᠨᠡᠰᠢ ᠬᠠᠨᠳᠤᠭᠤᠯᠤᠨ ᠪᠠᠶᠢᠭᠤᠯᠤᠭᠰᠠᠨ ᠤᠷᠳᠤᠨ ᠪᠦᠭᠡᠳ ᠭᠤᠤᠯ ᠤᠷᠳᠤᠨ ᠤ | ᠵᠡᠭᠦᠨ ᠪᠠᠷᠠᠭᠤᠨ ᠬᠤᠶᠠᠷ ᠲᠠᠯ᠎ᠠ ᠳᠤ ᠬᠤᠶᠢᠨ᠎ᠠ ᠠᠴᠠ ᠡᠮᠦᠨᠡᠰᠢ ᠴᠤᠪᠤᠷᠠᠭᠤᠯᠤᠨ ᠪᠠᠶᠢᠭᠤᠯᠤᠭᠰᠠᠨ ᠭᠤᠷᠪᠠᠨ | ᠪᠠᠷᠢᠯᠭ᠎ᠠ ᠶᠢᠨ ᠪᠠᠭᠤᠷᠢ ᠪᠠᠶᠢᠳᠠᠭ᠃ ᠡᠨᠡ ᠬᠦ ᠵᠢᠷᠭᠤᠭᠠᠨ ᠪᠠᠷᠢᠯᠭ᠎ᠠ ᠶᠢ ᠪᠠᠶᠢᠭᠤᠯᠤᠭᠰᠠᠨ ᠰᠢᠷᠦᠢ ᠶᠢᠨ ᠲᠠᠪᠴᠠᠩ ᠨᠢ | ᠲᠡᠭᠰᠢ ᠳᠦᠷᠪᠡᠯᠵᠢᠨ ᠬᠡᠯᠪᠡᠷᠢ ᠲᠠᠢ ᠪᠦᠭᠡᠳ ᠲᠠᠯ᠎ᠠ ᠪᠦᠷᠢ ᠶᠢᠨ ᠤᠷᠲᠤ ᠨᠢ 18 ᠮᠧᠲᠷ ᠪᠠᠶᠢᠳᠠᠭ᠃ ᠡᠳᠡᠭᠡᠷ | ᠪᠠᠷᠢᠯᠭ᠎ᠠ ᠪᠤᠯ ᠪᠦᠷ ᠸᠠᠭᠠᠷ ᠲᠤᠭᠤᠰᠬ᠎ᠠ ᠶᠢᠨ ᠪᠠᠷᠢᠯᠭ᠎ᠠ ᠪᠤᠯᠤᠨ᠎ᠠ᠃ | ᠲᠤᠲᠤᠷ ᠬᠤᠲᠠ ᠶᠢᠨ ᠬᠡᠷᠡᠮ ᠤᠨ ᠵᠡᠭᠦᠨ ᠡᠮᠦᠨ᠎ᠡ ᠪᠤᠯᠤᠩ ᠳᠤ ᠰᠢᠷ᠎ᠠ ᠰᠢᠷᠦᠢ ᠪᠠᠷ ᠬᠠᠩᠳᠠᠵᠤ | ᠪᠤᠰᠬᠠᠭᠰᠠᠨ ᠨᠢᠭᠡᠨ ᠦᠨᠳᠦᠷ ᠲᠠᠶᠢᠵᠠ ᠪᠠᠶᠢᠳᠠᠭ᠂ ᠲᠠᠶᠢᠵᠠ ᠶᠢᠨ ᠰᠠᠭᠤᠷᠢ ᠨᠢ ᠴᠢᠯᠠᠭᠤ ᠨᠢᠭᠲᠠ ᠵᠡᠷᠭᠡᠯᠡᠭᠰᠡᠨ | ᠪᠠᠶᠢᠵᠤ᠂ ᠴᠢᠯᠠᠭᠤᠨ ᠰᠠᠭᠤᠷᠢ ᠶᠢᠨ ᠦᠨᠳᠦᠷ ᠨᠢ 1 ᠮᠧᠲᠷ᠂ ᠲᠠᠯ᠎ᠠ ᠪᠦᠷᠢ ᠶᠢᠨ ᠤᠷᠲᠤ ᠨᠢ 10 ᠮᠧᠲᠷ ᠪᠠᠶᠢᠳᠠᠭ᠃ | ᠴᠢᠯᠠᠭᠤᠨ ᠰᠠᠭᠤᠷᠢ ᠶᠢᠨ ᠳᠡᠭᠡᠷᠡᠬᠢ ᠰᠢᠷᠤᠢ ᠶᠢᠨ ᠲᠠᠶᠢᠵᠠ ᠶᠢᠨ ᠤᠳᠤ ᠦᠯᠡᠳᠡᠵᠦ ᠪᠠᠶᠢᠭ᠎ᠠ ᠦᠨᠳᠦᠷ ᠨᠢ 4.67 | ᠮᠧᠲᠷ᠂ ᠤᠷᠤᠢ ᠶᠢᠨ ᠬᠡᠰᠡᠭ ᠤᠨ ᠲᠠᠯ᠎ᠠ ᠪᠦᠷᠢ ᠶᠢᠨ ᠤᠷᠲᠤ ᠨᠢ 8 ᠮᠧᠲᠷ ᠪᠠᠶᠢᠳᠠᠭ᠃ ᠡᠨᠡᠬᠦ ᠲᠠᠶᠢᠵᠠ ᠶᠢᠨ | ᠦᠨᠳᠦᠷ ᠨᠢ 6 ᠮᠧᠲᠷ ᠪᠠᠶᠢᠳᠠᠭ᠃ | ᠸᠴᠢᠷᠲᠤ ᠴᠠᠭᠠᠨᠬᠤᠲᠠ ᠪᠤᠯ ᠯᠢᠭᠳᠡᠨ ᠬᠤᠳᠤᠭᠲᠤ ᠬᠠᠭᠠᠨ ᠤ ᠪᠠᠶᠢᠭᠤᠯᠤᠭᠰᠠᠨ ᠬᠠᠮᠤᠭ ᠤᠨ ᠲᠤᠮᠤ | ᠪᠠᠷᠢᠯᠭ᠎ᠠ ᠶᠤᠮ᠃ ᠯᠢᠭᠳᠡᠨ ᠬᠤᠳᠤᠭᠲᠤ ᠬᠠᠭᠠᠨ ᠪᠠᠰᠠ ᠤᠨᠳᠤᠤ ᠬᠤᠲᠠ ᠪᠤᠯᠤᠨ ᠰᠦᠮ᠎ᠡ ᠰᠤᠪᠤᠷᠭ᠎ᠠ ᠪᠠᠶᠢᠭᠤᠯᠵᠤ᠂ | ᠨᠢᠭᠡ ᠬᠤᠲᠠ ᠶᠢᠨ ᠨᠡᠷ᠎ᠡ ᠨᠢ ︽ᠴᠤᠷᠵᠢ ᠶᠢᠨ ᠬᠤᠲᠠ︾ ᠭᠡᠳᠡᠭ᠃ ︽ᠴᠤᠷᠵᠢ ᠶᠢᠨ ᠬᠤᠲᠠ︾ ᠶᠢ ᠪᠠᠰᠠ ᠠᠷᠤ | ᠬᠤᠷᠴᠢᠨ ᠬᠤᠰᠢᠭᠤᠨ ᠳᠤ ᠪᠠᠶᠢᠭᠤᠯᠤᠭᠰᠠᠨ ᠪᠤᠯᠬᠤᠷ ᠠᠷᠤ ᠬᠤᠷᠴᠢᠨᠴᠤᠳ ᠲᠡᠷᠡ ᠬᠦ ᠬᠤᠲᠠ ᠶᠢ ︽ᠲᠡᠭᠷᠢ | ᠠᠭᠤᠯᠠ ᠶᠢᠨ ᠴᠠᠭᠠᠨᠬᠤᠲᠠ︾ ᠭᠡᠳᠡᠭ᠃ | ᠯᠠᠮᠠ ᠶᠢᠨ ᠱᠠᠰᠢᠨ ᠢ ᠰᠢᠷ᠎ᠠ ᠶᠢᠨ ᠱᠠᠰᠢᠨ᠂ ᠤᠯᠠᠭᠠᠨ ᠤ ᠱᠠᠰᠢᠨ ᠵᠡᠷᠭᠡ ᠪᠦᠯᠦᠭ ᠬᠤᠪᠢᠶᠠᠳᠠᠭ᠃ | ᠮᠠᠶᠢᠳᠠᠷᠢ ᠬᠤᠳᠤᠭᠲᠤ ᠪᠤᠯ ᠰᠢᠷ᠎ᠠ ᠶᠢᠨ ᠱᠠᠰᠢᠨ ᠤ ᠯᠠᠮᠠ ᠮᠦᠨ᠃ ᠯᠢᠭᠳᠡᠨ ᠬᠤᠳᠤᠭᠲᠤ ᠬᠠᠭᠠᠨ ᠤ ᠬᠠᠭᠠᠨ | ᠰᠠᠭᠤᠷᠢᠨ ᠢ ᠵᠠᠯᠭᠠᠮᠵᠢᠯᠠᠬᠤ ᠶᠤᠰᠤᠯᠠᠯ ᠳᠤ ᠮᠠᠶᠢᠳᠠᠷᠢ ᠬᠤᠳᠤᠭᠲᠤ ᠤᠷᠤᠯᠴᠠᠭᠰᠠᠨ ᠪᠠᠶᠢᠵᠤ᠂ ᠮᠠᠶᠢᠳᠠᠷᠢ ᠬᠤᠳᠤᠭᠲᠤ | ᠨᠢ ᠯᠢᠭᠳᠡᠨ ᠬᠤᠳᠤᠭᠲᠤ ᠬᠠᠭᠠᠨ ᠤ ᠡᠷᠭᠦᠮᠵᠢᠯᠡᠭᠰᠡᠨ ᠠᠩᠬᠠᠳᠠᠭᠴᠢ ᠲᠠᠬᠢᠯ ᠤᠨ ᠯᠠᠮᠠ ᠪᠤᠯᠪᠠ᠃ ᠯᠢᠭᠳᠡᠨ ᠬᠤᠳᠤᠭᠲᠤ | ᠬᠠᠭᠠᠨ ᠤ ︽ᠬᠤᠳᠤᠭᠲᠤ ᠬᠠᠭᠠᠨ︾ ᠴᠤᠯᠠ ᠶᠢ ᠮᠠᠶᠢᠳᠠᠷᠢ ᠬᠤᠳᠤᠭᠲᠤ ᠠᠴᠠ ᠡᠷᠭᠦᠮᠵᠢᠯᠡᠭᠰᠡᠨ ᠪᠠᠶᠢᠯ᠎ᠠ᠃ | ᠯᠢᠭᠳᠡᠨ ᠬᠤᠳᠤᠭᠲᠤ ᠬᠠᠭᠠᠨ ᠲᠦᠷᠦ ᠶᠢᠨ ᠡᠷᠬᠡ ᠪᠠᠷᠢᠭᠰᠠᠨ ᠠᠴᠠ ᠰᠡᠭᠦᠯᠡᠷ ᠯᠠᠮᠠ ᠵᠠᠯᠠᠵᠤ ᠠᠪᠴᠢᠷᠠᠭᠠᠳ | ᠰᠦᠮ᠎ᠡ ᠰᠤᠪᠤᠷᠭ᠎ᠠ ᠪᠠᠶᠢᠭᠤᠯᠵᠤ ᠡᠬᠢᠯᠡᠪᠡ᠃ ᠬᠠᠮᠤᠭ ᠲᠡᠷᠢᠭᠦᠨ ᠳᠤ ᠪᠠᠶᠢᠭᠤᠯᠤᠭᠰᠠᠨ ᠰᠦᠮ᠎ᠡ ᠶᠢᠨ ᠨᠡᠷ᠎ᠡ ᠶᠢ ︽ | ᠠᠯᠲᠠᠨ ᠳᠡᠭᠡᠪᠦᠷᠢᠲᠦ ᠴᠠᠭᠠᠨ ᠰᠦᠮ᠎ᠡ︾ ᠭᠡᠳᠡᠭ ᠪᠦᠭᠡᠳ ᠪᠠᠰᠠ ︽ᠴᠤᠷᠵᠢ ᠶᠢᠨ ᠰᠦᠮ᠎ᠡ︾ ᠭᠡᠳᠡᠭ᠃ ︽ | ᠴᠤᠷᠵᠢ ᠶᠢᠨ ᠰᠦᠮ᠎ᠡ︾ ᠪᠤᠯ ᠤᠳᠤ ᠶᠢᠨ ︽ᠬᠠᠭᠠᠨ ᠰᠦᠮ᠎ᠡ︾ ᠪᠤᠯᠬᠤ ᠶᠤᠮ᠃ ︽ᠴᠤᠷᠵᠢ ᠶᠢᠨ ᠰᠦᠮ᠎ᠡ︾ ᠳᠤ | ᠨᠢᠭᠡᠨ ᠴᠤᠷᠵᠢ ᠯᠠᠮᠠ ᠪᠠᠶᠢᠵᠤ᠂ ᠴᠤᠷᠵᠢ ᠯᠠᠮᠠ ᠶᠢᠨ ᠪᠠᠶᠢᠷᠢ ᠰᠠᠭᠤᠷᠢ ᠦᠨᠳᠦᠷ᠂ ᠦᠷᠭᠦᠯᠵᠢ ᠪᠤᠰᠤᠳ ᠠᠶᠢᠮᠠᠭ ᠲᠤ | ᠡᠯᠴᠢ ᠪᠠᠷ ᠲᠤᠮᠢᠯᠠᠭᠳᠠᠨ ᠤᠴᠢᠵᠤ᠂ ᠯᠢᠭᠳᠡᠨ ᠬᠤᠳᠤᠭᠲᠤ ᠬᠠᠭᠠᠨ ᠤ ᠵᠠᠷᠯᠢᠭ ᠢ ᠤᠯᠠᠮᠵᠢᠯᠠᠳᠠᠭ᠃ | ᠬᠠᠭᠠᠨ ᠰᠦᠮ᠎ᠡ ᠶᠢᠨ ᠠᠩᠬᠠᠳᠤᠭᠠᠷ ᠳᠦᠷᠢ ᠶᠢᠨ ᠪᠠᠷᠠᠭᠤᠨ ᠭᠡᠭᠡᠨ ᠤ ᠨᠤᠮ ᠤᠨ ᠴᠤᠯᠠ ᠨᠢ ︽ᠡᠷᠳᠡᠨᠢ | ᠭᠦᠦᠰᠢ ᠴᠤᠷᠵᠢ︾ ᠭᠡᠳᠡᠭ᠃ ᠴᠤᠷᠵᠢ ᠯᠠᠮᠠ ᠪᠤᠯ ᠬᠠᠭᠠᠨ ᠰᠦᠮ᠎ᠡ ᠶᠢᠨ ᠠᠩᠬᠠᠳᠤᠭᠠᠷ ᠳᠦᠷᠢ ᠶᠢᠨ ᠪᠠᠷᠠᠭᠤᠨ | ᠭᠡᠭᠡᠨ ᠳ᠋ᠠᠨᠽᠠᠨᠴᠤᠶᠢᠷᠤᠭ ᠪᠤᠯᠤᠨ᠎ᠠ᠃ ᠡᠶᠢᠮᠦ ᠠᠴᠠ ᠬᠠᠭᠠᠨ ᠰᠦᠮ᠎ᠡ ᠶᠢ ︽ᠴᠤᠷᠵᠢ ᠶᠢᠨ ᠰᠦᠮ᠎ᠡ︾ ᠭᠡᠵᠦ ᠬᠡᠯᠡᠳᠡᠭ | ᠃ | ᠬᠦᠳᠡᠷ ᠲᠤᠰᠠᠯᠠᠭᠴᠢ ᠶᠢᠨ ᠠᠪᠤ ᠨᠢ ᠰᠡᠷᠡᠩ ᠲᠤᠰᠠᠯᠠᠭᠴᠢ᠂ ᠡᠪᠦᠭᠡ ᠠᠪᠤ ᠨᠢ ᠠᠷᠤ ᠬᠤᠷᠴᠢᠨ | ᠬᠤᠰᠢᠭᠤᠨ ᠤ ᠠᠩᠬᠠᠳᠤᠭᠠᠷ ᠵᠠᠰᠠᠭ ᠮᠤᠵᠠᠩ ᠪᠠᠶᠢᠯ᠎ᠡ ᠶᠤᠮ᠃ ᠴᠢᠩ ᠤᠯᠤᠰ ᠤᠨ ᠡᠩᠬᠡ ᠠᠮᠤᠭᠤᠯᠠᠩ ᠤᠨ ᠬᠤᠷᠢᠨ | ᠵᠢᠷᠭᠤᠳᠤᠭᠠᠷ ᠤᠨ ︵1687 ᠤᠨ︶ ᠤ ᠨᠠᠢᠮᠠᠨ ᠰᠠᠷ᠎ᠠ ᠶᠢᠨ ᠬᠤᠷᠢᠨ ᠬᠤᠶᠠᠷ ᠤᠨ ᠡᠳᠦᠷ ᠬᠦᠳᠡᠷ | ᠲᠤᠰᠠᠯᠠᠭᠴᠢ ᠶᠢᠨ ᠪᠠᠶᠢᠭᠤᠯᠤᠭᠰᠠᠨ ᠳᠦᠷᠪᠡᠨ ᠰᠦᠮ᠎ᠡ ᠪᠤᠯ ᠦᠨᠡᠨᠳᠡᠭᠡᠨ ᠯᠢᠭᠳᠡᠨ ᠬᠤᠳᠤᠭᠲᠤ ᠬᠠᠭᠠᠨ ᠤ ᠦᠶ᠎ᠡ ᠳᠤ | ᠪᠠᠶᠢᠭᠤᠯᠤᠭᠰᠠᠨ ︽ᠬᠠᠮᠤᠭ ᠢ ᠮᠠᠨᠳᠤᠭᠤᠯᠤᠭᠴᠢ ᠰᠦᠮ᠎ᠡ︾ ᠶᠢᠨ ᠳᠡᠷᠭᠡᠳᠡ ᠪᠠᠶᠢᠭᠤᠯᠤᠭᠰᠠᠨ ᠳᠦᠷᠪᠡᠨ ᠳᠤᠭᠠᠩ | ᠪᠤᠯᠤᠨ᠎ᠠ᠃ ᠢᠩᠭᠢᠭᠡᠳ ᠬᠠᠭᠠᠨ ᠰᠦᠮ᠎ᠡ ᠨᠢ ᠲᠠᠪᠤᠨ ᠳᠤᠭᠠᠩ ᠲᠠᠢ ᠰᠦᠮ᠎ᠡ ᠪᠤᠯᠤᠭᠰᠠᠨ ᠠᠴᠠ ᠬᠠᠭᠠᠨ ᠰᠦᠮ᠎ᠡ ᠶᠢ | ᠪᠠᠰᠠ ︽ᠬᠠᠭᠠᠨ ᠲᠠᠪᠤᠨ ᠰᠦᠮ᠎ᠡ︾ ᠭᠡᠳᠡᠭ᠃ ᠬᠦᠳᠡᠷ ᠲᠤᠰᠠᠯᠠᠭᠴᠢ ᠠᠴᠠ ᠰᠦᠮ᠎ᠡ ᠶᠢᠨ ᠳᠦᠷᠪᠡᠨ ᠳᠤᠭᠠᠩ ᠢ | ᠸᠴᠢᠷᠲᠤ ᠴᠠᠭᠠᠨᠬᠤᠲᠠ ᠶᠢᠨ ᠸᠠᠭᠠᠷ ᠲᠤᠭᠤᠰᠬ᠎ᠠ ᠪᠠᠷ ᠪᠠᠶᠢᠭᠤᠯᠵᠤ᠂ ᠸᠠᠭᠠᠷ ᠲᠤᠭᠤᠰᠬ᠎ᠠ ᠶᠢ ᠵᠦᠭᠡᠭᠡᠪᠦᠷᠢᠯᠡᠬᠦ | ᠦᠶ᠎ᠡ ᠳᠤ ᠪᠠᠨ ᠲᠤᠲᠤᠷ ᠬᠤᠲᠠ ᠶᠢᠨ ᠵᠡᠭᠦᠨ ᠬᠡᠷᠡᠮ ᠢ 5.6 ᠮᠧᠲᠷ ᠲᠦᠯᠬᠢᠨ ᠤᠨᠠᠭᠠᠭᠠᠳ ᠡᠭᠦᠳᠡ ᠭᠠᠷᠭᠠᠭᠰᠠᠨ | ᠪᠠᠶᠢᠪᠠ᠃ | | | | | ᠯᠢᠭᠳᠡᠨ ᠬᠤᠳᠤᠭᠲᠤ ᠬᠠᠭᠠᠨ ᠠᠴᠠ ᠵᠢᠨᠵᠢᠨ ᠴᠠᠭᠠᠨ ᠰᠤᠪᠤᠷᠭ᠎ᠠ ᠶᠢ ᠰᠢᠨᠡᠳᠬᠡᠨ ᠵᠠᠰᠠᠵᠤ᠂ ᠵᠢᠨᠵᠢᠨ | ᠴᠠᠭᠠᠨ ᠰᠤᠪᠤᠷᠭ᠎ᠠ ᠶᠢᠨ ᠳᠡᠷᠭᠡᠳᠡ ᠡᠪᠦᠭᠡ ᠳᠡᠭᠡᠳᠦᠰ ᠲᠤ ᠪᠠᠨ ᠱᠠᠷᠢᠯ ᠤᠨ ᠰᠤᠪᠤᠷᠭ᠎ᠠ ᠪᠤᠰᠬᠠᠪᠠ᠃ ᠨᠢᠭᠡ | ᠰᠤᠪᠤᠷᠭ᠎ᠠ ᠨᠢ ᠡᠯᠦᠨᠴᠡ ᠠᠪᠤ ᠲᠦᠮᠡᠨ ᠵᠠᠰᠠᠭᠲᠤ ᠬᠠᠭᠠᠨ ᠳᠤ ᠪᠠᠨ ᠪᠤᠰᠬᠠᠭᠰᠠᠨ ︽ᠶᠡᠭᠡ ᠷᠢᠳᠢ ᠬᠤᠪᠢᠯᠭᠠᠨ ᠤ | ᠰᠤᠪᠤᠷᠭ᠎ᠠ︾᠂ ᠨᠦᠭᠦᠭᠡ ᠨᠢ ᠡᠬᠡ ᠲᠠᠶᠢᠬᠡᠦ ᠳᠤ ᠪᠠᠨ ᠪᠤᠰᠬᠠᠭᠰᠠᠨ ︽ᠲᠡᠭᠷᠢ ᠠᠴᠠ ᠪᠠᠭᠤᠭᠰᠠᠨ ᠤ ᠰᠤᠪᠤᠷᠭ᠎ᠠ︾ | ᠪᠤᠯᠤᠨ᠎ᠠ᠃ ᠱᠠᠷᠢᠯ ᠤᠨ ᠰᠤᠪᠤᠷᠭ᠎ᠠ ᠶᠢᠨ ᠪᠠᠷᠢᠯᠭ᠎ᠠ ᠶᠢᠨ ᠠᠵᠢᠯ ᠢ ᠯᠢᠭᠳᠡᠨ ᠬᠤᠳᠤᠭᠲᠤ ᠬᠠᠭᠠᠨ ᠤ ᠦᠬᠢᠨ ᠳᠡᠭᠦᠦ | ᠰᠤᠸᠠᠷᠠᠰᠸᠠᠳᠢ ᠭᠦᠩᠵᠦ ᠡᠷᠬᠢᠯᠡᠭᠰᠡᠨ ᠪᠠᠶᠢᠪᠠ᠃ | ᠰᠤᠸᠠᠷᠠᠰᠸᠠᠳᠢ ᠭᠦᠩᠵᠦ ᠪᠤᠯ ᠮᠤᠩᠭᠤᠯ ᠦᠨᠳᠦᠰᠦᠲᠡᠨ ᠤ ᠰᠢᠯᠭᠠᠷᠠᠭᠰᠠᠨ ᠪᠠᠷᠢᠯᠭ᠎ᠠ ᠶᠢᠨ ᠮᠡᠷᠭᠡᠵᠢᠯᠲᠡᠨ | ᠪᠤᠯᠬᠤ ᠶᠤᠮ᠃ ᠠᠷᠤ ᠬᠤᠷᠴᠢᠨ ᠪᠤᠯᠤᠨ ᠪᠠᠭᠠᠷᠢᠨ ᠨᠤᠲᠤᠭ ᠲᠤ ᠢᠯᠳᠦᠨ ᠬᠤᠳᠤᠭᠲᠤ ᠬᠠᠭᠠᠨ ᠪᠤᠯᠤᠨ ᠲᠡᠭᠦᠨ ᠤ | ᠦᠬᠢᠨ ᠳᠡᠭᠦᠦ ᠬᠤᠶᠠᠭᠤᠯᠠ ᠮᠡᠯᠵᠢᠶ᠎ᠡ ᠲᠠᠯᠪᠢᠵᠤ ᠪᠠᠶᠢᠭᠠᠳ ᠰᠤᠪᠤᠷᠭ᠎ᠠ ᠪᠣᠰᠬᠠᠭᠰᠠᠨ ᠦᠯᠢᠭᠡᠷ ᠳᠤᠮᠤᠭ | ᠤᠯᠠᠮᠵᠢᠯᠠᠭᠳᠠᠭᠰᠠᠭᠠᠷ ᠢᠷᠡᠵᠡᠢ᠃ ᠡᠨᠡᠬᠦ ᠦᠯᠢᠭᠡᠷ ᠳᠤᠮᠤᠭ ᠲᠠᠬᠢ ᠢᠯᠳᠦᠨ ᠬᠤᠳᠤᠭᠲᠤ ᠬᠠᠭᠠᠨ ᠪᠤᠯ ᠳᠠᠷᠤᠢ | ᠯᠢᠭᠳᠡᠨ ᠬᠤᠳᠤᠭᠲᠤ ᠬᠠᠭᠠᠨ ᠮᠦᠨ᠃ ᠲᠡᠭᠦᠨ ᠤ ᠦᠬᠢᠨ ᠳᠡᠭᠦᠦ ᠨᠢ ᠰᠤᠸᠠᠷᠠᠰᠸᠠᠳᠢ ᠭᠦᠩᠵᠦ ᠪᠤᠯᠤᠨ᠎ᠠ᠃ ᠲᠡᠳᠡ | ᠬᠤᠶᠠᠭᠤᠯᠠ ᠶᠢᠨ ᠪᠤᠰᠬᠠᠭᠰᠠᠨ ᠰᠤᠪᠤᠷᠭ᠎ᠠ ᠳᠤ ᠴᠢᠩᠵᠸᠦ ᠬᠤᠲᠠ ᠶᠢᠨ ᠲᠤᠲᠤᠷ᠎ᠠ ᠪᠤᠰᠬᠠᠭᠰᠠᠨ ᠤᠮᠠᠷᠠᠲᠤ ᠶᠤᠸᠠᠨ | ᠤᠯᠤᠰ ᠤᠨ ᠬᠠᠭᠠᠨ ᠤ ᠱᠠᠷᠢᠯ ᠤᠨ ᠰᠤᠪᠤᠷᠭ᠎ᠠ ᠪᠠᠶᠢᠳᠠᠭ᠃ | ︽ᠯᠢᠭᠳᠡᠨ ᠬᠤᠳᠤᠭᠲᠤ ᠬᠠᠭᠠᠨ ᠤ ᠡᠷᠳᠡᠮ ᠭᠠᠪᠢᠶ᠎ᠠ ᠶᠢᠨ ᠬᠦᠰᠢᠶ᠎ᠡ︾ ᠶᠢᠨ ᠪᠢᠴᠢᠭ ᠪᠤᠯ ᠮᠤᠩᠭᠤᠯ ᠤᠨ | ᠰᠤᠳᠤᠯᠤᠯ ᠤᠨ ᠬᠤᠪᠤᠷ ᠴᠤᠬᠠᠭ ᠪᠢᠴᠢᠭ ᠮᠠᠲ᠋ᠧᠷᠢᠶᠠᠯ ᠪᠤᠯᠤᠨ᠎ᠠ᠃ ᠬᠦᠰᠢᠶ᠎ᠡ ᠶᠢᠨ ᠪᠢᠴᠢᠭ ᠲᠤ ᠲᠡᠮᠳᠡᠭᠯᠡᠭᠰᠡᠨ ᠨᠢ᠄ | ︽ᠡᠨᠡ ᠤᠮᠠᠷ᠎ᠠ ᠵᠦᠭ ᠤᠨ ᠤᠷᠤᠨ ᠳᠤᠷ ᠴᠦ ᠤᠷᠲᠤ ᠨᠠᠰᠤᠲᠤ ᠲᠡᠭᠷᠢ ᠶᠢᠨ ᠰᠦᠯᠳᠡ ᠳᠤ ᠰᠢᠲᠦᠵᠦ ᠶᠡᠭᠡ | ᠪᠤᠶᠠᠨ ᠤ ᠴᠤᠭ ᠢᠶᠠᠷ ᠢᠯᠡᠳᠲᠡ ᠦᠨᠳᠦᠷᠢᠳᠦᠭᠰᠡᠨ ᠮᠤᠩᠭᠤᠯ ᠴᠢᠩᠭᠢᠰ ᠬᠠᠭᠠᠨ ᠭᠡᠮᠡᠨ ᠠᠯᠳᠠᠷᠰᠢᠭᠰᠠᠨ ᠲᠡᠭᠦᠨ ᠤ | ᠭᠤᠴᠢᠨ ᠵᠢᠷᠭᠤᠳᠤᠭᠠᠷ ᠬᠠᠨ ᠦᠶ᠎ᠡ ᠳᠤ ᠪᠤᠳᠢᠰᠠᠳ᠋ᠸ᠎ᠠ ᠶᠢᠨ ᠬᠤᠪᠢᠯᠭᠠᠨ ᠁ ᠨᠤᠮ ᠤᠨ ᠬᠦᠷᠳᠦᠨ | ᠤᠷᠴᠢᠭᠤᠯᠤᠭᠴᠢ ᠳᠠᠶᠢᠮᠢᠩ ᠰᠡᠴᠡᠨ ᠴᠢᠩᠭᠢᠰ ᠬᠠᠭᠠᠨ ᠲᠦᠷᠦᠵᠦ ᠪᠦᠷᠦᠨ ᠬᠢᠲᠠᠳ ᠨᠠᠩᠭᠢᠶᠠᠳ ᠲᠡᠷᠢᠭᠦᠲᠡᠨ | ᠦᠭᠡᠷ᠎ᠡ ᠦᠭᠡᠷ᠎ᠡ ᠬᠡᠯᠡᠲᠡᠨ ᠤ ᠤᠯᠠᠨ ᠤᠷᠤᠨ ᠢ ᠵᠢᠯᠤᠭᠤᠳᠴᠤ ᠬᠠᠨ ᠲᠦᠷᠦ ᠶᠢ ᠳᠡᠯᠭᠡᠷᠡᠭᠦᠯᠦᠭᠰᠡᠨ︾ ᠭᠡᠵᠡᠢ᠃ | ᠬᠦᠰᠢᠶ᠎ᠡ ᠶᠢᠨ ᠪᠢᠴᠢᠭ ᠲᠠᠬᠢ ︽ᠳᠠᠶᠢᠮᠢᠩ ᠰᠡᠴᠡᠨ ᠴᠢᠩᠭᠢᠰ ᠬᠠᠭᠠᠨ︾ ᠪᠤᠯ ᠯᠢᠭᠳᠡᠨ ᠬᠤᠳᠤᠭᠲᠤ | ᠬᠠᠭᠠᠨ ᠤ ᠴᠤᠯᠠ ᠪᠤᠯᠤᠨ᠎ᠠ᠃ ᠬᠦᠰᠢᠶ᠎ᠡ ᠶᠢᠨ ᠪᠢᠴᠢᠭ ᠲᠤ ᠯᠢᠭᠳᠡᠨ ᠬᠤᠳᠤᠭᠲᠤ ᠬᠠᠭᠠᠨ ᠢ ︽ᠮᠤᠩᠭᠤᠯ ᠴᠢᠩᠭᠢᠰ | ᠬᠠᠭᠠᠨ ᠭᠡᠮᠡᠨ ᠠᠯᠳᠠᠷᠰᠢᠭᠰᠠᠨ ᠲᠡᠭᠦᠨ ᠤ ᠭᠤᠴᠢᠨ ᠵᠢᠷᠭᠤᠳᠤᠭᠠᠷ ᠬᠠᠨ ᠦᠶ᠎ᠡ︾ ᠭᠡᠵᠦ ᠲᠡᠮᠳᠡᠭᠯᠡᠭᠰᠡᠨ ᠨᠢ᠂ ᠡᠨᠡ | ᠪᠤᠯ ᠯᠢᠭᠳᠡᠨ ᠬᠤᠳᠤᠭᠲᠤ ᠬᠠᠭᠠᠨ ᠢ ᠮᠤᠩᠭᠤᠯ ᠤᠨ ᠭᠤᠴᠢᠨ ᠵᠢᠷᠭᠤᠳᠤᠭᠠᠷ ᠬᠠᠭᠠᠨ ᠭᠡᠰᠡᠨ ᠤᠳᠬ᠎ᠠ ᠲᠠᠢ ᠦᠭᠡ | ᠪᠤᠯᠬᠤ ᠶᠤᠮ᠃ | ᠯᠢᠭᠳᠡᠨ ᠬᠤᠳᠤᠭᠲᠤ ᠬᠠᠭᠠᠨ ᠤ ᠦᠶ᠎ᠡ ᠶᠢᠨ ᠮᠤᠩᠭᠤᠯᠴᠤᠳ ᠢ ᠴᠠᠬᠠᠷ ᠲᠦᠮᠡᠨ᠂ ᠤᠷᠳᠤᠰ ᠲᠦᠮᠡᠨ᠂ | ᠲᠦᠮᠡᠳ ᠲᠦᠮᠡᠨ᠂ ᠶᠦᠩᠰᠢᠶᠡᠪᠦ ᠲᠦᠮᠡᠨ᠂ ᠦᠪᠦᠷ ᠬᠠᠯᠬ᠎ᠠ᠂ ᠨᠤᠨ ᠬᠤᠷᠴᠢᠨ᠂ ᠠᠷᠤ ᠠᠶᠢᠮᠠᠭ᠂ ᠠᠷᠤ ᠬᠠᠯᠬ᠎ᠠ᠂ | ᠤᠶᠢᠷᠠᠳ ᠮᠤᠩᠭᠤᠯ ᠵᠡᠷᠭᠡ ᠠᠶᠢᠮᠠᠭ ᠤᠨ ᠪᠦᠯᠦᠭᠯᠡᠯ ᠬᠤᠪᠢᠶᠠᠳᠠᠭ᠃ ᠲᠡᠷᠡ ᠦᠶ᠎ᠡ ᠳᠤ ᠤᠷᠢᠶᠠᠩᠬᠠᠢ ᠬᠠᠷᠠᠴᠢᠨ | ᠨᠢᠭᠡᠨᠲᠡ ᠬᠠᠷᠠᠴᠢᠨ ᠬᠠᠨ ᠳᠤ ᠬᠠᠷᠢᠶᠠᠯᠠᠭᠳᠠᠵᠤ᠂ ᠶᠦᠩᠰᠢᠶᠠᠪᠦ ᠲᠦᠮᠡᠨ ᠳᠤ ᠪᠠᠭᠲᠠᠬᠤ ᠪᠤᠯᠪᠠ᠃ | ᠯᠢᠭᠳᠡᠨ ᠬᠤᠳᠤᠭᠲᠤ ᠬᠠᠭᠠᠨ ᠤ ᠦᠶ᠎ᠡ ᠳᠤ ᠮᠤᠩᠭᠤᠯ ᠤᠨ ᠡᠯ᠎ᠡ ᠠᠶᠢᠮᠠᠭ ᠤᠨ ᠨᠤᠶᠠᠳ ᠦᠪᠡᠷ | ᠦᠪᠡᠷ ᠢ ᠪᠠᠨ ᠬᠠᠭᠠᠨ ᠡᠷᠭᠦᠮᠵᠢᠯᠡᠵᠦ᠂ ᠯᠢᠭᠳᠡᠨ ᠬᠤᠳᠤᠭᠲᠤ ᠬᠠᠭᠠᠨ ᠠᠴᠠ ᠭᠠᠳᠠᠨ᠎ᠠ ᠶᠢᠰᠦᠨ ᠬᠠᠭᠠᠨ ᠪᠤᠢ ᠪᠤᠯᠪᠠ᠃ | ᠲᠡᠷᠡᠬᠦ ᠶᠢᠰᠦᠨ ᠬᠠᠭᠠᠨ ᠪᠤᠯ ᠲᠦᠮᠡᠳ ᠲᠦᠮᠡᠨ ᠤ ᠪᠤᠱᠤᠭᠲᠤ ᠬᠠᠨ᠂ ᠶᠦᠩᠰᠢᠶᠠᠪᠦ ᠲᠦᠮᠡᠨ ᠤ ᠬᠠᠷᠠᠴᠢᠨ ᠬᠠᠨ᠂ | ᠠᠷᠤ ᠬᠤᠷᠴᠢᠨ ᠤ ᠰᠢᠷ᠎ᠠ ᠬᠠᠨ᠂ ᠤᠩᠨᠢᠭᠤᠳ ᠤᠨ ᠲᠦᠯᠦᠨ ᠬᠠᠨ᠂ ᠠᠪᠠᠭ᠎ᠠ ᠶᠢᠨ ᠲᠦᠮᠡᠨ ᠵᠠᠰᠠᠭᠲᠤ ᠬᠠᠨ᠂ | ᠵᠠᠷᠤᠳ ᠤᠨ ᠨᠠᠶᠢᠴᠢ ᠬᠠᠨ᠂ ᠠᠷᠤ ᠬᠠᠯᠬ᠎ᠠ ᠶᠢᠨ ᠲᠦᠰᠢᠶᠡᠲᠦ ᠬᠠᠨ᠂ ᠠᠷᠤ ᠬᠠᠯᠬ᠎ᠠ ᠶᠢᠨ ᠵᠠᠰᠠᠭᠲᠤ ᠬᠠᠨ᠂ ᠠᠷᠤ | ᠬᠠᠯᠬ᠎ᠠ ᠶᠢᠨ ᠰᠡᠴᠡᠨ ᠬᠠᠨ ᠵᠡᠷᠭᠡ ᠪᠤᠯᠤᠨ᠎ᠠ᠃ | ᠯᠢᠭᠳᠡᠨ ᠬᠤᠳᠤᠭᠲᠤ ᠬᠠᠭᠠᠨ ᠤ ᠡᠪᠦᠭᠡ ᠶᠢᠨ ᠦᠶ᠎ᠡ ᠳᠤ ᠮᠤᠩᠭᠤᠯ ᠤᠨ ᠡᠯ᠎ᠡ ᠠᠶᠢᠮᠠᠭ ᠤᠨ ᠨᠤᠶᠠᠳ ᠠᠴᠠ | ᠬᠠᠭᠠᠨ ᠳᠤ ᠪᠠᠨ ᠠᠯᠪᠠ ᠬᠦᠷᠭᠡᠵᠦ ᠢᠷᠡᠳᠡᠭ᠃ ᠯᠢᠭᠳᠡᠨ ᠬᠤᠳᠤᠭᠲᠤ ᠬᠠᠭᠠᠨ ᠤ ᠦᠶ᠎ᠡ ᠡᠯ᠎ᠡ ᠠᠶᠢᠮᠠᠭ ᠤᠨ ᠨᠣᠶᠠᠳ | ᠲᠡᠭᠦᠨ ᠢ ᠨᠠᠰᠤ ᠪᠠᠭ᠎ᠠ ᠭᠡᠵᠦ ᠪᠠᠰᠤᠮᠵᠢᠯᠠᠭᠠᠳ ᠦᠪᠡᠷ ᠦᠪᠡᠷ ᠢᠶᠠᠨ ᠡᠵᠡᠨ ᠮᠡᠳᠡᠵᠦ᠂ ᠠᠯᠪᠠ ᠬᠦᠷᠭᠡᠵᠦ ᠢᠷᠡᠬᠦ ᠪᠠᠨ | ᠵᠤᠭᠰᠤᠭᠰᠠᠨ ᠳᠤ ᠯᠢᠭᠳᠡᠨ ᠬᠤᠳᠤᠭᠲᠤ ᠬᠠᠭᠠᠨ᠄ ︽ᠡᠮᠦᠨᠡᠲᠦ ᠳᠤ ᠭᠠᠭᠴᠠᠬᠠᠨ ᠮᠢᠩ ᠤᠯᠤᠰ ᠤᠨ ᠨᠢᠭᠡᠨ ᠬᠠᠭᠠᠨ | ᠪᠠᠶᠢᠳᠠᠭ᠃ ᠤᠮᠠᠷᠠᠲᠤ ᠳᠤ ᠭᠠᠭᠴᠠᠬᠠᠨ ᠮᠢᠨᠦ ᠪᠡᠶ᠎ᠡ ᠨᠢᠭᠡᠨ ᠰᠠᠶ᠋ᠢ ᠭᠠᠳᠠᠭᠠᠳᠤ ᠶᠢ ᠮᠡᠳᠡᠰᠦᠭᠡᠢ︾ ᠭᠡᠵᠦ ᠬᠡᠯᠡᠭᠡᠳ | ᠡᠯ᠎ᠡ ᠠᠶᠢᠮᠠᠭ ᠢ ᠠᠯᠪᠠ ᠬᠦᠷᠭᠡᠵᠦ ᠢᠷᠡᠭᠦᠯᠬᠦ ᠪᠠᠷ ᠵᠠᠷᠯᠢᠭᠳᠠᠪᠠ᠃ ᠠᠯᠪᠠ ᠬᠦᠷᠭᠡᠵᠦ ᠢᠷᠡᠬᠦ ᠶᠠᠪᠤᠳᠠᠯ ᠪᠤᠯ ᠯᠢᠭᠳᠡᠨ | ᠬᠤᠳᠤᠭᠲᠤ ᠬᠠᠭᠠᠨ ᠢ ᠦᠪᠡᠷ ᠤᠨ ᠬᠠᠭᠠᠨ ᠭᠡᠮᠡᠨ ᠮᠡᠳᠡᠷᠡᠵᠦ ᠪᠠᠶᠢᠬᠤ ᠪᠤᠳᠠᠲᠠᠢ ᠢᠯᠡᠷᠡᠯ ᠪᠠᠶᠢᠵᠤ᠂ ᠠᠯᠪᠠ | ᠬᠦᠷᠭᠡᠵᠦ ᠢᠷᠡᠬᠦ ᠪᠠᠨ ᠵᠤᠭᠰᠤᠭᠰᠠᠨ ᠶᠠᠪᠤᠳᠠᠯ ᠨᠢ ᠯᠢᠭᠳᠡᠨ ᠬᠤᠳᠤᠭᠲᠤ ᠬᠠᠭᠠᠨ ᠤ ᠪᠦᠬᠦ ᠮᠤᠩᠭᠤᠯ ᠤᠨ ᠬᠠᠭᠠᠨ | ᠪᠤᠯᠬᠤ ᠪᠠᠶᠢᠷᠢ ᠰᠠᠭᠤᠷᠢ ᠶᠢ ᠮᠡᠳᠡᠷᠡᠬᠦ ᠦᠭᠡᠢ ᠪᠤᠯᠤᠭᠰᠠᠨ ᠶᠠᠪᠤᠳᠠᠯ ᠪᠠᠶᠢᠯ᠎ᠠ᠃ | ᠸᠴᠢᠷᠲᠤ ᠴᠠᠭᠠᠨᠬᠤᠲᠠ ᠶᠢᠨ ᠪᠤᠬ᠎ᠠ ᠬᠠᠳᠠᠨ ᠳᠡᠭᠡᠷ᠎ᠡ ᠭᠤᠷᠪᠠᠨ ᠬᠢᠲᠠᠳ ᠦᠰᠦᠭ ᠤᠨ ᠪᠢᠴᠢᠭᠡᠰᠦ ᠪᠤᠯᠤᠨ | ᠨᠢᠭᠡ ᠮᠤᠩᠭᠤᠯ ᠦᠰᠦᠭ ᠤᠨ ᠪᠢᠴᠢᠭᠡᠰᠦ ᠪᠠᠶᠢᠳᠠᠭ᠃ ᠭᠤᠷᠪᠠᠨ ᠬᠢᠲᠠᠳ ᠦᠰᠦᠭ ᠤᠨ ᠪᠢᠴᠢᠭᠡᠰᠦ ᠶᠢᠨ ᠨᠢᠭᠡ ᠨᠢ | ᠠᠷᠪᠠᠨ ᠳᠤᠯᠤᠭᠠᠨ ᠬᠢᠲᠠᠳ ᠦᠰᠦᠭ ᠲᠠᠢ᠃ ᠲᠡᠭᠦᠨ ᠢ ᠮᠤᠩᠭᠤᠯᠴᠢᠯᠠᠪᠠᠯ᠄ ︽ᠶᠦᠨ ᠵᠦᠩ ᠭᠠᠵᠠᠷ ᠤᠨ ᠨᠤᠶᠠᠨ | ᠠᠳᠡ ᠢᠷᠡᠵᠦ ᠮᠢᠩᠭᠠᠨ ᠭᠠᠵᠠᠷ ᠤᠨ ᠭᠠᠳᠠᠨᠠᠬᠢ ᠬᠤᠲᠠᠨ᠎ᠠ ᠪᠤᠷᠬᠠᠨ ᠳᠤ ᠨᠢᠭᠡ ᠮᠦᠷᠭᠦᠵᠦ᠂ ᠳᠦᠷᠪᠡᠨ ᠬᠦᠮᠦᠨ | ᠤᠯᠤᠰ ᠲᠤ ᠪᠠᠨ ᠪᠤᠴᠠᠯ᠎ᠠ︾ ᠭᠡᠳᠡᠭ᠃ ᠶᠦᠨ ᠵᠦᠩ ᠭᠠᠵᠠᠷ ᠨᠢ ᠤᠳᠠᠢ ᠤᠷᠤᠨ᠂ ᠮᠢᠩᠭᠠᠨ ᠭᠠᠵᠠᠷ ᠤᠨ | ᠭᠠᠳᠠᠨᠠᠬᠢ ᠬᠤᠲᠠ ᠨᠢ ᠸᠴᠢᠷᠲᠤ ᠴᠠᠭᠠᠨᠬᠤᠲᠠ᠂ ᠳᠦᠷᠪᠡᠨ ᠨᠤᠶᠠᠨ ᠤ ᠮᠦᠷᠭᠦᠭᠰᠡᠨ ᠪᠤᠷᠬᠠᠨ ᠨᠢ ᠠᠳᠡᠬᠢ | ᠰᠦᠮ᠎ᠡ ᠳᠤ ᠲᠠᠬᠢᠵᠤ ᠪᠠᠶᠢᠭᠰᠠᠨ ᠪᠤᠷᠬᠠᠨ ᠢ ᠬᠡᠯᠡᠭᠰᠡᠨ ᠶᠤᠮ᠃ | ᠯᠢᠭᠳᠡᠨ ᠬᠤᠳᠤᠭᠲᠤ ᠬᠠᠭᠠᠨ ᠲᠦᠷᠦ ᠶᠢᠨ ᠡᠷᠬᠡ ᠶᠢ ᠠᠳᠬᠤᠬᠤ ᠦᠶ᠎ᠡ ᠳᠤ ᠨᠢᠭᠡᠨᠲᠡ ᠴᠢᠩ ᠤᠯᠤᠰ | ᠪᠠᠶᠢᠭᠤᠯᠤᠭᠳᠠᠭᠰᠠᠨ ᠪᠠᠶᠢᠯ᠎ᠠ᠃ ᠴᠢᠩ ᠤᠯᠤᠰ ᠪᠤᠯ ᠲᠡᠭᠷᠢ ᠶᠢᠨ ᠪᠤᠱᠤᠭᠲᠤ ᠶᠢᠨ ᠲᠡᠷᠢᠭᠦᠨ ᠤᠨ ︵1616 ᠤᠨ︶ | ᠳᠤ ᠪᠠᠶᠢᠭᠤᠯᠤᠭᠳᠠᠵᠤ᠂ ᠠᠩᠬᠠᠨ ᠳᠤ ᠪᠠᠨ ᠤᠯᠤᠰ ᠤᠨ ᠴᠤᠯᠠ ᠪᠠᠨ ︽ᠠᠯᠲᠠᠨ ᠤᠯᠤᠰ︾ ᠭᠡᠮᠡᠨ ᠨᠡᠷᠡᠶᠢᠳᠪᠡ᠃ | ᠲᠡᠦᠬᠡᠴᠢᠨ ᠠᠴᠠ ᠵᠦᠷᠴᠢᠨ ᠦᠨᠳᠦᠰᠦᠲᠡᠨ ᠤ ᠪᠠᠶᠢᠭᠤᠯᠤᠭᠰᠠᠨ ᠠᠯᠲᠠᠨ ᠤᠯᠤᠰ ︵1115-1234 ᠤᠨ︶ | ᠠᠴᠠ ᠢᠯᠭᠠᠪᠤᠷᠢᠯᠠᠬᠤ ᠶᠢᠨ ᠲᠦᠯᠦᠭᠡ ᠮᠠᠨᠵᠤ ᠦᠨᠳᠦᠰᠦᠲᠡᠨ ᠤ ᠪᠠᠶᠢᠭᠤᠯᠤᠭᠰᠠᠨ ᠠᠯᠲᠠᠨ ᠤᠯᠤᠰ ᠢ ︽ᠬᠤᠶᠢᠲᠤ | ᠠᠯᠲᠠᠨ ᠤᠯᠤᠰ︾ ᠭᠡᠳᠡᠭ᠃ | ᠮᠢᠩ ᠤᠯᠤᠰ ᠤᠤᠯ ᠨᠢ ᠤᠮᠠᠷᠠᠲᠤ ᠶᠤᠸᠠᠨ ᠤᠯᠤᠰ ᠤᠨ ᠠᠷᠠᠯᠵᠢᠶ᠎ᠠ ᠨᠡᠪᠲᠡᠷᠡᠬᠦ ᠱᠠᠭᠠᠷᠳᠠᠯᠭ᠎ᠠ ᠶᠢ | ᠵᠦᠪᠰᠢᠶᠡᠷᠡᠬᠦ ᠦᠭᠡᠢ ᠪᠠᠶᠢᠭᠰᠠᠨ ᠢᠶᠠᠨ ᠴᠢᠩ ᠤᠯᠤᠰ ᠪᠠᠶᠢᠭᠤᠯᠤᠭᠳᠠᠭᠰᠠᠨ ᠤ ᠰᠡᠭᠦᠯᠡᠷ ᠠᠷᠠᠯᠵᠢᠶ᠎ᠠ ᠨᠡᠪᠲᠡᠷᠡᠬᠦ ᠶᠢ | ᠵᠦᠪᠰᠢᠶᠡᠷᠡᠪᠡ᠃ ᠠᠷᠠᠯᠵᠢᠶ᠎ᠠ ᠨᠡᠪᠲᠡᠷᠡᠬᠦ ᠶᠢ ᠵᠦᠪᠰᠢᠶᠡᠷᠡᠭᠰᠡᠨ ᠤ ᠵᠤᠷᠢᠯᠭ᠎ᠠ ᠪᠤᠯ ᠤᠮᠠᠷᠠᠲᠤ ᠶᠤᠸᠠᠨ ᠤᠯᠤᠰ ᠤᠨ | ᠴᠡᠷᠢᠭ ᠤᠨ ᠬᠦᠴᠦᠨ ᠢ ᠠᠰᠢᠭᠯᠠᠵᠤ᠂ ᠴᠢᠩ ᠤᠯᠤᠰ ᠤᠨ ᠴᠡᠷᠢᠭ ᠤᠨ ᠤᠷᠤᠭᠰᠢᠯᠠᠯᠲᠠ ᠶᠢ ᠬᠤᠷᠢᠭᠯᠠᠬᠤ ᠭᠡᠰᠡᠨ | ᠶᠠᠪᠤᠳᠠᠯ ᠪᠤᠯᠬᠤ ᠶᠤᠮ᠃ ᠯᠢᠭᠳᠡᠨ ᠬᠤᠳᠤᠭᠲᠤ ᠬᠠᠭᠠᠨ ᠠᠴᠠ ᠴᠢᠩ ᠤᠯᠤᠰ ᠤᠨ ᠨᠤᠷᠬᠠᠴᠢ ᠬᠠᠭᠠᠨ ᠳᠤ | ᠦᠭᠭᠦᠭᠰᠡᠨ ᠪᠢᠴᠢᠭ ᠲᠤ᠄ ︽ᠮᠢᠨᠦ ᠪᠡᠶ᠎ᠡ ᠰᠤᠨᠤᠰᠬᠤᠯ᠎ᠠ ᠮᠤᠷᠢᠨ ᠵᠢᠯ ᠠᠴᠠ ᠬᠤᠨᠢᠨ ᠵᠢᠯ ︵1618-1619 | ᠤᠨ︶ ᠪᠤᠯᠲᠠᠯ᠎ᠠ ᠴᠢᠨᠦ ᠪᠡᠶ᠎ᠡ ᠮᠢᠩ ᠤᠯᠤᠰ ᠢ ᠬᠠᠯᠳᠠᠨ ᠳᠦᠷᠢᠮᠡᠬᠡᠶᠢᠯᠡᠪᠡ᠃ ᠮᠢᠨᠦ ᠪᠡᠶ᠎ᠡ ᠡᠨᠡᠬᠦ ᠬᠤᠨᠢᠨ ᠵᠢᠯ ︵ | 1619 ᠤᠨ︶ ᠤᠨ ᠵᠤᠨ ᠭᠤᠸᠠᠩᠨᠢᠩ ᠬᠤᠲᠠ ᠳᠤ ᠬᠦᠷᠴᠦ᠂ ᠬᠤᠲᠠ ᠶᠢ ᠨᠢ ᠡᠵᠡᠯᠡᠭᠡᠳ᠂ ᠠᠯᠪᠠ ᠬᠦᠷᠭᠡᠬᠦ | ᠪᠤᠯᠭᠠᠭᠰᠠᠨ ᠶᠤᠮ᠃ ᠴᠢ ᠬᠡᠷᠪᠡ ᠭᠤᠸᠠᠩᠨᠢᠩ ᠬᠤᠲᠠ ᠶᠢ ᠳᠦᠷᠢᠮᠡᠬᠡᠶᠢᠯᠡᠪᠡᠯ᠂ ᠮᠢᠨᠦ ᠪᠡᠶ᠎ᠡ ᠴᠢᠮᠠᠶᠢ ᠡᠷᠡᠰ | ᠬᠤᠷᠢᠭᠯᠠᠬᠤ ᠪᠤᠯᠤᠨ᠎ᠠ︾ ᠭᠡᠰᠡᠨ ᠪᠠᠶᠢᠪᠠ᠃ | ᠭᠤᠸᠠᠩᠨᠢᠩ ᠬᠤᠲᠠ ᠪᠤᠯ ᠤᠳᠤ ᠶᠢᠨ ᠯᠢᠶᠤᠤᠨᠢᠩ ᠮᠤᠵᠢ ᠶᠢᠨ ᠪᠸᠢ ᠵᠧᠨ ᠰᠢᠶᠠᠨ ᠮᠦᠨ᠃ ᠮᠢᠩ | ᠤᠯᠤᠰ ᠤᠨ ᠦᠶ᠎ᠡ ᠳᠤ ᠬᠢᠯᠢ ᠶᠢᠨ ᠬᠡᠷᠡᠮ ᠳᠠᠭᠠᠤ ᠴᠡᠷᠢᠭ ᠰᠠᠭᠤᠳᠠᠭ ᠶᠢᠰᠦᠨ ᠪᠤᠭᠤᠮᠲᠠ ᠪᠠᠶᠢᠳᠠᠭ᠃ ᠭᠤᠸᠠᠩᠨᠢᠩ | ᠬᠤᠲᠠ ᠪᠤᠯ ᠯᠢᠭᠳᠡᠨ ᠬᠤᠳᠤᠭᠲᠤ ᠬᠠᠭᠠᠨ ᠤ ᠮᠢᠩ ᠤᠯᠤᠰ ᠲᠠᠢ ᠠᠷᠠᠯᠵᠢᠶ᠎ᠠ ᠨᠡᠪᠲᠡᠷᠡᠬᠦ ᠭᠠᠵᠠᠷ ᠪᠤᠯᠤᠭᠰᠠᠨ ᠪᠠᠶᠢᠯ᠎ᠠ | ᠃ | ᠯᠢᠭᠳᠡᠨ ᠬᠤᠳᠤᠭᠲᠤ ᠬᠠᠭᠠᠨ ᠠᠴᠠ ᠮᠤᠩᠭᠤᠯ ᠤᠨ ᠵᠡᠷᠢᠮ ᠠᠶᠢᠮᠠᠭ ᠤᠨ ᠬᠢᠨ ᠲᠡᠭᠦᠨ ᠠᠴᠠ ᠤᠷᠪᠠᠨ | ᠲᠤᠭᠲᠠᠭᠠᠭᠰᠠᠨ ᠤᠴᠢᠷ ᠲᠤ ᠴᠢᠭᠯᠡᠭᠦᠯᠵᠦ᠂ ᠲᠦᠷᠦ ᠶᠢᠨ ᠰᠢᠨᠡᠴᠢᠯᠡᠯ ᠶᠠᠪᠤᠭᠤᠯᠪᠠ᠃ ᠲᠡᠷᠡᠬᠦ ᠲᠦᠷᠦ ᠶᠢᠨ | ᠰᠢᠨᠡᠴᠢᠯᠡᠯ ᠢ ︽ᠯᠢᠭᠳᠡᠨ ᠬᠤᠳᠤᠭᠲᠤ ᠬᠠᠭᠠᠨ ᠤ ᠸᠴᠢᠷᠲᠤ ᠴᠠᠭᠠᠨᠬᠤᠲᠠ ᠶᠢᠨ ᠵᠠᠰᠠᠭᠯᠠᠯ︾ ᠭᠡᠳᠡᠭ᠃ ᠲᠦᠷᠦ ᠶᠢᠨ | ᠰᠢᠨᠡᠴᠢᠯᠡᠯ ᠤᠨ ᠠᠭᠤᠯᠭ᠎ᠠ ᠳᠤ᠂ ᠴᠠᠬᠠᠷ ᠲᠦᠮᠡᠨ ᠢᠶᠠᠨ ᠵᠡᠭᠦᠨ ᠭᠠᠷᠤᠨ ᠭᠤᠷᠪᠠᠨ ᠲᠦᠮᠡᠨ ᠪᠤᠯᠤᠨ ᠪᠠᠷᠠᠭᠤᠨ | ᠭᠠᠷᠤᠨ ᠭᠤᠷᠪᠠᠨ ᠲᠦᠮᠡᠨ ᠭᠡᠵᠦ ᠰᠢᠨ᠎ᠡ ᠪᠠᠷ ᠵᠤᠬᠢᠶᠠᠨ ᠪᠠᠶᠢᠭᠤᠯᠵᠤ᠂ ᠲᠦᠷᠦ ᠶᠢᠨ ᠲᠦᠰᠢᠮᠡᠯ ᠪᠤᠯᠤᠨ ᠤᠷᠤᠨ | ᠨᠤᠲᠤᠭ ᠤᠨ ᠨᠤᠶᠠᠳ ᠢ ᠰᠢᠨ᠎ᠡ ᠪᠠᠷ ᠡᠷᠭᠦᠮᠵᠢᠯᠡᠪᠡ᠃ | ᠰᠢᠨ᠎ᠡ ᠪᠠᠷ ᠡᠷᠭᠦᠮᠵᠢᠯᠡᠭᠰᠡᠨ ᠶᠡᠭᠡ ᠪᠠᠭ᠎ᠠ ᠲᠦᠷᠦ ᠶᠢᠨ ᠲᠦᠰᠢᠮᠡᠯ ᠬᠡᠳᠦᠨ ᠵᠠᠭᠤᠨ ᠬᠦᠮᠦᠨ ᠪᠠᠶᠢᠵᠤ᠂ | ᠭᠠᠷᠮ᠎ᠠ ᠵᠢᠨᠦᠩ᠂ ᠳ᠋ᠧᠴᠢᠨᠵᠠᠪ᠂ ᠳᠤᠷᠵᠢ ᠳᠠᠷᠬᠠᠨ᠂ ᠲᠤᠨᠤᠢ ᠬᠦᠯᠦᠭ ᠨᠠᠷ ᠪᠤᠯ ᠳᠦᠷᠦ ᠶᠢᠨ ᠳᠦᠷᠪᠡᠨ ᠶᠡᠭᠡ | ᠴᠧᠩᠰᠢᠶᠠᠩ ᠪᠤᠯᠪᠠ᠃ ᠮᠤᠩᠭᠤᠯ ᠬᠠᠭᠠᠨ ᠬᠠᠮᠢᠭ᠎ᠠ ᠪᠠᠶᠢᠪᠠᠯ᠂ ᠬᠡᠰᠢᠭᠲᠡᠨ ᠴᠡᠷᠢᠭ ᠲᠡᠨᠳᠡ ᠪᠠᠶᠢᠳᠠᠭ᠃ ᠬᠡᠰᠢᠭᠲᠡᠨ | ᠴᠡᠷᠢᠭ ᠤᠤᠯ ᠨᠢ ᠳᠠᠷᠠᠶᠢᠰᠦᠨ ᠬᠦᠳᠡᠩ ᠬᠠᠭᠠᠨ ᠤ ᠠᠪᠤ ᠪᠤᠳᠢ ᠠᠯᠠᠭ ᠬᠠᠭᠠᠨ ᠤ ᠤᠷᠳᠤᠨ ᠢ ᠰᠠᠬᠢᠨ ᠬᠠᠮᠠᠭᠠᠯᠠᠵᠤ | ᠪᠠᠶᠢᠭᠰᠠᠨ ᠶᠤᠮ᠃ ᠯᠢᠭᠳᠡᠨ ᠬᠤᠳᠤᠭᠲᠤ ᠬᠠᠭᠠᠨ ᠠᠴᠠ ᠬᠡᠰᠢᠭᠲᠡᠨ ᠲᠠᠶᠢᠵᠢ ᠰᠤᠨᠤᠮ᠎ᠠ ᠶᠢ ᠸᠴᠢᠷᠲᠤ ᠴᠠᠭᠠᠨᠬᠤᠲᠠ ᠶᠢ | ᠰᠡᠷᠭᠡᠶᠢᠯᠡᠨ ᠰᠠᠭᠤᠬᠤ ᠴᠡᠷᠢᠭ ᠤᠨ ᠲᠦᠷᠦᠭᠦᠦ ᠨᠤᠶᠠᠨ ᠡᠷᠭᠦᠮᠵᠢᠯᠡᠵᠦ᠂ ᠪᠠᠭᠠᠷᠢᠨ ᠠᠶᠢᠮᠠᠭ ᠤᠨ ᠪᠤᠷᠵᠢᠭᠢᠨ ᠪᠤᠰᠤ | ᠤᠪᠤᠭᠲᠠᠨ ᠰᠢᠷᠬᠤᠨᠠᠭ ᠳᠦᠭᠦᠷᠡᠩ ᠢ ᠵᠡᠭᠦᠨ ᠭᠠᠷᠤᠨ ᠭᠤᠷᠪᠠᠨ ᠲᠦᠮᠡᠨ ᠢ ᠪᠦᠭᠦᠳᠡ ᠶᠢ ᠵᠠᠬᠢᠷᠬᠤ ᠲᠦᠮᠡᠲᠦ ᠶᠢᠨ | ᠨᠤᠶᠠᠨ ᠡᠷᠭᠦᠮᠵᠢᠯᠡᠵᠦ᠂ ᠴᠤᠷᠤᠰ ᠲᠠᠪᠤᠨᠠᠩ ᠢ ᠪᠠᠷᠠᠭᠤᠨ ᠭᠠᠷᠤᠨ ᠭᠤᠷᠪᠠᠨ ᠲᠦᠮᠡᠨ ᠢ ᠪᠦᠭᠦᠳᠡ ᠶᠢ ᠵᠠᠬᠢᠷᠬᠤ | ᠲᠦᠮᠡᠲᠦ ᠶᠢᠨ ᠨᠤᠶᠠᠨ ᠡᠷᠭᠦᠮᠵᠢᠯᠡᠪᠡ᠃ | ᠮᠠᠾᠠᠺᠠᠯᠠ ᠪᠤᠷᠬᠠᠨ᠂ ︽ᠭᠠᠨᠵᠤᠤᠷ︾ ᠰᠤᠳᠤᠷ᠂ ᠬᠠᠰᠪᠤᠤ ᠲᠠᠮᠠᠭ᠎ᠠ ᠪᠤᠯ ᠯᠢᠭᠳᠡᠨ ᠬᠤᠳᠤᠭᠲᠤ ᠬᠠᠭᠠᠨ ᠤ | ᠭᠤᠷᠪᠠᠨ ᠡᠷᠳᠡᠨᠢ ᠪᠤᠯᠤᠨ᠎ᠠ᠃ ᠲᠡᠭᠷᠢ ᠶᠢᠨ ᠰᠡᠴᠡᠨ ᠤ ᠨᠠᠢᠮᠠᠳᠤᠭᠠᠷ ᠤᠨ ︵1634 ᠤᠨ︶ ᠤ ᠠᠷᠪᠠᠨ ᠬᠤᠶᠠᠷ | ᠰᠠᠷ᠎ᠠ ᠶᠢᠨ ᠠᠷᠪᠠᠨ ᠲᠠᠪᠤᠨ ᠤ ᠡᠳᠦᠷ᠂ ᠮᠡᠷᠭᠡᠨ ᠯᠠᠮᠠ ᠠᠴᠠ ᠯᠢᠭᠳᠡᠨ ᠬᠤᠳᠤᠭᠲᠤ ᠬᠠᠭᠠᠨ ᠤ ᠲᠠᠬᠢᠵᠤ ᠪᠠᠶᠢᠭᠰᠠᠨ | ᠮᠠᠾᠠᠺᠠᠯᠠ ᠪᠤᠷᠬᠠᠨ ᠢ ᠮᠦᠭᠳᠡᠨ ᠬᠤᠲᠠᠨ ᠳᠤ ᠬᠦᠷᠭᠡᠨ ᠤᠴᠢᠪᠠ᠃ ᠯᠢᠭᠳᠡᠨ ᠬᠤᠳᠤᠭᠲᠤ ᠬᠠᠭᠠᠨ ᠤ ᠰᠢᠲᠠᠷ | ᠴᠡᠷᠢᠭ ᠤᠨ ᠳᠠᠭᠠᠭᠠᠮᠠᠯ ᠠᠯᠠᠭᠴᠢᠨ ᠤᠪᠤᠭᠲᠤ ᠯᠤᠷᠠᠢ ᠵᠠᠭᠤ ᠭᠠᠷᠤᠢ ᠮᠤᠷᠢᠲᠠᠨ ᠢ ᠳᠠᠭᠠᠭᠤᠯᠵᠤ᠂ ᠮᠠᠾᠠᠺᠠᠯᠠ | ᠪᠤᠷᠬᠠᠨ ᠢ ᠬᠠᠮᠠᠭᠠᠯᠠᠨ ᠮᠦᠭᠳᠡᠨ ᠬᠤᠲᠠ ᠳᠤ ᠤᠴᠢᠭᠰᠠᠨ ᠪᠠᠶᠢᠯ᠎ᠠ᠃ | ᠬᠤᠩ ᠲᠠᠶᠢᠵᠢ ᠬᠠᠭᠠᠨ ᠠᠴᠠ ᠮᠦᠭᠳᠡᠨ ᠬᠤᠲᠠ ᠳᠠᠬᠢ ᠨᠢᠭᠡᠨ ᠰᠦᠮ᠎ᠡ ᠳᠤ ᠲᠠᠬᠢᠪᠠ᠃ ᠳᠡᠭᠡᠳᠦ | ᠡᠷᠳᠡᠮᠲᠦ ᠶᠢᠨ ᠭᠤᠷᠪᠠᠳᠤᠭᠠᠷ ᠤᠨ ︵1638 ᠤᠨ︶ ᠤ ᠨᠠᠢᠮᠠᠨ ᠰᠠᠷ᠎ᠠ ᠶᠢᠨ ᠠᠷᠪᠠᠨ ᠬᠤᠶᠠᠷ ᠤᠨ ᠡᠳᠦᠷ᠂ | ᠮᠦᠭᠳᠡᠨ ᠬᠤᠲᠠ ᠶᠢᠨ ︽ᠮᠠᠭᠠᠳ ᠢᠯᠠᠭᠤᠭᠰᠠᠨ ᠰᠦᠮ᠎ᠡ︾ ᠶᠢᠨ ᠪᠠᠷᠢᠯᠭ᠎ᠠ ᠶᠢᠨ ᠠᠵᠢᠯ ᠳᠠᠭᠤᠰᠴᠤ᠂ ᠮᠠᠾᠠᠺᠠᠯᠠ | ᠪᠤᠷᠬᠠᠨ ᠢ ᠬᠠᠭᠤᠴᠢᠨ ᠰᠦᠮ᠎ᠡ ᠠᠴᠠ ︽ᠮᠠᠭᠠᠳ ᠢᠯᠠᠭᠤᠭᠰᠠᠨ ᠰᠦᠮ᠎ᠡ︾ ᠳᠤ ᠰᠢᠯᠵᠢᠭᠦᠯᠦᠨ ᠲᠠᠬᠢᠪᠠ᠃ | ︽ᠮᠠᠭᠠᠳ ᠢᠯᠠᠭᠤᠭᠰᠠᠨ ᠰᠦᠮ᠎ᠡ︾ ᠶᠢᠨ ᠯᠠᠮᠠ ᠨᠠᠷ ᠲᠤ ᠰᠢᠪᠵᠡᠭᠦᠷᠢᠭ ᠯᠠᠮᠠ ᠪᠤᠯ ᠲᠡᠷᠢᠭᠦᠨ ᠯᠠᠮᠠ | ᠪᠠᠶᠢᠵᠤ᠂ ᠰᠢᠪᠵᠡᠭᠦᠷᠢᠭ ᠯᠠᠮᠠ ᠪᠤᠯ ᠡᠶᠡᠪᠡᠷ ᠵᠠᠰᠠᠭᠴᠢ ᠶᠢᠨ ᠵᠢᠷᠭᠤᠳᠤᠭᠠᠷ ᠤᠨ ︵1649 ᠤᠨ︶ ᠳᠤ ᠬᠦᠷᠢᠶ᠎ᠡ | ᠬᠤᠰᠢᠭᠤ ᠶᠢᠨ ᠰᠢᠷᠡᠭᠡᠲᠦ ᠬᠦᠷᠢᠶ᠎ᠡ ᠶᠢᠨ ᠰᠦᠮ᠎ᠡ ᠶᠢ ᠪᠠᠶᠢᠭᠤᠯᠵᠤ᠂ ᠵᠠᠰᠠᠭ ᠳ᠋ᠠ ᠯᠠᠮᠠ ᠡᠷᠭᠦᠮᠵᠢᠯᠡᠭᠳᠡᠪᠡ᠃ | ᠰᠢᠷᠡᠭᠡᠲᠦ ᠬᠦᠷᠢᠶ᠎ᠡ ᠶᠢᠨ ᠰᠦᠮ᠎ᠡ ᠳᠤ ︽ᠦᠬᠢᠨ ᠲᠡᠭᠷᠢ︾ ᠪᠤᠷᠬᠠᠨ ᠢ ᠲᠠᠬᠢᠳᠠᠭ᠃ ︽ᠯᠢᠭᠳᠡᠨ ᠬᠤᠳᠤᠭᠲᠤ | ᠬᠠᠭᠠᠨ ᠤ ᠡᠷᠳᠡᠮ ᠭᠠᠪᠢᠶ᠎ᠠ ᠶᠢᠨ ᠬᠦᠰᠢᠶ᠎ᠡ︾ ᠳᠤ ᠪᠠᠰᠠ ︽ᠦᠬᠢᠨ ᠲᠡᠭᠷᠢ︾ ᠪᠤᠷᠬᠠᠨ ᠢ ᠲᠡᠮᠳᠡᠭᠯᠡᠵᠦ ᠪᠠᠶᠢᠳᠠᠭ᠃ | ᠠᠳᠡ ᠳᠤᠷᠠᠳᠤᠭᠰᠠᠨ ︽ᠦᠬᠢᠨ ᠲᠡᠭᠷᠢ︾ ᠪᠤᠷᠬᠠᠨ ᠪᠤᠯ ᠮᠠᠾᠠᠺᠠᠯᠠ ᠪᠤᠷᠬᠠᠨ ᠢ ᠵᠢᠭᠠᠵᠤ ᠪᠤᠢ ᠶᠤᠮ᠃ ᠮᠠᠾᠠᠺᠠᠯᠠ | ᠪᠤᠷᠬᠠᠨ ᠪᠤᠯ ᠦᠬᠢᠨ ᠪᠤᠷᠬᠠᠨ᠂ ᠬᠦᠭᠵᠢᠮᠴᠢᠨ ᠪᠤᠷᠬᠠᠨ ᠪᠤᠯᠤᠨ᠎ᠠ᠃ ᠬᠦᠭᠵᠢᠮᠳᠡᠳᠡᠭ ᠬᠦᠭᠵᠢᠮ ᠨᠢ ︽ᠺᠠᠨᠳᠠᠷᠢᠰ | ᠬᠤᠭᠤᠷ︾ ᠭᠡᠳᠡᠭ᠃ | ︽ᠯᠢᠭᠳᠡᠨ ᠬᠤᠳᠤᠭᠲᠤ ᠬᠠᠭᠠᠨ ᠤ ᠡᠷᠳᠡᠮ ᠭᠠᠪᠢᠶ᠎ᠠ ᠶᠢᠨ ᠬᠦᠰᠢᠶ᠎ᠡ︾ ᠳᠤ ᠲᠡᠮᠳᠡᠭᠯᠡᠭᠰᠡᠨ ᠨᠢ᠄ ︽ | ᠮᠠᠾᠠᠺᠠᠯᠠ ᠪᠤᠷᠬᠠᠨ ᠪᠤᠯ ᠯᠢᠩᠬᠸ᠎ᠠ ᠴᠡᠴᠡᠭ ᠤᠨ ᠳᠤᠮᠳᠠ ᠴᠤᠮᠴᠤᠶᠢᠨ ᠰᠠᠭᠤᠵᠤ᠂ ᠠᠷᠪᠠᠨ ᠵᠢᠷᠭᠤᠭᠠᠨ ᠨᠠᠰᠤᠨ ᠤ | ᠳᠦᠷᠢ ᠨᠢ ᠰᠡᠳᠬᠢᠯ ᠢ ᠪᠤᠯᠢᠶᠠᠵᠤ᠂ ᠰᠠᠷᠠᠨ ᠤ ᠲᠢᠲᠢᠮ ᠤᠨ ᠮᠠᠯᠠᠭᠠᠢ ᠶᠢ ᠲᠡᠷᠢᠭᠦᠨ ᠳᠤ ᠪᠠᠨ ᠡᠮᠦᠰᠴᠦ᠂ ᠴᠠᠶᠢᠪᠤᠷ | ᠤᠯᠠᠭᠠᠨ ᠬᠠᠴᠠᠷ ᠲᠤ ᠨᠢ ᠴᠡᠴᠡᠭ ᠤᠨ ᠦᠩᠭᠡ ᠲᠤᠳᠤᠷᠠᠵᠤ᠂ ᠤᠰᠬᠠᠯ ᠬᠠᠷᠠᠴᠠ ᠨᠢ ᠰᠡᠳᠬᠢᠯ ᠢ ᠲᠠᠲᠠᠵᠤ᠂ | ᠬᠤᠶᠠᠷ ᠮᠤᠲᠤᠷ ᠨᠢ ᠺᠠᠨᠳᠠᠷᠢᠰ ᠬᠤᠭᠤᠷ ᠢ ᠤᠷᠠᠯᠢᠭ ᠳᠡᠯᠡᠳᠦᠵᠦ ᠪᠦᠬᠦᠢ ᠦᠬᠢᠨ ᠲᠡᠭᠷᠢ ᠪᠤᠯᠤᠨ᠎ᠠ︾ ᠭᠡᠰᠡᠨ ᠪᠠᠶᠢᠯ᠎ᠠ | ᠃ | ᠯᠢᠭᠳᠡᠨ ᠬᠤᠳᠤᠭᠲᠤ ᠬᠠᠭᠠᠨ ᠳᠤ ᠨᠠᠢᠮᠠᠨ ᠬᠠᠲᠤᠨ ᠲᠠᠢ᠃ ᠨᠠᠢᠮᠠᠨ ᠬᠠᠲᠤᠨ ᠤ ᠲᠤᠲᠤᠷᠠᠬᠢ ᠭᠤᠤᠯ | ᠬᠠᠲᠤᠨ ᠨᠢᠶᠠᠩᠨᠢᠶᠠᠩ ᠲᠠᠶᠢᠬᠡᠦ᠂ ᠬᠤᠶᠠᠳᠤᠭᠠᠷ ᠬᠠᠳᠤᠨ ᠳᠡᠭᠦᠦ ᠲᠦᠮᠡᠨ ᠲᠡᠶᠢᠬᠡᠦ᠂ ᠭᠤᠷᠪᠠᠳᠤᠭᠠᠷ ᠬᠠᠲᠤᠨ | ᠰᠦᠲᠡᠢ ᠲᠡᠶᠢᠬᠡᠦ᠂ ᠭᠤᠤᠯ ᠲᠦᠮᠡᠨ ᠬᠠᠲᠤᠨ᠂ ᠦᠯᠵᠡᠶᠢᠲᠦ ᠬᠠᠲᠤᠨ᠂ ᠪᠢᠵᠡᠢ ᠬᠠᠲᠤᠨ ᠵᠡᠷᠭᠡ ᠵᠢᠷᠭᠤᠭᠠᠨ | ᠬᠠᠲᠤᠳ ᠨᠢ ᠴᠢᠩ ᠤᠯᠤᠰ ᠢ ᠳᠠᠭᠠᠭᠰᠠᠨ ᠪᠠᠶᠢᠪᠠ᠃ ᠯᠢᠭᠳᠡᠨ ᠬᠤᠳᠤᠭᠲᠤ ᠬᠠᠭᠠᠨ ᠤ ᠬᠦᠷᠭᠡᠨ ᠳᠡᠭᠦᠦ ᠡᠷᠬᠡ | ᠴᠦᠬᠦᠷᠡᠯ ᠨᠢ ᠰᠠᠩᠭᠠᠷᠵᠠᠢ ᠨᠡᠷᠡᠲᠦ ᠬᠦᠮᠦᠨ ᠢ ᠠᠯᠠᠵᠤ᠂ ᠯᠢᠭᠳᠡᠨ ᠬᠤᠳᠤᠭᠲᠤ ᠬᠠᠭᠠᠨ ᠤ ᠨᠢᠭᠡ ᠬᠠᠲᠤᠨ ᠢ | ᠳᠠᠭᠠᠭᠤᠯᠤᠨ ᠮᠢᠩ ᠤᠯᠤᠰ ᠤᠨ ᠬᠢᠯᠢ ᠳᠤ ᠳᠤᠲᠠᠭᠠᠨ ᠤᠷᠤᠵᠤ᠂ ᠨᠦᠭᠦᠭᠡ ᠨᠢᠭᠡ ᠬᠠᠲᠤᠨ ᠢ ᠨᠢ ᠡᠷᠬᠡ ᠲᠤᠭᠰᠢᠨ | ᠨᠡᠷᠡᠲᠦ ᠬᠦᠮᠦᠨ ᠳᠠᠭᠠᠭᠤᠯᠤᠨ ᠮᠢᠩ ᠤᠯᠤᠰ ᠤᠨ ᠬᠢᠯᠢ ᠳᠤ ᠳᠤᠲᠠᠭᠠᠨ ᠤᠷᠤᠪᠠ᠃ | ᠮᠤᠩᠭᠤᠯ ︽ᠭᠠᠨᠵᠤᠤᠷ︾ ᠤᠨ ᠮᠤᠩᠭᠤᠯᠴᠢᠯᠠᠬᠤ ᠠᠵᠢᠯ ᠢ ᠱᠠᠷᠪᠠ ᠬᠤᠳᠤᠭᠲᠤ ᠵᠢᠭᠠᠨ ᠵᠢᠯᠤᠭᠤᠳᠴᠤ᠂ | ᠯᠢᠭᠳᠡᠨ ᠬᠤᠳᠤᠭᠲᠤ ᠬᠠᠭᠠᠨ ᠤ ᠦᠬᠢᠨ ᠳᠡᠭᠦᠦ ᠨᠤᠭᠤᠭᠠᠨ ᠳ᠋ᠠᠷ᠎ᠠ ᠮᠦᠭᠡᠯᠡᠨ ᠭᠦᠩᠵᠦ ᠪᠤᠯᠤᠨ ᠲᠤᠨᠢ ᠭᠦᠸᠧ ᠸᠠᠩ | ᠬᠤᠶᠠᠷ ᠡᠷᠬᠢᠯᠡᠭᠰᠡᠨ ᠶᠤᠮ᠃ ᠴᠢᠩ ᠤᠯᠤᠰ ᠢ ᠳᠠᠭᠠᠷ᠎ᠠ ᠤᠴᠢᠭᠰᠠᠨ ᠬᠤᠶᠠᠷ ᠭᠦᠩᠵᠦ ᠶᠢᠨ ᠨᠢᠭᠡ ᠨᠢ | ᠰᠤᠸᠠᠷᠠᠰᠸᠠᠳᠢ ᠭᠦᠩᠵᠦ ᠪᠠᠶᠢᠵᠤ᠂ ᠰᠤᠸᠠᠷᠠᠰᠸᠠᠳᠢ ᠭᠦᠩᠵᠦ ᠪᠤᠯ ᠪᠠᠭᠠᠷᠢᠨ ᠪᠠᠷᠠᠭᠤᠨ ᠬᠤᠰᠢᠭᠤᠨ ᠳᠠᠬᠢ ᠤᠮᠠᠷᠠᠲᠤ | ᠶᠤᠸᠠᠨ ᠤᠯᠤᠰ ᠤᠨ ᠬᠠᠭᠠᠨ ᠤ ᠤᠩᠭᠤᠨ ᠤ ᠪᠠᠷᠢᠯᠭ᠎ᠠ ᠶᠢᠨ ᠠᠵᠢᠯ ᠢ ᠡᠷᠬᠢᠯᠡᠭᠰᠡᠨ ᠰᠤᠸᠠᠷᠠᠰᠸᠠᠳᠢ ᠭᠦᠩᠵᠦ ᠪᠤᠯᠬᠤ | ᠶᠤᠮ᠃ ᠨᠦᠭᠦᠭᠡ ᠭᠦᠩᠵᠦ ᠨᠢ ᠪᠤᠯ ︽ᠭᠠᠨᠵᠤᠤᠷ︾ ᠢ ᠮᠤᠩᠭᠤᠯᠴᠢᠯᠠᠬᠤ ᠠᠵᠢᠯ ᠢ ᠡᠷᠬᠢᠯᠡᠭᠰᠡᠨ ᠨᠤᠭᠤᠭᠠᠨ ᠳ᠋ᠠᠷ᠎ᠠ | ᠮᠦᠭᠡᠯᠡᠨ ᠭᠦᠩᠵᠦ ᠪᠤᠯᠤᠨ᠎ᠠ᠃ | ᠯᠢᠭᠳᠡᠨ ᠬᠤᠳᠤᠭᠲᠤ ᠬᠠᠭᠠᠨ ᠤ ᠡᠷᠭᠦᠮᠵᠢᠯᠡᠭᠰᠡᠨ ᠪᠠᠰᠠ ᠨᠢᠭᠡᠨ ᠲᠠᠬᠢᠯ ᠤᠨ ᠯᠠᠮᠠ ᠪᠤᠯ ᠳ᠋ᠠᠨᠽᠠᠨ ᠭᠦᠦᠰᠢ | ᠪᠤᠯᠤᠨ᠎ᠠ᠃ ᠰᠦᠳᠡᠢ ᠲᠡᠶᠢᠬᠡᠦ ᠲᠠᠢ ᠴᠤᠭᠭᠠᠷ ᠴᠢᠩ ᠤᠯᠤᠰ ᠢ ᠳᠠᠭᠠᠷ᠎ᠠ ᠤᠴᠢᠭᠰᠠᠨ ᠳ᠋ᠤᠮᠰᠤᠨ ᠭᠦᠦᠰᠢ ᠪᠤᠯ | ᠳ᠋ᠠᠨᠽᠠᠨ ᠭᠦᠦᠰᠢ ᠮᠦᠨ᠃ ᠳ᠋ᠤᠮᠰᠤᠨ ᠭᠦᠦᠰᠢ ᠪᠤᠯ ᠳ᠋ᠠᠨᠽᠠᠨ ᠭᠦᠦᠰᠢ ᠶᠢᠨ ᠨᠡᠷ᠎ᠡ ᠶᠢᠨ ᠠᠳᠠᠯᠢ ᠪᠤᠰᠤ ᠪᠢᠴᠢᠯᠭᠡ | ᠪᠠᠶᠢᠵᠤ᠂ ᠠᠷᠤ ᠬᠤᠷᠴᠢᠨ ᠬᠤᠰᠢᠭᠤ ᠶᠢᠨ ᠠᠩᠬᠠᠳᠤᠭᠠᠷ ᠳᠦᠷᠢ ᠶᠢᠨ ᠪᠠᠷᠠᠭᠤᠨ ᠭᠡᠭᠡᠨ ᠳ᠋ᠠᠨᠽᠠᠨᠴᠤᠶᠢᠷᠤᠭ ᠳᠠᠷᠤᠢ | ᠳ᠋ᠤᠮᠰᠤᠨ ᠭᠦᠦᠰᠢ ᠮᠦᠨ᠃ | ︽ᠭᠠᠨᠵᠤᠤᠷ︾ ᠢ ᠮᠤᠩᠭᠤᠯᠴᠢᠯᠠᠬᠤ ᠠᠵᠢᠯ ᠳᠤ ᠤᠷᠤᠯᠴᠠᠭᠰᠠᠨ ᠭᠤᠴᠢᠨ ᠭᠤᠷᠪᠠᠨ ᠭᠦᠦᠰᠢ ᠶᠢᠨ | ᠲᠤᠲᠤᠷ᠎ᠠ ︽ᠭᠠᠷᠮ᠎ᠠ ᠳ᠋ᠤᠪᠰᠠᠩ ᠭᠦᠦᠰᠢ︾ ᠪᠠᠶᠢᠳᠠᠭ᠃ ᠭᠠᠷᠮ᠎ᠠ ᠳ᠋ᠤᠪᠰᠠᠩ ᠭᠦᠦᠰᠢ ᠪᠤᠯ ᠳᠠᠷᠤᠢ ᠳ᠋ᠤᠮᠰᠤᠨ | ᠭᠦᠦᠰᠢ ᠮᠦᠨ᠃ ᠲᠡᠭᠦᠨ ᠤ ᠤᠷᠴᠢᠭᠤᠯᠤᠭᠰᠠᠨ ᠨᠤᠮ ᠤᠨ ᠲᠤᠭ᠎ᠠ ᠨᠢ ᠭᠤᠴᠢᠨ ᠭᠤᠷᠪᠠᠨ ᠭᠦᠦᠰᠢ ᠶᠢᠨ ᠲᠤᠲᠤᠷ᠎ᠠ | ᠲᠠᠪᠤᠳᠤᠭᠠᠷ ᠲᠤ ᠵᠢᠭᠰᠠᠭᠠᠭᠳᠠᠨ᠎ᠠ᠃ ︽ᠮᠠᠭᠠᠳ ᠢᠯᠠᠭᠤᠭᠰᠠᠨ ᠰᠦᠮ᠎ᠡ ᠶᠢᠨ ᠬᠦᠰᠢᠶ᠎ᠡ︾ ᠪᠤᠯ ᠮᠠᠨᠵᠤ᠂ ᠮᠤᠩᠭᠤᠯ᠂ | ᠬᠢᠲᠠᠳ᠂ ᠲᠦᠪᠡᠳ ᠳᠦᠷᠪᠡᠨ ᠬᠡᠯᠡ ᠶᠢᠨ ᠦᠰᠦᠭ ᠢᠶᠠᠷ ᠪᠢᠴᠢᠭᠰᠡᠨ ᠬᠦᠰᠢᠶ᠎ᠡ ᠪᠠᠶᠢᠵᠤ᠂ ᠲᠡᠭᠦᠨ ᠤ ᠲᠤᠲᠤᠷᠠᠬᠢ | ᠲᠦᠪᠡᠳ ᠦᠰᠦᠭ ᠤᠨ ᠬᠦᠰᠢᠶ᠎ᠡ ᠶᠢᠨ ᠪᠢᠴᠢᠭ ᠢ ᠳ᠋ᠤᠮᠰᠤᠨ ᠭᠦᠦᠰᠢ ᠪᠢᠴᠢᠭᠰᠡᠨ ᠶᠤᠮ᠃ |