ᠪᠦᠰᠡᠬᠦᠢ ᠬᠦᠮᠦᠨ ᠢ ᠬᠠᠶᠢᠷᠠᠯᠠᠭᠠᠷᠠᠢ
ᠨᠡᠶᠢᠲᠡᠯᠡᠭᠰᠡᠨ ᠴᠠᠭ᠄
2018-03-08
                  — 3.8 ᠲᠡᠯᠡᠬᠡᠢ ᠶᠢᠨ ᠡᠮᠡᠭᠳᠠᠶᠢᠴᠤᠳ ᠤᠨ ᠪᠠᠶᠠᠷ ᠲᠤ ᠵᠤᠷᠢᠭᠤᠯᠪᠠ ᠠ᠊᠂ ᠤᠳᠬᠤᠨᠪᠠᠶᠠᠷ
ᠬᠠᠷᠠᠬᠠᠨ ᠨᠢᠳᠦᠨ ᠳᠤ ᠨᠢ ᠭᠤᠨᠢᠭ ᠪᠦᠷᠬᠦᠯᠦᠯ ᠦᠭᠡᠢ ᠲᠤᠩᠭᠠᠯᠠᠭ ᠢᠶᠠᠷ ᠨᠢ ᠬᠠᠶᠢᠷᠠᠯᠠᠭᠠᠷᠠᠢ ᠬᠠᠳᠠᠭᠤᠬᠠᠨ ᠬᠤᠷᠸ᠎ᠡ ᠳᠤ ᠵᠢᠷᠦᠭᠡ ᠶᠢ ᠨᠢ ᠬᠦᠨᠳᠡᠭᠡᠯ ᠦᠭᠡᠢ ᠵᠤᠷᠢᠮᠠᠭ ᠢᠶᠠᠷ ᠨᠢ ᠬᠠᠶᠢᠷᠠᠯᠠᠭᠠᠷᠠᠢ ᠤᠷᠳᠤᠬᠠᠨ ᠬᠠᠷᠠᠬᠠᠨ ᠰᠤᠷᠮᠤᠤᠰᠦ ᠶᠢ ᠨᠢ ᠰᠡᠷᠪᠡᠯᠵᠡᠬᠦᠯᠵᠦ ᠲᠡᠭᠵᠢᠨ ᠢᠶᠠᠷ ᠨᠢ ᠬᠠᠶᠢᠷᠠᠯᠠᠭᠠᠷᠠᠢ ᠤᠷᠢᠬᠠᠨ ᠲᠦᠯᠭᠡᠨ ᠠᠭᠠᠯᠢ ᠶᠢ ᠨᠢ ᠡᠩᠭᠦᠷᠡᠶᠢᠯᠡᠵᠦ ᠪᠤᠯᠪᠠᠷᠠᠶᠢᠬᠠᠨ ᠢᠶᠠᠷ ᠨᠢ ᠬᠠᠶᠢᠷᠠᠯᠠᠭᠠᠷᠠᠢ ᠴᠡᠯᠮᠡᠭ ᠴᠡᠴᠡᠨ ᠤᠬᠠᠭᠠᠨ ᠢ ᠨᠢ ᠬᠦᠨᠳᠦᠯᠡᠵᠦ ᠦᠷᠦᠭᠡ ᠪᠠᠨ ᠬᠡᠶᠢᠬᠦᠯᠵᠦ ᠬᠠᠶᠢᠷᠠᠯᠠᠭᠠᠷᠠᠢ ᠴᠢᠩ ᠵᠢᠷᠦᠮ ᠤᠨ ᠬᠠᠶᠢᠷ᠎ᠠ ᠶᠢ ᠨᠢ ᠰᠡᠪᠳᠡᠭᠡᠯ ᠦᠭᠡᠢ ᠪᠦᠳᠦᠨ ᠢᠶᠠᠷ ᠨᠢ ᠬᠠᠶᠢᠷᠠᠯᠠᠭᠠᠷᠠᠢ ᠦᠷ᠎ᠠ ᠶᠢᠨ ᠪᠦᠦᠪᠡᠢ ᠠᠶᠠᠯᠭᠤ ᠶᠢ ᠨᠢ ᠨᠠᠨᠳᠢᠩᠨᠡᠵᠦ ᠢᠷᠠᠭᠤᠬᠠᠨ ᠢᠶᠠᠷ ᠨᠢ ᠬᠠᠶᠢᠷᠠᠯᠠᠭᠠᠷᠠᠢ ᠦᠯᠡᠮᠵᠢ ᠶᠢᠨ ᠲᠠᠩᠰᠤᠭ ᠬᠠᠯᠠᠮᠵᠢ ᠶᠢ ᠨᠢ ᠲᠤᠰᠴᠦ ᠤᠷᠢᠶᠠᠯᠬᠠᠨ ᠢᠶᠠᠷ ᠨᠢ ᠬᠠᠶᠢᠷᠠᠯᠠᠭᠠᠷᠠᠢ ᠬᠠᠶᠠᠯᠠᠬᠰᠠᠨ ᠬᠡᠵᠢᠭᠡ ᠪᠠᠨ ᠬᠠᠭᠠᠯᠤᠬᠰᠠᠨ ᠠᠴᠠ ᠨᠢ ᠬᠠᠨᠢ ᠪᠠᠨ ᠭᠡᠵᠦ ᠦᠮᠴᠢᠷᠭᠡᠵᠦ ᠬᠠᠶᠢᠷᠠᠯᠠᠭᠠᠷᠠᠢ ᠬᠠᠳᠠᠭᠤᠬᠠᠨ ᠬᠤᠷᠸ᠎ᠡ ᠶᠢ ᠲᠤᠭᠤᠯᠬᠤ ᠠᠶᠠᠨ ᠳᠤ ᠠᠨᠳᠠ ᠪᠠᠨ ᠭᠡᠵᠦ ᠠᠮᠢᠨᠴᠢᠷᠬᠠᠵᠦ ᠬᠠᠶᠢᠷᠠᠯᠠᠭᠠᠷᠠᠢ ᠵᠢᠳᠬᠦᠵᠦ ᠶᠠᠪᠤᠭ᠎ᠠ ᠰᠡᠳᠬᠢᠯ ᠳᠤ ᠨᠢ ᠢᠳᠡᠭᠡᠯ ᠦᠭᠴᠦ ᠡᠷᠴᠢᠯᠡᠵᠦ ᠬᠠᠶᠢᠷᠠᠯᠠᠭᠠᠷᠢ ᠵᠢᠭᠵᠢᠭᠡᠷ ᠨᠠᠰᠤ ᠲᠠᠢ ᠢᠵᠢ ᠪᠤᠯᠬᠤ ᠳᠤ ᠨᠢ ᠲᠦᠰᠢᠭ ᠪᠤᠯᠵᠤ ᠮᠦᠡᠭᠭᠡᠳᠡ ᠬᠠᠶᠢᠷᠠᠯᠠᠭᠠᠷᠠᠢ
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号