ᠴᠢᠩᠬᠢᠰ ᠬᠠᠭᠠᠨ ᠤ ᠬᠡᠰᠢᠭᠳᠡᠨ ︵ᠬᠤᠶᠠᠷ︶
ᠨᠡᠶᠢᠲᠡᠯᠡᠭᠰᠡᠨ ᠴᠠᠭ᠄
2018-03-14
       ᠴᠢᠩᠬᠢᠰ ᠬᠠᠭᠠᠨ ᠤ ᠦᠶ᠎ᠡ ᠶᠢᠨ ᠬᠡᠰᠢᠭᠳᠡᠨ ᠴᠡᠷᠢᠭ ᠴᠢᠩᠬᠢᠰ ᠬᠠᠭᠠᠨ᠂ ᠦᠬᠡᠳᠠᠢ ᠬᠠᠭᠠᠨ᠂ ᠬᠦᠶᠦᠭ ᠬᠠᠭᠠᠨ ᠵᠡᠷᠬᠡ ᠦᠶ᠎ᠡ ᠦᠶ᠎ᠡ ᠶᠢᠨ ᠬᠠᠭᠠᠳ ᠢ ᠬᠠᠮᠠᠭᠠᠯᠠᠵᠤ ᠶᠠᠪᠤᠭᠠᠳ᠂ ᠬᠠᠮᠤᠭ ᠰᠡᠬᠦᠯᠴᠢ ᠶᠢᠨ ᠬᠠᠭᠠᠨ ᠲᠤᠭᠤᠨᠳᠡᠮᠤᠷ ᠲᠡᠭᠡᠷ᠎ᠡ ᠬᠦᠷᠴᠤ ᠢᠷᠡᠭᠰᠡᠨ ᠶᠤᠮ᠃ 1368 ᠤᠨ ᠳᠤ ᠲᠤᠭᠤᠨᠳᠠᠮᠤᠷ ᠬᠠᠭᠠᠨ ᠬᠠᠳᠤᠨ ᠬᠦᠪᠡᠬᠦᠨ ᠢᠶᠠᠨ ᠠᠪᠴᠤ ᠤᠳᠤ ᠶᠢᠨ ᠪᠡᠬᠡᠵᠢᠩ ᠲᠠᠶᠢᠳᠤ ᠠᠴᠠ ᠭᠠᠷᠴᠤ ᠶᠠᠪᠤᠵᠠᠢ᠃ ᠲᠡᠬᠡᠬᠦ ᠳᠤ ᠬᠡᠰᠢᠭᠳᠡᠨ ᠴᠡᠷᠢᠭ ᠨᠢ ᠲᠠᠭᠠᠵᠤ ᠬᠠᠮᠠᠭᠠᠯᠠᠵᠤ ᠶᠠᠪᠤᠭᠰᠠᠨ ᠶᠤᠮ᠃ ᠡᠬᠦᠨ ᠤ ᠲᠤᠬᠠᠢ ᠬᠠᠮᠤᠭ ᠤᠨ ᠨᠠᠶᠢᠳᠠᠪᠤᠷᠢᠳᠠᠢ ᠮᠠᠲ᠋ᠧᠷᠢᠶᠡᠯ ᠪᠤᠯ ᠲᠡᠬᠦᠨ ᠢ ᠲᠠᠭᠠᠵᠤ ᠶᠢᠩᠴᠠᠩ ᠯᠤ᠋ ᠴᠦᠯᠬᠡ ᠬᠦᠷᠳᠡᠯ᠎ᠡ ᠶᠠᠪᠤᠭᠰᠠᠨ ᠬᠢᠳᠠᠳ ᠲᠦᠰᠢᠮᠡᠳ ᠤᠨ ᠲᠡᠮᠳᠡᠭᠯᠡᠯ ᠪᠤᠯᠬᠤ ᠶᠤᠮ᠃ ᠡᠬᠦᠨ ᠢ ᠬᠢᠳᠡᠳ ᠢᠶᠠᠷ ︵北巡私记︶ ᠬᠡᠳᠡᠭ᠃ ᠡᠨᠡ ᠵᠤᠬᠢᠶᠠᠯ ᠨᠢ ᠮᠢᠩ ᠤᠯᠤᠰ ᠤᠨ ᠦᠶ᠎ᠡ ᠶᠢᠨ ᠮᠤᠩᠭᠤᠯ ᠲᠡᠤᠬᠡ ᠶᠢᠨ ᠬᠢᠳᠠᠳ ᠰᠤᠷᠪᠤᠯᠵᠢ ᠪᠢᠴᠢᠭ ᠤᠨ ᠡᠮᠬᠢᠳᠬᠡᠯ ᠳᠤ ᠤᠷᠤᠭᠠᠳ ᠪᠠᠶᠢᠨ᠎ᠠ᠃ ᠡᠨᠡ ᠪᠤᠯ ᠬᠠᠮᠤᠭ ᠤᠨ ᠯᠠᠪᠳᠠᠭᠤᠨ ᠵᠤᠬᠢᠶᠠᠯ ᠶᠤᠮ᠃ ︵ᠬᠡᠰᠢᠭᠳᠦᠭ᠌ᠳᠠᠬᠤ ᠫᠷᠤᠹᠧᠰᠰᠤᠷ︶        ᠤᠨ ᠲᠤᠭᠠᠯᠠᠯ ᠤᠨ 1368 ᠤᠨ ᠤ 8 ᠰᠠᠷ᠎ᠠ ᠶᠢᠨ 15 ᠳᠤ᠂ ᠲᠤᠭᠤᠨᠳᠡᠮᠤᠷ ᠲᠠᠭᠠᠭᠰᠠᠳ ᠲᠠᠢ ᠪᠠᠨ ᠱᠠᠩᠳᠤ ᠳᠤ ᠢᠷᠡᠵᠤ᠂ ᠮᠢᠩ ᠤᠯᠤᠰ ᠤᠨ ᠴᠡᠷᠢᠭ ᠤᠨ ᠨᠡᠬᠡᠯᠳᠠ ᠠᠴᠠ ᠵᠠᠶᠢᠯᠠᠵᠤ᠂ ᠲᠡᠬᠢᠭᠠᠳ 1369 ᠤᠨ ᠤ 6 ᠰᠠᠷ᠎ᠠ ᠶᠢᠨ 13 ᠳᠤ᠂ ᠲᠠᠯᠤᠨᠠᠭᠤᠷ ᠤᠨ ᠪᠠᠷᠠᠭᠤᠨ ᠬᠤᠶᠢᠳᠤ ᠡᠷᠬᠢ᠂ ᠬᠤᠩᠬᠢᠷᠠᠳ ᠠᠶᠢᠮᠠᠭ ᠤᠨ ᠡᠵᠡᠮᠰᠢᠯ ᠤᠨ ᠭᠠᠵᠠᠷ — ᠶᠢᠩᠴᠠᠩ ᠯᠤ᠋ ᠴᠦᠯᠬᠡ ᠳᠤ ᠬᠦᠷᠴᠤ ᠢᠷᠡᠵᠠᠢ᠃        10 ᠰᠠᠷ᠎ᠠ ᠶᠢᠨ ᠲᠠᠷᠠᠭ᠎ᠠ᠂ ᠶᠡᠭᠡ ᠬᠠᠭᠠᠨ ᠡᠪᠡᠳᠴᠢᠨ ᠢᠶᠠᠷ ᠲᠠᠭᠠᠯᠠᠯ ᠲᠡᠬᠦᠰᠴᠤ᠂ ᠬᠠᠭᠠᠨ ᠤ ᠬᠦᠪᠡᠬᠦᠨ ᠲᠠᠶᠢᠽᠢ ᠬᠠᠭᠠᠨ ᠰᠠᠭᠤᠷᠢᠨ ᠢ ᠵᠠᠯᠭᠠᠮᠵᠢᠯᠠᠵᠠᠢ᠃ ᠡᠨᠡ ᠪᠤᠯ ᠲᠠᠷᠤᠢ ᠤᠮᠠᠷᠠᠳᠤ ᠶᠤᠸᠠᠨ ᠤᠯᠤᠰ ᠤᠨ ᠠᠩᠬᠠᠳᠤᠭᠠᠷ ᠬᠠᠭᠠᠨ ᠠᠶᠤᠰᠢᠷᠡᠳᠠᠷ᠎ᠠ ᠪᠤᠯᠤᠨ᠎ᠠ᠃        ᠮᠢᠩ ᠤᠯᠤᠰ ᠤᠨ ᠴᠡᠷᠢᠭ ᠶᠤᠸᠠᠨ ᠤᠯᠤᠰ ᠤᠨ ᠭᠠᠰᠢᠭᠤᠳᠠᠯ ᠤᠨ ᠵᠠᠪᠰᠢᠶᠠᠨ ᠢ ᠲᠠᠯᠢᠮᠳᠠᠭᠤᠯᠤᠨ᠂ ᠶᠢᠩᠴᠠᠩ ᠯᠤ᠋ ᠴᠦᠯᠬᠡ ᠶᠢ ᠬᠡᠨᠡᠳᠡᠬᠦᠯᠦᠨ ᠲᠠᠭᠠᠷᠢᠬᠤ ᠳᠤ᠂ ᠬᠡᠰᠢᠭᠳᠡᠨ ᠴᠡᠷᠢᠭ ᠡᠰᠡᠷᠬᠦᠴᠡᠨ ᠪᠠᠶᠢᠯᠳᠤᠭᠠᠳ ᠮᠠᠰᠢ ᠶᠡᠭᠡ ᠬᠤᠬᠢᠷᠠᠯ ᠳᠤ ᠤᠴᠠᠷᠠᠵᠤ᠂ ᠠᠶᠤᠰᠢᠷᠠᠳᠠᠷ᠎ᠠ ᠬᠠᠭᠠᠨ ᠪᠦᠰᠡᠯᠡᠯᠳᠠ ᠶᠢ ᠰᠢᠪᠳᠤᠯᠤᠨ ᠤᠮᠠᠷᠠᠰᠢ ᠲᠤᠳᠠᠭᠠᠬᠤ ᠳᠤ ᠵᠦᠪᠬᠡᠨ ᠲᠤᠯᠤᠭ᠎ᠠ᠂ ᠨᠠᠢᠮᠠᠬᠠᠨ ᠰᠢᠳᠠᠷ ᠴᠡᠷᠢᠭ ᠲᠠᠭᠠᠵᠤ ᠶᠠᠪᠤᠵᠠᠢ᠃ ᠮᠢᠩ ᠤᠯᠤᠰ ᠤᠨ ᠴᠡᠷᠢᠭ ᠨᠡᠬᠡᠵᠤ ᠬᠦᠢᠴᠡᠭᠰᠡᠨ ᠦᠬᠡᠢ᠃ ᠠᠶᠤᠰᠢᠷᠠᠳᠠᠷ᠎ᠠ ᠬᠠᠭᠠᠨ ᠡᠴᠤᠰ ᠲᠡᠭᠡᠨ ᠬᠠᠷ᠎ᠠ ᠬᠤᠷᠢᠨ ᠳᠤ ᠪᠤᠴᠠᠵᠤ ᠬᠠᠷᠢᠪᠠ᠃        ᠶᠢᠩᠴᠠᠩ ᠯᠤ᠋ ᠴᠦᠯᠬᠡ ᠶᠢᠨ ᠪᠠᠶᠢᠯᠳᠤᠭᠠᠨ ᠳᠤ᠂ ᠬᠡᠰᠢᠭᠳᠡᠨ ᠴᠡᠷᠢᠭ ᠶᠡᠬᠡᠪᠡᠷ ᠦᠷᠡᠭᠳᠡᠵᠤ᠂ ᠠᠮᠢᠳᠤ ᠦᠯᠡᠳᠡᠭᠰᠡᠳ ᠨᠢ ᠲᠤᠰ ᠭᠠᠵᠠᠷ ᠲᠠᠭᠠᠨ ᠰᠢᠩᠬᠡᠵᠤ᠂ ᠨᠡᠬᠦᠳᠠᠯ ᠮᠠᠯᠵᠢᠯ ᠢᠶᠠᠷ ᠠᠮᠢᠳᠤᠷᠠᠬᠤ ᠪᠤᠯᠵᠠᠢ᠃        ᠬᠡᠰᠢᠭᠳᠡᠨ ᠨᠤᠳᠤᠭ ᠤᠨ ᠨᠠᠶᠠ ᠭᠠᠷᠤᠭᠰᠠᠨ ᠨᠠᠰᠤᠳᠠᠨ ᠪᠤᠶᠠᠶᠢᠢᠪᠡᠬᠡᠯ ᠭᠤᠸᠠᠢ ᠲᠡᠬᠦᠨ ᠤ ᠬᠡᠷ ᠤᠨ ᠲᠡᠤᠬᠡ ᠳᠤ ᠲᠡᠮᠳᠡᠭᠯᠡᠬᠦ ᠳᠡᠭᠡᠨ᠄ ᠮᠢᠨᠤ ᠲᠡᠭᠡᠳᠤᠰ ᠪᠤᠯ 1369 ᠤᠨ ᠳᠤ᠂ ᠲᠤᠭᠤᠨᠳᠡᠮᠤᠷ ᠬᠠᠭᠠᠨ ᠢ ᠲᠠᠭᠠᠵᠤ ᠪᠡᠬᠡᠵᠢᠩ ᠠᠴᠠ ᠱᠠᠩᠳᠤ᠂ ᠱᠠᠩᠳᠤ ᠠᠴᠠ ᠪᠠᠷᠰ ᠬᠤᠳᠠᠨ ᠳᠤ ᠢᠷᠡᠭᠰᠡᠨ ᠶᠤᠮ᠃ ᠰᠡᠬᠦᠯᠡᠷ ᠨᠢ᠂ ᠮᠢᠩ ᠤᠨ ᠴᠡᠷᠢᠭ ᠪᠠᠷᠰ ᠬᠤᠳᠠ ᠶᠢ ᠰᠢᠳᠠᠭᠠᠬᠤ ᠦᠶ᠎ᠡ ᠳᠤ᠂ ᠪᠠᠷᠠᠭᠤᠨ ᠡᠯᠡᠰᠤ ᠬᠤᠯᠠᠨ ᠰᠢᠷᠭ᠎ᠠ ᠶᠢᠨ ᠡᠯᠡᠰᠤ ᠪᠠᠷ ᠲᠤᠳᠠᠭᠠᠵᠤ᠂ ᠬᠡᠰᠢᠭᠳᠡᠨ ᠤ ᠡᠮᠤᠨ᠎ᠡ ᠬᠡᠰᠡᠭ ᠲᠤ ᠬᠦᠷᠴᠤ ᠰᠠᠶ᠋ᠢ ᠠᠮᠢᠳᠤ ᠭᠠᠷᠤᠭᠰᠠᠨ ᠶᠤᠮ ᠬᠡᠵᠠᠢ᠃          ᠲᠤᠭᠤᠨᠲᠡᠮᠤᠷ ᠬᠠᠭᠠᠨ ᠲᠠᠭᠠᠯᠠᠯ ᠲᠡᠬᠦᠰᠦᠭᠰᠡᠨ ᠠᠴᠠ ᠠᠪᠤᠭᠠᠳ᠂ 16 ᠳ᠋ᠤᠭᠠᠷ ᠵᠠᠭᠤᠨ ᠤ ᠡᠬᠢᠨ ᠤ ᠦᠶ᠎ᠡ ᠬᠦᠷᠳᠡᠯ᠎ᠡ᠂ ᠲᠠᠷᠤᠢ ᠴᠢᠩᠬᠢᠰ ᠬᠠᠭᠠᠨ ᠤ ᠠᠷᠪᠠᠨ ᠲᠦᠷᠪᠡᠳᠤᠬᠡᠷ ᠦᠶ᠎ᠡ ᠶᠢᠨ ᠠᠴᠢ ᠪᠠᠳᠦᠮᠦ᠋ᠩᠬᠡ ᠲᠠᠶᠠᠨ ᠬᠠᠭᠠᠨ ᠮᠠᠨᠳᠤᠬᠠᠢ ᠰᠡᠴᠡᠨ ᠬᠠᠳᠤᠨ ᠲᠠᠢ ᠪᠠᠨ ᠬᠠᠮᠳᠤ᠂ ᠬᠤᠶᠠᠳᠠᠬᠢ ᠤᠳᠠᠭ᠎ᠠ ᠮᠤᠩᠭᠤᠯ ᠲᠤᠭᠤᠷᠭᠠᠳᠠᠨ ᠢ ᠨᠢᠬᠡᠳᠬᠡᠭᠰᠡᠨ ᠬᠦᠷᠳᠡᠯᠡᠬᠢ ᠵᠠᠭᠤᠨ ᠭᠤᠴᠢᠭᠠᠳ ᠵᠢᠯ ᠤᠨ ᠬᠤᠭᠤᠴᠠᠭᠠᠨ ᠳᠤ᠂ ᠬᠠᠭᠠᠨ ᠲᠦᠷᠦ ᠠᠴᠠ ᠬᠡᠰᠢᠭᠳᠡᠨ ᠴᠡᠷᠢᠭ ᠢᠶᠠᠨ ᠲᠡᠬᠢᠵᠤ ᠪᠦᠷᠢᠨ ᠪᠦᠳᠦᠨ ᠵᠤᠬᠢᠶᠠᠨ ᠪᠠᠶᠢᠭᠤᠯᠤᠭᠰᠠᠨ ᠤᠳᠠᠭ᠎ᠠ ᠦᠬᠡᠢ᠃ ᠡᠨᠡᠬᠦ ᠵᠠᠭᠤᠨ ᠭᠤᠴᠢᠭᠠᠳ ᠵᠢᠯ ᠳᠤ᠂ ᠤᠮᠠᠷᠠᠳᠤ ᠶᠤᠸᠠᠨ ᠤᠯᠤᠰ ᠤᠨ ᠲᠤᠳᠤᠭᠠᠳᠤ ᠳᠤ ᠬᠢᠮᠤᠷᠠᠯ ᠬᠠᠭᠠᠴᠠᠯ ᠲᠠᠰᠤᠷᠠᠯᠳᠠ ᠦᠭᠡᠢ ᠭᠠᠷᠴᠤ᠂ ᠲᠦᠷᠦ ᠶᠢᠨ ᠡᠷᠬᠡ ᠲᠤᠭᠳᠠᠪᠤᠷᠢ ᠦᠭᠡᠢ ᠪᠤᠯᠵᠤ᠂ ᠬᠠᠷᠢᠯᠴᠠᠨ ᠬᠦᠨᠦᠬᠡᠬᠦ ᠶᠠᠪᠤᠳᠠᠯ ᠤᠯᠠᠰᠢᠷᠠᠭᠰᠠᠨ ᠠᠴᠠ᠂ ᠬᠤᠶᠢᠨ᠎ᠠ ᠡᠮᠤᠨ᠎ᠡ 14 ᠬᠠᠭᠠᠨ ᠰᠠᠭᠤᠷᠢᠨ᠎ᠠ ᠰᠠᠭᠤᠭᠰᠠᠨ ᠪᠤᠯᠪᠠᠴᠤ᠂ ᠠᠷᠪᠠᠨ ᠵᠢᠯ ᠠᠴᠠ ᠲᠠᠭᠡᠭᠰᠢ ᠬᠠᠭᠠᠨ ᠰᠠᠭᠤᠭᠰᠠᠨ ᠨᠢ ᠬᠤᠪᠤᠷ᠂ ᠤᠯᠠᠩᠬᠢ ᠨᠢ ᠲᠦᠷᠪᠡ ᠲᠠᠪᠤᠨ ᠵᠢᠯ ᠰᠠᠭᠤᠷᠢᠨ ᠳᠤ ᠰᠠᠭᠤᠵᠤ᠂ ᠬᠠᠮᠤᠭ ᠤᠨ ᠤᠬᠤᠷ ᠨᠢ ᠰᠠᠶ᠋ᠢ ᠨᠢᠬᠡᠬᠡᠨ ᠵᠢᠯ ᠬᠠᠭᠠᠨ ᠰᠠᠭᠤᠭᠰᠠᠨ ᠴᠦ ᠪᠤᠢ᠃ ᠨᠠᠰᠤᠨ ᠬᠤᠳᠤᠭ ᠨᠢ ᠲᠦᠴᠢ ᠶᠢ ᠬᠡᠳᠦᠷᠡᠭᠰᠡᠨ ᠴᠦᠬᠡᠬᠡᠨ᠂ ᠬᠠᠮᠤᠭ ᠤᠨ ᠵᠠᠯᠠᠭᠤ ᠨᠢ ᠬᠤᠷᠢᠨ ᠨᠠᠰᠤᠳᠠᠢ ᠳᠠᠭᠠᠨ ᠠᠮᠢ ᠪᠠᠨ ᠠᠯᠳᠠᠵᠠᠢ᠃ 14 ᠬᠠᠭᠠᠨ ᠠᠴᠠ 10 ᠨᠢ ᠲᠤᠳᠤᠭᠠᠳᠤ ᠶᠢᠨ ᠵᠢᠭᠤᠷᠭᠠᠨ ᠳᠤ ᠨᠢᠭᠤᠴᠠ ᠪᠠᠷ ᠬᠤᠤᠷᠯᠠᠭᠳᠠᠵᠠᠢ᠃ ᠡᠬᠦᠨ ᠤ ᠭᠤᠤᠯ ᠰᠢᠯᠳᠠᠭᠠᠨ ᠨᠢ᠂ ᠬᠡᠰᠢᠭᠳᠡᠨ ᠴᠡᠷᠢᠭ ᠢᠶᠠᠨ ᠴᠢᠬᠤᠯᠠᠴᠢᠯᠠᠵᠤ ᠪᠠᠶᠢᠭᠤᠯᠤᠭᠰᠠᠨ ᠦᠭᠡᠢ ᠠᠴᠠ ᠪᠤᠯᠤᠭᠰᠠᠨ ᠶᠤᠮ᠃        ᠰᠠᠭᠠᠩ ᠰᠡᠴᠡᠨ ᠤ ︽ᠡᠷᠳᠡᠨᠢ ᠶᠢᠨ ᠲᠤᠪᠴᠢ︾ ᠳᠤ᠂ ᠲᠦᠷᠦᠭ ᠭᠠᠷᠤᠯᠳᠠᠢ ᠮᠤᠩᠭᠤᠯ ᠦᠬᠡ ︽ᠴᠠᠬᠠᠷ︾ ᠤᠨ ᠲᠤᠬᠠᠢ ᠤᠯᠠᠨ ᠵᠦᠢᠯ ᠤᠨ ᠲᠠᠶᠢᠯᠪᠤᠷᠢ ︵ᠪᠤᠶᠤ ᠲᠠᠭᠠᠭᠠᠪᠤᠷᠢ︶ ᠪᠠᠶᠢᠳᠠᠭ᠃ ᠡᠬᠦᠨ ᠤ ᠲᠤᠳᠤᠷ᠎ᠠ ︽ᠬᠠᠭᠠᠨ ᠤ ᠤᠷᠳᠤᠨ ᠤ ᠬᠠᠮᠠᠭᠠᠯᠠᠭᠴᠢ︾᠂ ᠲᠠᠷᠤᠢ ︽ᠬᠠᠭᠠᠨ ᠢ ᠬᠠᠮᠠᠭᠠᠯᠠᠬᠤ ᠴᠡᠷᠢᠭ︾ ᠬᠡᠰᠡᠨ ᠪᠤᠯᠤᠯᠳᠠᠢ ᠬᠡᠳᠡᠭ ᠲᠠᠶᠢᠯᠪᠤᠷᠢ ᠨᠢ ᠬᠠᠮᠤᠭ ᠤᠨ ᠤᠨᠤᠪᠴᠢᠳᠠᠢ ᠪᠠᠶᠢᠬ᠎ᠠ ᠬᠡᠰᠡᠨ ᠤᠳᠬ᠎ᠠ ᠪᠠᠷ ᠲᠡᠮᠳᠡᠭᠯᠡᠵᠠᠢ᠃ ᠡᠨᠡ ᠨᠢ ︽ᠬᠡᠰᠢᠭᠳᠡᠨ︾ ᠬᠡᠳᠡᠭ ᠦᠭᠡ ᠲᠠᠢ ᠠᠳᠠᠯᠢ ᠤᠳᠬ᠎ᠠ ᠲᠠᠢ᠃        ᠤᠮᠠᠷᠠᠳᠤ ᠶᠤᠸᠠᠨ ᠤᠯᠤᠰ ᠤᠨ ᠦᠶ᠎ᠡ ᠪᠤᠯ᠂ ᠬᠡᠰᠢᠭᠳᠡᠨ ᠴᠡᠷᠢᠭ ᠠᠴᠠ ᠴᠠᠬᠠᠷ ᠤᠷᠤᠭᠤ ᠤᠯᠠᠷᠢᠨ ᠰᠢᠯᠵᠢᠭᠰᠡᠨ ᠴᠠᠭ ᠦᠶ᠎ᠡ ᠮᠦᠨ᠃ ᠪᠠᠳᠦᠮᠦ᠋ᠩᠬᠡ ᠲᠠᠶᠠᠨ ᠬᠠᠭᠠᠨ᠂ ᠬᠠᠭᠠᠨ ᠤ ᠤᠷᠳᠤᠨ ᠤ ᠬᠠᠮᠠᠭᠠᠯᠠᠭᠴᠢ ᠰᠢᠳᠠᠷ ᠴᠡᠷᠢᠭ ᠤᠨ ᠵᠤᠬᠢᠶᠠᠨ ᠪᠠᠶᠢᠭᠤᠯᠤᠯᠳᠠ ᠪᠠᠨ ᠴᠢᠩᠭᠠᠳᠬᠠᠭᠰᠠᠨ ᠠᠴᠠ ︽ᠴᠠᠬᠠᠷ︾ ᠠᠭᠠᠵᠢᠮ ᠢᠶᠠᠷ ᠬᠦᠴᠦᠷᠬᠡᠭᠵᠢᠵᠤ ᠢᠷᠡᠵᠠᠢ᠃        ᠤᠮᠠᠷᠠᠳᠤ ᠶᠤᠸᠠᠨ ᠤᠯᠤᠰ ᠤᠨ ᠦᠶ᠎ᠡ ᠶᠢᠨ ᠴᠠᠬᠠᠷ ᠲᠦᠮᠡᠨ ᠪᠤᠯ᠂ ᠴᠢᠩᠬᠢᠰ ᠬᠠᠭᠠᠨ ᠤ ᠪᠠᠶᠢᠭᠤᠯᠤᠭᠰᠠᠨ ᠲᠦᠮᠡᠨ ᠬᠡᠰᠢᠭᠳᠡᠨ ᠤ ᠰᠡᠷᠬᠦᠯᠳᠠ᠂ ᠵᠠᠯᠭᠠᠮᠵᠢ ᠪᠠ ᠬᠦᠭᠵᠢᠯᠳᠠ ᠮᠦᠨ᠃        ᠪᠠᠳᠤᠮᠦ᠋ᠩᠬᠡ ᠲᠠᠶᠠᠨ ᠬᠠᠭᠠᠨ ᠮᠤᠩᠭᠤᠯ ᠲᠤᠭᠤᠷᠭᠠᠳᠠᠨ ᠢ ᠨᠢᠬᠡᠳᠬᠡᠭᠰᠡᠨ ᠤ ᠲᠠᠷᠠᠭ᠎ᠠ᠂ ᠪᠦᠬᠦ ᠮᠤᠩᠭᠤᠯ ᠤᠷᠤᠨ ᠢᠶᠠᠨ ᠵᠡᠬᠦᠨ ᠪᠠᠷᠠᠭᠤᠨ ᠵᠢᠷᠭᠤᠭᠠᠨ ᠲᠦᠮᠡᠨ ᠬᠤᠪᠢᠶᠠᠵᠤ᠂ 11 ᠬᠦᠪᠡᠬᠦᠨ ᠳᠡᠭᠡᠨ ᠬᠤᠪᠢᠶᠠᠨ ᠵᠠᠬᠢᠷᠤᠭᠤᠯᠵᠤ ᠂ ᠬᠤᠩᠬᠢᠷᠠᠳ ᠠᠶᠢᠮᠠᠭ ᠢ ᠲᠠᠪᠤᠳᠤᠭᠠᠷ ᠬᠦᠪᠡᠬᠦᠨ ᠸᠴᠢᠷᠪᠤᠯᠤᠳ ᠲᠤ ᠬᠤᠪᠢᠳᠠᠵᠤ ᠦᠭᠴᠠᠢ᠃ ᠸᠴᠢᠷᠪᠤᠯᠤᠳ ᠤᠨ ᠠᠴᠢ ᠰᠢᠷᠠᠯᠳᠠᠢ ᠮᠡᠷᠬᠡᠨ ᠨᠤᠶᠠᠨ᠂ ᠲᠡᠭᠡᠳᠤᠰ ᠤᠨ ᠢᠶᠠᠨ ᠭᠠᠵᠠᠷ ᠢ ᠦᠪᠯᠡᠨ ᠵᠠᠯᠭᠠᠮᠵᠢᠯᠠᠭᠰᠠᠨ ᠤ ᠲᠠᠷᠠᠭ᠎ᠠ᠂ ᠦᠪᠡᠷ ᠤᠨ ᠨᠤᠶᠠᠷᠬᠠᠵᠤ ᠪᠠᠶᠢᠭᠰᠠᠨ ᠬᠤᠩᠬᠢᠷᠠᠳ ᠠᠶᠢᠮᠠᠭ ᠢ ᠬᠡᠰᠢᠭᠳᠡᠨ ᠠᠶᠢᠮᠠᠭ ᠬᠡᠵᠤ ᠬᠠᠯᠠᠵᠠᠢ᠃ ᠡᠬᠦᠨ ᠠᠴᠠ ᠡᠬᠢᠯᠡᠵᠤ ᠬᠤᠩᠬᠢᠷᠠᠳ ᠨᠤᠳᠤᠭ ᠨᠢ ᠬᠡᠰᠢᠭᠳᠡᠨ ᠨᠡᠷ᠎ᠡ ᠲᠠᠢ ᠪᠤᠯᠤᠭᠰᠠᠨ ᠪᠠᠶᠢᠵᠠᠢ᠃        ᠰᠢᠷᠠᠯᠳᠠᠢ ᠮᠡᠷᠬᠡᠨ ᠨᠤᠶᠠᠨ ᠬᠡᠰᠢᠭᠳᠡᠨ ᠬᠡᠳᠡᠭ ᠨᠡᠷ᠎ᠡ ᠶᠢ ᠰᠡᠷᠬᠦᠬᠡᠨ ᠬᠡᠷᠡᠭᠯᠡᠭᠰᠡᠨ ᠨᠢ᠂ ᠲᠡᠤᠬᠡ ᠶᠢᠨ ᠰᠢᠯᠳᠠᠭᠠᠨ ᠪᠠ ᠰᠡᠳᠬᠢᠯᠬᠡ ᠶᠢᠨ ᠤᠴᠢᠷ ᠲᠠᠢ᠃ ᠡᠨᠡ ᠨᠢ ᠭᠤᠤᠯᠳᠠᠭᠤ ᠲᠤᠭᠤᠨᠳᠡᠮᠤᠷ ᠬᠠᠭᠠᠨ ᠢ ᠲᠠᠭᠠᠵᠤ ᠢᠷᠡᠭᠰᠡᠨ ᠬᠡᠰᠢᠭᠳᠡᠨᠴᠤᠳ ᠡᠨᠡ ᠨᠤᠳᠤᠭ ᠲᠤ ᠰᠢᠩᠬᠡᠭᠰᠡᠨ ᠠᠴᠠ ᠪᠤᠯᠤᠭᠰᠠᠨ ᠶᠤᠮ᠃ ︵ᠲᠡᠤᠬᠡ ᠶᠢᠨ ᠰᠢᠯᠳᠠᠭᠠᠨ ᠨᠢ᠄ ᠲᠦᠷᠦ ᠶᠢᠨ ᠡᠷᠬᠡ ᠶᠢ ᠲᠦᠪᠯᠡᠷᠡᠬᠦᠯᠵᠤ᠂ ᠠᠶᠢᠮᠠᠭ ᠪᠦᠯᠦᠭ ᠢᠶᠠᠷ ᠢᠶᠠᠨ ᠬᠠᠭᠠᠴᠠᠨ ᠵᠠᠳᠠᠷᠠᠬᠤ ᠠᠴᠠ ᠰᠡᠷᠬᠡᠶᠢᠯᠡᠬᠦ ᠶᠢᠨ ᠲᠦᠯᠦᠬᠡ᠂ ᠬᠤᠩᠬᠢᠷᠠᠳ ᠠᠶᠢᠮᠠᠭ ᠤᠨ ᠤᠨᠴᠠ ᠡᠷᠬᠡ ᠶᠢ ᠬᠠᠰᠤᠵᠤ ︽ᠢᠵᠠᠭᠤᠷᠳᠠᠨ︾ ᠪᠠᠶᠢᠭᠰᠠᠨ ᠠᠴᠠ ᠨᠢ ︽ᠬᠠᠷᠠᠴᠤ︾ ᠪᠤᠯᠭᠠᠭᠰᠠᠨ ᠶᠠᠪᠤᠳᠠᠯ ᠪᠤᠯᠤᠨ᠎ᠠ᠃︶        ᠶᠤᠸᠠᠨ ᠤᠯᠤᠰ ᠢ ᠪᠠᠭᠳᠠᠭᠠᠭᠰᠠᠨ ᠮᠤᠩᠭᠤᠯ ᠬᠠᠭᠠᠨᠳᠤ ᠤᠯᠤᠰ ᠤᠨ ᠲᠡᠤᠬᠡ ᠶᠢ ᠰᠡᠬᠦᠵᠤ ᠦᠵᠡᠬᠦᠯ᠎ᠡ᠂ 1206 ᠤᠨ ᠠᠴᠠ 1634 ᠤᠨ ᠬᠦᠷᠳᠡᠯ᠎ᠡ᠂ ᠲᠤᠬᠠᠶᠢᠯᠠᠪᠠᠯ ᠴᠢᠩᠬᠢᠰ ᠬᠠᠭᠠᠨ ᠠᠴᠠ ᠬᠠᠮᠤᠭ ᠡᠴᠤᠰ ᠤᠨ ᠯᠢᠭᠳᠡᠨ ᠬᠠᠭᠠᠨ ᠬᠦᠷᠳᠡᠯ᠎ᠡ᠂ ᠮᠤᠩᠭᠤᠯ ᠬᠠᠭᠠᠨᠳᠤ ᠤᠯᠤᠰ 428 ᠵᠢᠯ ᠢ ᠡᠯᠡᠬᠡᠵᠤ᠂ 36 ᠬᠠᠭᠠᠨ ᠰᠠᠭᠤᠷᠢᠨ᠎ᠠ ᠰᠠᠭᠤᠬᠤ ᠳᠤ᠂ ᠬᠡᠰᠢᠭᠳᠡᠨ ᠴᠡᠷᠢᠭ ᠤᠨ ᠪᠠᠶᠢᠭᠤᠯᠤᠮᠵᠢ ᠨᠢ ᠪᠦᠷᠢᠨ ᠪᠦᠲᠦᠨ  ᠪᠠᠶᠢᠭᠰᠠᠨ ᠦᠶ᠎ᠡ ᠳᠤ᠂ ᠲᠦᠷᠦ ᠶᠢᠨ ᠡᠷᠬᠡ ᠨᠢ ᠲᠤᠭᠳᠠᠪᠤᠷᠢᠳᠠᠢ ᠪᠠᠶᠢᠵᠤ᠂ ᠤᠯᠤᠰ ᠬᠦᠷᠦᠨ ᠨᠢ ᠬᠦᠭᠵᠢᠨ ᠮᠠᠨᠳᠤᠵᠤ ᠪᠠᠶᠢᠵᠠᠢ᠃ ᠬᠡᠷᠪᠡ ᠡᠬᠦᠨ ᠤ ᠡᠰᠡᠷᠬᠦᠦ ᠪᠠᠷ ᠪᠤᠯ ᠬᠠᠷᠢᠨ ᠬᠠᠭᠠᠴᠠᠯ ᠵᠠᠳᠠᠷᠠᠯ ᠦᠷᠬᠦᠯᠵᠢᠯᠡᠵᠤ᠂ ᠲᠦᠷᠦ ᠶᠢᠨ ᠬᠤᠪᠢᠰᠤᠯ ᠲᠠᠰᠤᠷᠠᠯ ᠦᠭᠡᠢ ᠭᠠᠷᠴᠤ ᠪᠠᠶᠢᠭᠰᠠᠨ ᠶᠤᠮ᠃        ᠲᠤᠭᠤᠨᠳᠡᠮᠤᠷ ᠬᠠᠭᠠᠨ ᠬᠡᠳᠦ᠋ᠢᠪᠡᠷ ᠲᠡᠭᠡᠳᠤᠰ ᠤᠨ ᠢᠶᠠᠨ ᠬᠡᠰᠢᠭᠳᠡᠨ ᠴᠡᠷᠢᠭ ᠪᠤᠯᠤᠨ ᠦᠪᠡᠷ ᠤᠨ ᠢᠶᠠᠨ ᠴᠢᠨᠳᠠᠷ ᠢ ᠲᠠᠯᠠᠶᠢᠨᠠᠭᠤᠷ ᠤᠨ ᠬᠦᠪᠡᠬᠡᠨ ᠳᠤ ᠤᠷᠬᠢᠵᠤ᠂ ︽ᠬᠡᠮᠰᠢᠯ ᠤᠨ ᠲᠠᠭᠤᠤ︾ ᠪᠠᠨ ᠶᠢᠷᠳᠢᠨᠴᠤ ᠳᠤ ᠦᠯᠡᠳᠡᠭᠡᠭᠰᠡᠨ ᠪᠤᠯᠪᠠᠴᠤ᠂ ᠲᠡᠬᠦᠨ ᠤ ᠦᠯᠡᠳᠡᠭᠡᠭᠰᠡᠨ ᠨᠢ ᠵᠦᠪᠬᠡᠨ ︽ᠬᠡᠮᠰᠢᠯ ᠤᠨ ᠲᠠᠭᠤᠤ︾ ᠪᠠ ᠬᠠᠷᠠᠮᠰᠠᠯ ᠲᠡᠳᠤᠢ ᠪᠢᠰᠢ ᠪᠠᠶᠢᠵᠤ᠂ ᠬᠠᠷᠢᠨ ᠦᠨᠤᠳᠤᠷ ᠤᠨ ᠬᠡᠰᠢᠭᠳᠡᠨ ᠳᠤ ᠬᠡᠮᠵᠢᠶᠡᠯᠡᠰᠢ ᠦᠭᠡᠢ ᠪᠠᠶᠠᠯᠢᠭ ᠢ ᠦᠯᠡᠳᠡᠭᠡᠭᠰᠡᠨ ᠶᠤᠮ᠃ ᠡᠨᠡ ᠪᠤᠯ ᠲᠠᠷᠤᠢ ᠠᠪᠤᠭᠠᠳ ᠪᠠᠷᠠᠰᠢ ᠦᠭᠡᠢ᠂ ᠰᠤᠳᠤᠯᠤᠭᠠᠳ ᠲᠠᠭᠤᠰᠤᠰᠢ ᠦᠭᠡᠢ ᠲᠡᠤᠬᠡ ᠰᠤᠶᠤᠯ ᠤᠨ ᠦᠪ ᠬᠦᠷᠦᠩᠬᠡ ᠶᠤᠮ᠃ ᠮᠦᠨᠴᠤ ᠲᠤᠭᠤᠨᠳᠠᠮᠤᠷ ᠬᠠᠭᠠᠨ ᠠᠴᠠ ᠰᠢᠯᠳᠠᠭᠠᠯᠠᠵᠤ᠂ ᠮᠤᠩᠭᠤᠯ ᠤᠨ ᠬᠠᠭᠠᠨᠳᠤ ᠲᠦᠷᠦ ᠪᠠᠰᠠ 266 ᠵᠢᠯ ᠦᠷᠬᠦᠯᠵᠢᠯᠡᠵᠤ ᠴᠢᠳᠠᠵᠠᠢ᠃        ︽ᠬᠡᠰᠢᠭᠳᠡᠨ ᠬᠤᠰᠢᠭᠤᠨ ᠤ ᠬᠡᠰᠢᠭᠳᠡᠨ ᠮᠤᠩᠭᠤᠯᠴᠤᠳ ᠪᠤᠯ᠂ ᠶᠠᠭᠠᠬᠢᠬᠤ ᠶᠢᠨ ᠠᠷᠭ᠎ᠠ ᠦᠭᠡᠢ ᠪᠦᠷ ᠲᠡᠭᠡᠷ᠎ᠡ ᠦᠶ᠎ᠡ ᠶᠢᠨ ᠴᠢᠩᠬᠢᠰ ᠬᠠᠭᠠᠨ ᠠᠴᠠ ᠡᠬᠢᠯᠡᠭᠰᠡᠨ᠂ ᠲᠠᠷᠠᠭᠠᠴᠢ ᠶᠢᠨ ᠬᠠᠭᠠᠳ ᠤᠨ ᠦᠶ᠎ᠡ ᠶᠢᠨ ᠬᠡᠰᠢᠭᠳᠡᠨ ᠴᠡᠷᠢᠭ ᠤᠨ ᠬᠤᠶᠢᠴᠢ ᠦᠶ᠎ᠡ ᠶᠢᠨ ᠬᠢᠨᠢ ᠨᠢᠬᠡ ᠬᠡᠰᠡᠭ ᠨᠢ ᠮᠦᠨ ᠪᠠᠶᠢᠭ᠎ᠠ ᠶᠤᠮ᠃ ᠤᠮᠠᠷᠠᠳᠤ ᠶᠤᠸᠠᠨ ᠤᠯᠤᠰ ᠤᠨ ᠦᠶ᠎ᠡ ᠳᠤ᠂ ᠲᠠᠶᠠᠨ ᠬᠠᠭᠠᠨ ᠮᠤᠩᠭᠤᠯ ᠬᠠᠭᠠᠨᠳᠤ ᠤᠯᠤᠰ ᠤᠨ ᠤᠤᠯ ᠠᠴᠠ ᠪᠠᠶᠢᠭᠰᠠᠨ ᠵᠠᠰᠠᠭ ᠵᠠᠬᠢᠷᠭᠠᠨ ᠤ ᠨᠢᠬᠡᠴᠠ ᠶᠢ ᠦᠬᠡᠷᠡᠴᠢᠯᠡᠵᠤ᠂ ᠵᠡᠬᠦᠨ ᠪᠠᠷᠠᠭᠤᠨ ᠭᠠᠷᠤᠨ ᠭᠤᠷᠪᠠ ᠭᠤᠷᠪᠠᠨ ᠲᠦᠮᠡᠨ ᠪᠤᠯᠭᠠᠨ ᠬᠤᠪᠢᠶᠠᠵᠤ᠂ ᠬᠠᠭᠠᠨ ᠦᠪᠡᠷ ᠢᠶᠠᠨ ᠵᠡᠬᠦᠨ ᠭᠤᠷᠪᠠᠨ ᠲᠦᠮᠡᠨ ᠤ ᠴᠠᠬᠠᠷ ᠲᠦᠮᠡᠨ ᠳᠤ ᠰᠠᠭᠤᠭᠰᠠᠨ᠃ ᠬᠡᠰᠢᠭᠳᠡᠨᠴᠤᠳ ᠪᠤᠯ ᠲᠡᠷᠡ ᠦᠶ᠎ᠡ ᠳᠤ᠂ ᠶᠠᠭ ᠡᠨᠡ ᠴᠠᠬᠠᠷ ᠲᠦᠮᠡᠨ ᠲᠤᠳᠤᠷ᠎ᠠ ᠪᠠᠭᠳᠠᠵᠤ ᠪᠠᠶᠢᠭᠰᠠᠨ᠃ ᠰᠡᠬᠦᠯ ᠳᠤ ᠨᠢ ᠴᠠᠬᠠᠷ ᠨᠠᠢᠮᠠᠨ ᠤᠳᠤᠭ ᠪᠤᠯᠤᠭᠰᠠᠨ ᠤ ᠲᠠᠷᠠᠭ᠎ᠠ᠂ ᠲᠡᠬᠦᠨ ᠤ ᠨᠢᠬᠡ ᠤᠳᠤᠭ ᠨᠢ ᠪᠤᠯᠤᠭᠰᠠᠨ ᠶᠤᠮ᠃︾ ︵ᠬᠡᠰᠢᠭᠳᠦᠭ᠌ᠳᠠᠬᠤ ᠫᠷᠤᠹᠧᠰᠰᠤᠷ︶        ᠬᠡᠰᠢᠭᠳᠡᠨ ᠬᠤᠰᠢᠭᠤᠨ ᠤ ᠲᠡᠤᠬᠡᠨ ᠳᠤ ᠲᠡᠮᠳᠡᠭᠯᠡᠭᠰᠡᠨ ᠢᠶᠠᠷ᠂ 1632 ᠤᠨ ᠳᠤ ᠮᠤᠩᠭᠤᠯ — ᠶᠤᠸᠠᠨ ᠤᠯᠤᠰ ᠤᠨ ᠬᠠᠮᠤᠭ ᠰᠡᠬᠦᠯᠴᠢ ᠶᠢᠨ ᠬᠠᠭᠠᠨ ᠯᠢᠭᠳᠡᠨ ᠬᠠᠭᠠᠨ ︽ᠬᠡᠰᠢᠭᠳᠡᠨ ᠤ ᠤᠯᠠᠨ ᠨᠠᠭᠤᠷ ᠤᠨ ᠬᠦᠪᠡᠭᠡ ᠳᠤ ᠴᠢᠩ ᠤᠯᠤᠰ ᠤᠨ ᠴᠡᠷᠢᠭ ᠲᠠᠢ ᠲᠠᠶᠢᠨ ᠬᠢᠵᠤ ᠢᠯᠠᠭᠳᠠᠭᠠᠳ︾᠂ ᠪᠠᠷᠠᠭᠤᠨᠰᠢ ᠬᠦᠬᠡᠨᠠᠭᠤᠷ ᠲᠡᠰᠢ ᠤᠬᠤᠷᠢᠬᠤ ᠦᠶ᠎ᠡ ᠳᠤ ᠠᠷᠪᠠᠨ ᠲᠦᠮᠡᠨ ᠴᠡᠷᠢᠭ ᠡᠯᠰᠡᠵᠠᠢ᠃ ᠡᠬᠦᠨ ᠳᠤ ᠬᠡᠰᠢᠭᠳᠡᠨ ᠤᠳᠤᠭ ᠠᠴᠠ ᠤᠯᠠᠨ ᠬᠦᠮᠦᠨ ᠴᠡᠷᠢᠭ ᠲᠤ ᠮᠤᠷᠳᠠᠬᠤ ᠳᠠᠭᠠᠨ᠂ ᠲᠤᠰ ᠬᠤᠰᠢᠭᠤᠨ ᠤ ᠦᠯᠢ ᠶᠢᠨ ᠲᠠᠪᠠᠭᠠᠨ ᠲᠡᠭᠡᠷ᠎ᠡ ᠴᠢᠯᠠᠭᠤ ᠲᠠᠯᠪᠢᠵᠤ ᠬᠦᠮᠦᠨ ᠢᠶᠠᠨ ᠪᠦᠷᠢᠳᠬᠡᠯ᠎ᠡ ᠬᠡᠳᠡᠭ ᠲᠤᠮᠤᠭ ᠪᠠᠶᠢᠨ᠎ᠠ᠃ ᠵᠠᠷᠢᠮ ᠲᠡᠤᠬᠡ ᠰᠤᠷᠪᠤᠯᠵᠢᠰ ᠲᠤ ᠲᠡᠮᠳᠡᠭᠯᠡᠭᠰᠡᠨ ᠢᠶᠠᠷ ︽ᠬᠤᠶᠠᠷ ᠦᠬᠡᠷ ᠠᠴᠠ ᠲᠡᠭᠡᠭᠰᠢ ᠮᠠᠯ ᠲᠠᠢ ᠡᠷᠦᠬᠡ ᠴᠦᠮ ᠯᠢᠭᠳᠡᠨ ᠬᠠᠭᠠᠨ ᠢ ᠲᠠᠭᠠᠵᠤ ᠬᠦᠬᠡᠨᠠᠭᠤᠷ ᠲᠡᠰᠢ ᠶᠠᠪᠤᠭᠰᠠᠨ︾ ᠬᠡᠳᠡᠭ᠃        1634 ᠤᠨ ᠳᠤ᠂ ᠯᠢᠭᠳᠡᠨ ᠬᠠᠭᠠᠨ ᠬᠦᠬᠡᠨᠠᠭᠤᠷ ᠤᠨ ᠰᠢᠷᠠᠳᠠᠯ᠎ᠠ ᠳᠤ ᠡᠪᠡᠳᠴᠢᠨ ᠢᠶᠠᠷ ᠲᠠᠭᠠᠯᠠᠯ ᠲᠡᠬᠦᠰᠪᠡ᠃ ᠲᠡᠬᠦᠨ ᠢ ᠲᠠᠭᠠᠵᠤ ᠪᠠᠷᠠᠭᠤᠨᠰᠢ ᠶᠠᠪᠤᠭᠰᠠᠨ ᠬᠠᠭᠤᠴᠢᠨ ᠴᠠᠬᠠᠷ ᠤᠳᠤᠭ ᠤᠨ ᠰᠢᠳᠠᠷ ᠴᠡᠷᠢᠭ ᠤᠨ ᠲᠤᠳᠤᠷ᠎ᠠ ᠪᠠᠭᠳᠠᠵᠤ ᠪᠠᠶᠢᠭᠰᠠᠨ ᠬᠡᠰᠢᠭᠳᠡᠨ ᠤ ᠦᠷ᠎ᠡ ᠬᠡᠤᠬᠡᠳ᠂ ᠲᠦᠮᠡᠨ ᠪᠡᠷᠬᠡ ᠮᠢᠩᠭᠠᠨ ᠪᠠᠷᠳᠠᠭ᠎ᠠ ᠶᠢ ᠲᠤᠭᠤᠯᠤᠨ ᠲᠦᠷᠦᠭᠰᠡᠨ ᠨᠤᠳᠤᠭ ᠮᠤᠩᠭᠤᠯ ᠤᠨ ᠲᠠᠯ᠎ᠠ — ᠤᠷᠳᠤᠰ ᠤᠨ ᠦᠨᠳᠦᠷᠯᠢᠭ ᠲᠡᠭᠡᠨ ᠪᠤᠴᠠᠵᠤ ᠢᠷᠡᠬᠡᠳ᠂ ᠭᠤᠷᠪᠠᠨ ᠵᠠᠭᠤᠭᠠᠳ ᠵᠢᠯ ᠤᠨ ᠲᠤᠷᠰᠢ᠂ ᠲᠡᠭᠡᠳᠦᠰ ᠤᠨ ᠢᠶᠠᠨ ᠤᠶᠤᠨ ᠰᠠᠨᠠᠭᠠᠨ ᠤ ᠰᠦᠯᠳᠡ ᠲᠤᠭ — ᠴᠠᠭᠠᠨ ᠰᠦᠯᠳᠠ ᠪᠠᠨ ᠡᠷᠬᠦᠨ ᠲᠠᠭᠢᠭᠰᠠᠭᠠᠷ ᠪᠠᠶᠢᠨ᠎ᠠ᠃        ︽ᠯᠢᠭᠳᠡᠨ ᠬᠠᠭᠠᠨ ᠤ ᠦᠶ᠎ᠡ ᠳᠤ᠂ ᠴᠠᠬᠠᠷ ᠤᠨ ᠬᠦᠴᠦᠨ ᠶᠡᠭᠡ ᠪᠠᠶᠢᠭᠰᠠᠨ᠃ ᠲᠡᠤᠬᠡᠨ ᠳᠤ ᠲᠠᠮᠳᠡᠭᠯᠡᠭᠰᠡᠨ ᠢᠶᠠᠷ ᠴᠠᠬᠠᠷ ᠤᠨ ᠨᠠᠢᠮᠠᠨ ᠶᠡᠭᠡ ᠤᠳᠤᠭ ᠪᠤᠯ ᠤᠳᠤ ᠶᠢᠨ ᠴᠠᠬᠠᠷᠴᠤᠳ ᠤᠨ ᠠᠮᠢᠳᠤᠷᠠᠵᠤ ᠪᠠᠶᠢᠭ᠎ᠠ ᠦᠪᠤᠷ ᠮᠤᠩᠭᠤᠯ ᠤᠨ ᠲᠤᠮᠳᠠ ᠬᠡᠰᠡᠭ ᠤᠨ ᠭᠠᠵᠠᠷ ᠪᠢᠰᠢ᠂ ᠬᠠᠷᠢᠨ ᠦᠪᠤᠷ ᠮᠤᠩᠭᠤᠯ ᠤᠨ ᠵᠡᠬᠦᠨ ᠬᠡᠰᠡᠭ ᠢᠶᠠᠷ ᠪᠠᠶᠢᠭᠰᠠᠨ᠃ ᠨᠠᠢᠮᠠᠨ ᠶᠡᠭᠡ ᠤᠳᠤᠭ ᠬᠡᠳᠡᠭ ᠨᠢ ᠦᠪᠤᠷ ᠲᠦᠷᠪᠡᠨ ᠤᠳᠤᠭ᠂ ᠠᠷᠤ ᠲᠦᠷᠪᠡᠨ ᠤᠳᠤᠭ᠃ ᠰᠢᠷ᠎ᠠ ᠮᠦᠷᠡᠨ ᠠᠴᠠ ᠬᠤᠶᠢᠰᠢ ᠪᠠᠨ ᠭᠤᠤᠯ ᠬᠡᠰᠡᠭ ᠨᠢ ᠴᠠᠬᠠᠷ ᠤᠨ ᠠᠶᠢᠮᠠᠭ ᠤᠳ᠃ ᠠᠷᠤ ᠲᠦᠷᠪᠡᠨ ᠤᠳᠤᠭ ᠲᠤ ᠬᠡᠰᠢᠭᠳᠡᠨ᠂ ᠦᠵᠦᠮᠦᠴᠢᠨ᠂ ᠬᠠᠭᠤᠴᠢᠳ ᠶᠡᠭᠡ ᠪᠠᠶᠢᠭᠰᠠᠨ᠂ ᠬᠡᠰᠢᠭᠳᠡᠨ ᠪᠤᠯ ᠨᠠᠢᠮᠠᠨ ᠶᠡᠭᠡ ᠤᠳᠤᠭ ᠤᠨ ᠨᠢᠬᠡ ᠨᠢ ᠶᠤᠮ︾ ︵ᠤᠶᠤᠨᠪᠢᠯᠢᠭ᠌ ᠫᠷᠤᠹᠧᠰᠰᠤᠷ︶        ᠵᠠᠷᠢᠮ ᠲᠡᠤᠬᠡᠨ ᠮᠠᠲ᠋ᠧᠷᠢᠶᠡᠯ ᠳᠤ᠂ ᠴᠠᠬᠠᠷ ᠤᠨ ᠨᠠᠢᠮᠠᠨ ᠤᠳᠤᠭ ᠢ ︽ᠴᠠᠬᠠᠷ ᠤᠨ ᠬᠤᠯᠪᠤᠭᠠᠳᠤ ᠤᠳᠤᠭ᠂ ᠴᠠᠬᠠᠷ ᠤᠨ ᠬᠡᠰᠢᠭᠳᠡᠨ ᠤᠳᠤᠭ᠂ ᠴᠠᠬᠠᠷ ᠤᠨ ᠬᠠᠭᠤᠴᠢᠳ ᠤᠳᠤᠭ ᠁︾ ᠬᠡᠬᠦ ᠮᠡᠳᠤ ᠲᠠᠷᠠᠭᠠᠯᠠᠯ ᠢᠶᠠᠷ ᠲᠡᠮᠳᠡᠭᠯᠡᠵᠤ ᠪᠠᠶᠢᠨ᠎ᠠ᠃        ᠮᠤᠩᠭᠤᠯ — ᠶᠤᠸᠠᠨ ᠤᠯᠤᠰ ᠤᠨ ᠰᠡᠬᠦᠯᠴᠢ ᠶᠢᠨ ᠬᠠᠭᠠᠨ ᠯᠢᠭᠳᠡᠨ ᠬᠠᠭᠠᠨ ᠨᠠᠰᠤ ᠪᠠᠷᠠᠭᠰᠠᠨ ᠤ ᠲᠠᠷᠠᠭ᠎ᠠ᠂ ᠬᠡᠰᠢᠭᠳᠡᠨ ᠠᠶᠢᠮᠠᠭ ᠤᠨ ᠠᠬᠠᠯᠠᠭᠴᠢ ᠰᠤᠨᠤᠮ ᠲᠠᠶᠢᠴᠢᠨ ᠬᠠᠷᠢᠶᠠᠳᠤ ᠠᠶᠢᠮᠠᠭ ᠢᠶᠠᠨ ᠲᠠᠭᠠᠭᠤᠯᠵᠤ ᠴᠢᠩ ᠤᠯᠤᠰ ᠢ ᠲᠠᠭᠠᠵᠠᠢ᠃ ᠡᠨᠡ ᠪᠤᠯ ᠭᠤᠪᠢ ᠶᠢᠨ ᠡᠮᠤᠨᠡᠬᠢ ᠮᠤᠩᠭᠤᠯ ᠤᠨ ᠲᠤᠳᠤᠷ᠎ᠠ ᠬᠠᠮᠤᠭ ᠤᠨ ᠰᠡᠬᠦᠯ ᠳᠤ ᠴᠢᠩ ᠤᠯᠤᠰ ᠢ ᠲᠠᠭᠠᠭᠰᠠᠨ ᠠᠶᠢᠮᠠᠭ ᠤᠨ ᠨᠢᠬᠡ ᠨᠢ ᠶᠤᠮ᠃        1652 ᠤᠨ ᠳᠤ᠂ ᠴᠢᠩ ᠤᠯᠤᠰ ᠤᠨ ᠲᠦᠷᠦ ᠠᠴᠠ ᠬᠡᠰᠢᠭᠳᠡᠨ ᠠᠶᠢᠮᠠᠭ ᠲᠤ ᠰᠤᠮᠤ ᠶᠢᠨ ᠵᠠᠬᠢᠷᠭ᠎ᠠ ᠪᠠᠶᠢᠭᠤᠯᠤᠨ ᠬᠤᠰᠢᠭᠤ ᠪᠤᠯᠭᠠᠵᠤ᠂ ᠠᠶᠢᠮᠠᠭ ᠪᠦᠯᠦᠭ ᠪᠠᠶᠢᠭᠰᠠᠨ ᠠᠴᠠ ᠨᠢ ᠵᠠᠰᠠᠭ ᠵᠠᠬᠢᠷᠭᠠᠨ ᠤ ᠨᠢᠬᠡᠴᠠ ᠪᠤᠯᠭᠠᠨ ᠦᠬᠡᠷᠡᠴᠢᠯᠡᠵᠤ᠂ ᠠᠶᠢᠮᠠᠭ ᠪᠦᠯᠦᠭ ᠤᠨ ᠠᠬᠠᠯᠠᠭᠴᠢ ᠪᠠᠶᠢᠭᠰᠠᠨ ᠰᠤᠨᠤᠮ ᠲᠠᠶᠢᠴᠢᠨ ᠢ ᠲᠡᠷᠢᠬᠦᠨ ᠵᠡᠷᠬᠡ ᠶᠢᠨ ᠲᠠᠶᠢᠵᠢ ᠵᠠᠰᠠᠭ ᠨᠤᠶᠠᠨ ᠢᠶᠠᠷ ᠡᠷᠬᠦᠮᠵᠢᠯᠡᠵᠤ᠂ ᠦᠶ᠎ᠡ ᠤᠯᠠᠷᠢᠨ ᠵᠠᠯᠭᠠᠮᠵᠢᠯᠠᠬᠤ ᠪᠤᠯᠭᠠᠵᠠᠢ᠃ ᠢᠩᠬᠢᠬᠡᠳ ᠬᠡᠰᠢᠭᠳᠡᠨ ᠬᠤᠰᠢᠭᠤ ᠨᠢ᠂ ᠵᠤᠤ ᠤᠳᠠ ᠶᠢᠨ ᠴᠢᠭᠤᠯᠭ᠎ᠠ ᠳᠤ ᠬᠠᠷᠢᠶᠠᠯᠠᠭᠳᠠᠭᠰᠠᠨ ᠪᠦᠬᠡᠳ ᠵᠡᠬᠦᠨ ᠮᠤᠩᠭᠤᠯ ᠤᠨ ᠲᠤᠳᠤᠷ᠎ᠠ ᠮᠠᠰᠢ ᠬᠤᠪᠤᠷ ᠪᠠᠶᠢᠳᠠᠭ ᠸᠠᠩ ᠨᠤᠶᠡᠨ ᠦᠭᠡᠢ ᠬᠤᠰᠢᠭᠤ ᠪᠤᠯᠤᠭᠰᠠᠨ ᠶᠤᠮ᠃        ︽ᠬᠡᠰᠢᠭᠳᠡᠨ︾ ᠬᠡᠳᠡᠭ ᠦᠬᠡ ᠴᠢᠩᠬᠢᠰ ᠬᠠᠭᠠᠨ ᠤ ᠦᠶ᠎ᠡ ᠠᠴᠠ ᠡᠬᠢᠯᠡᠵᠤ ᠶᠡᠭᠡ ᠶᠤᠸᠠᠨ ᠤᠯᠤᠰ ᠢ ᠮᠦᠬᠦᠳᠡᠯ᠎ᠡ ᠰᠢᠳᠠᠷ ᠴᠡᠷᠢᠭ ᠤᠨ ᠨᠡᠷᠡᠶᠢᠳᠤᠯ ᠪᠠᠶᠢᠵᠤ᠂ ᠤᠮᠠᠷᠠᠳᠤ ᠶᠤᠸᠠᠨ ᠤᠯᠤᠰ ᠤᠨ ᠰᠠᠬᠦᠯᠴᠢ ᠠᠴᠠ ᠠᠶᠢᠮᠠᠭ ᠪᠦᠯᠦᠭ ᠤᠨ ᠨᠡᠷ᠎ᠡ ᠪᠤᠯᠵᠤ᠂ ᠴᠢᠩ ᠤᠯᠤᠰ ᠤᠨ ᠦᠶ᠎ᠡ ᠳᠤ ᠬᠤᠰᠢᠭᠤᠨ ᠤ ᠨᠡᠷ᠎ᠡ ᠪᠤᠯᠵᠤ ᠬᠤᠪᠢᠷᠠᠭᠠᠳ ᠤᠳᠤ ᠪᠤᠯᠳᠠᠯ᠎ᠠ ᠦᠷᠬᠦᠯᠵᠢᠯᠡᠭᠰᠡᠬᠡᠷ ᠪᠠᠶᠢᠨ᠎ᠠ᠃        ᠮᠤᠩᠭᠤᠯ ᠤᠨ ᠲᠡᠤᠬᠡᠨ ᠲᠡᠭᠡᠷ᠎ᠡ᠂ ᠬᠡᠰᠢᠭᠳᠡᠨ ᠤ ᠪᠠᠶᠢᠷᠢ ᠰᠠᠭᠤᠷᠢ ᠪᠤᠯ ᠲᠦᠢᠯ ᠤᠨ ᠴᠢᠬᠤᠯᠠ ᠮᠦᠷᠳᠡᠬᠡᠨ ᠮᠠᠰᠢ ᠶᠡᠭᠡ ᠠᠴᠢ ᠬᠤᠯᠪᠤᠭᠳᠠᠯ ᠲᠠᠢ ᠪᠠᠶᠢᠵᠠᠢ᠃ ᠴᠢᠩᠬᠢᠰ ᠬᠠᠭᠠᠨ ᠤ ᠠᠮᠠᠨ ᠵᠠᠬᠢᠶ᠎ᠠ ᠪᠠᠷ ᠨᠡᠷᠡᠯᠡᠭᠳᠡᠭᠰᠡᠨ ᠬᠤᠰᠢᠭᠤ ᠨᠤᠳᠤᠭ᠂ ᠪᠦᠬᠦ ᠮᠤᠩᠭᠤᠯ ᠤᠷᠤᠨ ᠳᠤ ᠴᠤᠷ ᠤᠨ ᠭᠠᠭᠴᠠ ᠬᠡᠰᠢᠭᠳᠡᠨ ᠯᠡ ᠪᠠᠶᠢᠭ᠎ᠠ ᠶᠤᠮ᠃        ᠲᠡᠤᠬᠡᠨ ᠪᠠᠶᠢᠴᠠᠭᠠᠯᠳᠠ ᠶᠢ ᠦᠨᠳᠤᠰᠤᠯᠠᠪᠠᠯ᠄ ᠲᠡᠭᠡᠷ᠎ᠡ ᠦᠶ᠎ᠡ ᠳᠤ ᠬᠡᠰᠢᠭᠳᠡᠨ ᠳᠤ ᠮᠤᠩᠭᠤᠯ ᠤᠨ ᠵᠢᠷᠠ ᠶᠢᠰᠦᠨ ᠤᠪᠤᠭᠳᠠᠨ ᠠᠮᠢᠳᠤᠷᠠᠵᠤ ᠪᠠᠶᠢᠵᠠᠢ᠃ ᠤᠳᠤ ᠴᠦ ᠬᠡᠰᠡᠨ ᠲᠦᠴᠢᠨ ᠲᠦᠷᠪᠡᠨ ᠤᠪᠤᠭᠳᠠᠨ ᠤᠷᠤᠰᠢᠨ ᠰᠠᠭᠤᠵᠤ ᠪᠠᠶᠢᠨ᠎ᠠ᠃ ᠬᠡᠰᠢᠭᠳᠡᠨ ᠳᠤ ᠪᠠᠰᠠ ︽ᠶᠢᠰᠦᠨ ᠦᠷᠯᠦᠭ︾ ᠤᠪᠤᠭᠳᠠᠨ ᠬᠡᠵᠤ ᠪᠤᠢ᠃ ᠬᠤᠶᠠᠷ ᠲᠦᠮᠡ ᠭᠠᠷᠦ᠋ᠢᠬᠠᠨ ᠮᠤᠩᠭᠤᠯ ᠬᠦᠮᠦᠨ ᠲᠠᠢ ᠵᠢᠵᠢᠭ ᠬᠤᠰᠢᠭᠤᠨ ᠳᠤ ᠡᠶᠢᠮᠤ ᠤᠯᠠᠨ ᠮᠤᠩᠭᠤᠯ ᠤᠪᠤᠭᠳᠠᠨ ᠤᠷᠤᠰᠢᠨ ᠠᠮᠢᠳᠤᠷᠠᠵᠤ ᠪᠠᠶᠢᠭᠰᠠᠨ ᠨᠢ ᠶᠠᠭᠤ ᠶᠢ ᠬᠠᠷᠠᠭᠤᠯᠵᠤ ᠪᠠᠶᠢᠭ᠎ᠠ ᠪᠤᠢ ᠬᠡᠪᠡᠯ᠂ ᠲᠡᠬᠦᠨ ᠤ ᠬᠦᠮᠦᠨ ᠠᠮᠠ ᠶᠢᠨ ᠪᠦᠷᠢᠯᠳᠦᠴᠠ ᠨᠢ ᠴᠢᠩᠬᠢᠰ ᠬᠠᠭᠠᠨ ᠤ ᠤᠯᠠᠨ ᠮᠢᠩᠭᠠᠳᠤ᠂ ᠵᠠᠭᠤᠳᠤ᠂ ᠠᠷᠪᠠᠳᠤ ᠪᠠ ᠴᠢᠯᠦᠬᠡᠳᠤ ᠬᠦᠮᠦᠨ ᠬᠢᠬᠡᠳ ᠲᠦᠷᠪᠡᠨ ᠬᠡᠰᠢᠭᠳᠡᠨ ᠤ ᠨᠤᠶᠠᠳ ᠤᠨ ᠬᠤᠶᠢᠴᠢᠰ ᠠᠴᠠ ᠢᠷᠡᠯᠳᠠᠢ ᠬᠡᠳᠡᠭ ᠢ ᠪᠠᠰᠠ ᠨᠢᠬᠡ ᠲᠠᠯ᠎ᠠ ᠨᠢ ᠬᠡᠷᠡᠴᠢᠯᠡᠵᠤ ᠪᠠᠶᠢᠨ᠎ᠠ᠃        ᠦᠨᠤᠳᠤᠷ ᠤᠨ ᠬᠡᠰᠢᠭᠳᠡᠨ ᠮᠤᠩᠭᠤᠯᠴᠤᠳ ᠪᠤᠯ ᠴᠢᠩᠬᠢᠰ ᠬᠠᠭᠠᠨ ᠤ ᠬᠡᠰᠢᠭᠳᠡᠨ ᠴᠡᠷᠢᠭ ᠤᠨ ᠬᠤᠶᠢᠴᠢᠰ ᠮᠦᠨ ᠬᠡᠳᠡᠭ ᠢ ᠲᠡᠤᠬᠡ ᠪᠠᠳᠤᠳᠠᠢ ᠬᠡᠷᠡᠴᠢᠯᠠᠵᠤ ᠪᠠᠶᠢᠨ᠎ᠠ᠃      
         ᠠᠰᠢᠭᠯᠠᠭᠰᠠᠨ ᠮᠠᠲ᠋ᠧᠷᠢᠶᠡᠯ᠄        ︽ᠮᠤᠩᠭᠤᠯ ᠤᠨ ᠨᠢᠭᠤᠴᠠ ᠲᠤᠪᠴᠢᠶᠠᠨ︾ ︵ᠡᠯᠳᠡᠩᠳᠠᠢ᠂ ᠤᠶᠤᠨᠳᠠᠯᠠᠢ︶︔        ︽ᠮᠤᠩᠭᠤᠯ ᠤᠨ ᠨᠢᠭᠤᠴᠠ ᠲᠤᠪᠴᠢᠶᠠᠨ︾ ︵ᠮᠤᠩᠭᠤᠯ ᠤᠯᠤᠰ ᠤᠨ ᠠ᠊ · ᠴᠠᠨᠴᠢᠳ᠂ ᠲᠠ᠊ · ᠴᠡᠷᠢᠩᠰᠤᠳᠨᠠᠮ ᠨᠠᠷ︶︔        ︽ᠮᠤᠩᠭᠤᠯ ᠤᠨ ᠨᠢᠭᠤᠴᠠ ᠲᠤᠪᠴᠢᠶᠠᠨ︾ ︵ᠮᠠᠨᠰᠠᠩ︶︔        ︽蒙古秘史︾ ︵于大均︶︔        ︽蒙古秘史︾ ︵特 · 官布扎布 阿斯纲︶︔        ︽元史︾ ︵二、四、九、十、十五︶︔        ︽忽必来传︾ ︵李治安︶︔        引自 ︽蒙古源流︾ 之内容,出自 ︽察哈尔蒙古族史 话︾ 一书︔        ︽克什克腾部名的由来及其变迁︾ ︵宝音德力根 ︶︔        ︽克什克腾旗志︾︔        ︽克什克腾蒙古族︾ ︵宋喜岭︶︔        ︽寻觅克什克腾︾ ︵刘志一︶︔        ︽ᠮᠤᠩᠭᠤᠯ ᠤᠨ ᠭᠤᠴᠢᠨ ᠵᠢᠷᠭᠤᠭᠠᠨ ᠬᠠᠭᠠᠳ ᠤᠨ ᠲᠤᠪᠴᠢ ᠨᠠᠮᠳᠠᠷ︾ ︵ᠱ᠊ · ᠴᠧᠶᠠ — ᠤᠶᠢᠷᠤᠪ ᠤᠨ ᠵᠤᠬᠢᠶᠠᠯ ᠢ ᠡ᠊ · ᠫᠤᠩᠰᠤᠭ ᠪᠠᠭᠤᠯᠭᠠᠪᠠ︶        ︽ᠦᠪᠤᠷ ᠮᠤᠩᠭᠤᠯ ᠤᠨ ᠬᠡᠰᠢᠭᠳᠡᠨ ᠬᠤᠰᠢᠭᠤᠨ ᠤ ᠨᠤᠳᠤᠭ ᠲᠠᠬᠢ ᠶᠤᠸᠠᠨ ᠤᠯᠤᠰ ᠤᠨ ᠵᠠᠷᠢᠮ ᠲᠡᠤᠬᠡ ᠶᠢᠨ ᠲᠤᠷᠠᠰᠬᠠᠯ ᠤᠳ︾ ︵ᠴ᠊ · ᠬᠡᠰᠢᠭᠳᠦᠭ᠌ᠳᠠᠬᠤ︶        ︽ᠬᠦᠩᠬᠡᠷ ᠤᠨ ᠲᠠᠯ᠎ᠠ︾ ︵ᠨᠢᠬᠡ︶ ︵ᠬᠡᠰᠢᠭᠳᠡᠨ ᠬᠤᠰᠢᠭᠤᠨ ᠤ ︽ᠷᠤᠯᠭᠤᠷᠵᠠᠪ︾ ᠠᠷᠠᠳ ᠤᠨ ᠰᠤᠶᠤᠯ ᠤᠷᠠᠯᠢᠭ ᠤᠨ ᠨᠡᠶᠢᠬᠡᠮᠯᠢᠭ︶        ᠲᠡᠤᠬᠡ ᠰᠤᠶᠤᠯ ᠤᠨ ᠪᠠᠷᠢᠮᠳᠠᠳᠤ ᠺᠢᠨᠣ᠋ ︽ᠬᠡᠰᠢᠭᠳᠡᠨ︾ ᠤ ᠨᠢᠬᠡᠳᠤᠬᠡᠷ ᠠᠩᠬᠢ — ︽ᠴᠢᠩᠬᠢᠰ ᠬᠠᠭᠠᠨ ᠤ ᠬᠡᠰᠢᠭᠳᠡᠨ︾ ᠳᠤ ᠰᠤᠷᠪᠤᠯᠵᠢᠯᠠᠭ᠎ᠠ ᠦᠭᠬᠦᠭᠰᠡᠨ ᠴ᠊ · ᠬᠡᠰᠢᠭᠳᠦᠭ᠌ᠳᠠᠬᠤ ᠫᠷᠤᠹᠧᠰᠰᠤᠷ᠂ ᠪᠤᠷᠵᠢᠬᠢᠳᠠᠢ ᠤᠶᠤᠨᠪᠢᠯᠢᠭ᠌ ᠫᠷᠤᠹᠧᠰᠰᠤᠷ᠂ ᠬᠠᠶᠢᠨᠵᠢᠩ ᠤᠨ ᠱᠠᠭᠳᠠᠷ ᠰᠤᠳᠤᠯᠤᠭᠠᠴᠢ᠂ ᠰᠤᠳᠨᠠᠮ ᠤᠨ ᠴᠤᠯᠮᠤᠨ ᠰᠤᠳᠤᠯᠤᠭᠠᠴᠢ ᠶᠢᠨ ᠶᠠᠷᠢᠶ᠎ᠠ ᠪᠠ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠦᠯᠵᠡᠶᠢᠪᠦ᠋ᠷᠢᠨ ᠫᠷᠤᠹᠧᠰᠰᠤᠷ ᠤᠨ ᠬᠠᠩᠭᠠᠭᠰᠠᠨ ᠮᠠᠲ᠋ᠧᠷᠢᠶᠡᠯ ᠵᠡᠷᠬᠡ ᠶᠢ ᠠᠰᠢᠭᠯᠠᠪᠠ᠃
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号