ᠴᠢᠩᠬᠢᠰ ᠬᠠᠭᠠᠨ ᠤ ᠬᠡᠰᠢᠭᠳᠡᠨ ︵ᠨᠢᠬᠡ︶
ᠨᠡᠶᠢᠲᠡᠯᠡᠭᠰᠡᠨ ᠴᠠᠭ᠄
2018-03-13
       ︽ᠬᠡᠰᠢᠭᠳᠡᠨ︾ ᠬᠡᠳᠡᠭ ᠨᠡᠷᠡᠶᠢᠳᠤᠯ 800 ᠭᠠᠷᠤᠢ ᠵᠦᠢᠯ ᠤᠨ ᠲᠡᠤᠬᠡ ᠲᠠᠢ᠃ ᠬᠡᠰᠢᠭᠳᠡᠨ ᠬᠡᠳᠡᠭ ᠦᠬᠡ ᠨᠢ ᠡᠬᠡᠯᠵᠢ ᠵᠢᠵᠢᠬᠦᠷ ᠬᠡᠰᠡᠨ ᠤᠳᠬ᠎ᠠ ᠲᠠᠢ ︽ᠬᠡᠰᠢᠭ᠂ ᠵᠢᠰᠢᠶ᠎ᠠ︾ ᠬᠡᠰᠡᠨ ᠦᠬᠡ ᠠᠴᠠ ᠡᠬᠦᠰᠦᠯᠳᠠᠢ᠃ ᠮᠤᠩᠭᠤᠯ ᠬᠠᠭᠠᠨᠳᠤ ᠤᠯᠤᠰ ᠤᠨ ᠦᠶ᠎ᠡ ᠳᠤ᠂ ᠴᠢᠩᠬᠢᠰ ᠬᠠᠭᠠᠨ ᠢ ᠵᠢᠵᠢᠬᠦᠷᠯᠡᠨ ᠬᠠᠮᠠᠭᠠᠯᠠᠳᠠᠭ ᠰᠢᠳᠡᠷ ᠴᠡᠷᠢᠭ ᠤᠨ ᠲᠤᠰᠬᠠᠢ ᠨᠡᠷᠡᠶᠢᠳᠤᠯ ᠶᠤᠮ᠃ ᠬᠠᠭᠠᠨ ᠤ ᠤᠷᠳᠤᠨ ᠢ ᠬᠠᠮᠠᠭᠠᠯᠠᠳᠠᠭ ᠡᠨᠡᠬᠦ ᠬᠡᠰᠢᠭᠳᠡᠨ ᠴᠡᠷᠢᠭ ᠤᠨ ᠲᠦᠷᠢᠮ ᠢ ᠶᠤᠸᠠᠨ ᠤᠯᠤᠰ ᠤᠨ ᠦᠶ᠎ᠡ ᠳᠤ ᠴᠦ ᠤᠯᠠᠮᠵᠢᠯᠠᠨ ᠬᠡᠷᠡᠭᠯᠡᠵᠤ ᠪᠠᠶᠢᠭᠰᠠᠨ ᠶᠤᠮ᠃        ᠬᠡᠰᠢᠭᠳᠡᠨ ᠤ ᠲᠤᠬᠠᠢ ᠲᠡᠮᠳᠡᠭᠯᠡᠯ ︽ᠮᠤᠩᠭᠤᠯ ᠤᠨ ᠨᠢᠭᠤᠴᠠ ᠲᠤᠪᠴᠢᠶᠠᠨ︾ ᠳᠤ ᠠᠩᠬ᠎ᠠ ᠲᠡᠮᠳᠡᠭᠯᠡᠭᠳᠡᠭᠰᠡᠨ᠃ ︽ᠨᠢᠭᠤᠴᠠ ᠲᠤᠪᠴᠢᠶᠠᠨ︾ ᠪᠤᠯ 12 ᠪᠤᠳᠢ᠂ 282 ᠵᠦᠢᠯ ᠲᠠᠢ ᠵᠤᠬᠢᠶᠠᠯ᠃ ᠡᠬᠦᠨ ᠤ 24 ᠵᠦᠢᠯ ᠳᠤ ᠨᠢ ᠬᠡᠰᠢᠭᠳᠡᠨ ᠬᠡᠰᠡᠨ ᠦᠬᠡ ᠨᠡᠶᠢᠳᠠ 40 ᠤᠳᠠᠭ᠎ᠠ ᠲᠤᠷᠠᠳᠤᠭᠳᠠᠭᠰᠠᠨ ᠤ ᠲᠤᠳᠤᠷ᠎ᠠ ᠴᠢᠩᠬᠢᠰ ᠬᠠᠭᠠᠨ ᠦᠪᠡᠷ ᠢᠶᠠᠨ ︽ᠬᠡᠰᠢᠭᠳᠡᠨ︾ ᠬᠡᠵᠤ 18 ᠤᠳᠠᠭ᠎ᠠ ᠲᠠᠭᠤᠳᠠᠭᠰᠠᠨ ᠪᠠᠶᠢᠳᠠᠭ᠃        ᠤᠨ ᠲᠤᠭᠠᠯᠠᠯ ᠤᠨ 1180 ᠤᠨ ᠳᠤ᠂ ᠪᠤᠯᠢᠶᠠᠭᠳᠠᠭᠰᠠᠨ ᠬᠡᠷᠬᠡᠢ ᠪᠠᠨ ᠠᠪᠤᠷᠠᠬᠤ ᠶᠢᠨ ᠲᠦᠯᠦᠬᠡ ᠵᠠᠯᠠᠭᠤ ᠨᠠᠰᠤᠨ ᠤ ᠴᠢᠩᠬᠢᠰ ᠬᠠᠭᠠᠨ ᠲᠡᠮᠦᠵᠢᠨ᠂ ᠮᠤᠩᠭᠤᠯ ᠤᠨ ᠦᠨᠳᠦᠷᠯᠢᠭ ᠤᠨ ᠬᠠᠮᠤᠭ ᠤᠨ ᠬᠦᠴᠦᠷᠬᠡᠭ ᠠᠶᠢᠮᠠᠭ ᠤᠳ ᠲᠠᠢ ᠬᠤᠯᠪᠤᠭᠠᠯᠠᠵᠤ᠂ ᠮᠡᠷᠬᠢᠳ ᠠᠶᠢᠮᠠᠭ ᠲᠤ ᠪᠤᠯᠢᠶᠠᠭᠳᠠᠭᠰᠠᠨ ᠪᠦᠷᠳᠠ ᠬᠠᠳᠤᠨ ᠪᠠ ᠲᠡᠬᠦᠨ ᠤ ᠬᠡᠪᠡᠯᠢ ᠳᠠᠬᠢ ᠬᠡᠤᠬᠡᠳ ᠢᠶᠠᠨ ᠠᠪᠤᠷᠠᠵᠠᠢ᠃        ᠡᠨᠡ ᠬᠤᠭᠤᠴᠠᠭᠠᠨ ᠳᠤ ᠲᠠᠮᠤᠵᠢᠨ ᠪᠦᠷᠳᠠ ᠬᠠᠳᠤᠨ ᠢᠶᠠᠨ ᠪᠤᠯᠢᠶᠠᠭᠳᠠᠭᠰᠠᠨ ᠬᠡᠷᠡᠭ ᠠᠴᠠ ᠰᠤᠷᠭᠠᠮᠵᠢ ᠠᠪᠤᠭᠠᠳ᠂ ᠠᠭᠠᠵᠢᠮ ᠢᠶᠠᠷ ᠦᠪᠡᠷ ᠤᠨ ᠰᠢᠳᠠᠷ ᠬᠠᠮᠠᠭᠠᠯᠠᠭᠴᠢ ᠬᠡᠰᠢᠭᠳᠡᠨ ᠴᠡᠷᠢᠭ ᠢᠶᠠᠨ ᠵᠤᠬᠢᠶᠠᠨ ᠪᠠᠶᠢᠭᠤᠯᠵᠤ ᠡᠬᠢᠯᠡᠵᠠᠢ᠃        ᠲᠡᠮᠦᠵᠢᠨ ᠢ ︽ᠰᠡᠬᠦᠯ ᠠᠴᠠ ᠪᠠᠨ ᠦᠬᠡᠷ᠎ᠡ ᠲᠠᠰᠢᠭᠤᠷ ᠦᠭᠡᠢ᠂ ᠰᠡᠬᠦᠳᠡᠷ ᠠᠴᠠ ᠪᠠᠨ ᠦᠬᠡᠷ᠎ᠡ ᠬᠠᠨᠢ ᠦᠭᠡᠢ︾ ᠪᠠᠶᠢᠭᠰᠠᠨ ᠦᠶ᠎ᠡ ᠳᠤ ᠪᠤᠭᠤᠷᠴᠤ ᠢᠷᠡᠯ᠎ᠡ᠂ ᠵᠠᠯᠮ᠎ᠡ ᠢᠷᠡᠯ᠎ᠡ᠃ ᠲᠡᠳᠡ ᠦᠪᠡᠷ ᠤᠨ ᠬᠠᠨᠢ ᠬᠠᠮᠰᠠᠭᠠᠳᠠᠨ ᠲᠠᠢ ᠪᠠᠨ ᠢᠷᠡᠵᠤ᠂ ᠲᠡᠮᠦᠵᠢᠨ ᠤ ︽ᠲᠠᠰᠢᠭᠤᠷ ᠪᠠ ᠬᠠᠨᠢ ᠨᠢ ᠪᠤᠯᠵᠠᠢ︾᠃ ᠡᠨᠡ ᠪᠤᠯ ᠲᠠᠷᠤᠢ ᠬᠡᠰᠢᠭᠳᠡᠨ ᠤ ᠬᠠᠮᠤᠭ ᠤᠨ ᠠᠩᠬᠠᠨ ᠤ ᠬᠡᠯᠪᠡᠷᠢ ᠪᠤᠯᠬᠤ ᠶᠤᠮ᠃        ᠡᠬᠦᠨ ᠠᠴᠠ ᠬᠤᠶᠢᠰᠢ ᠲᠡᠮᠦᠵᠢᠨ ᠶᠢᠰᠤᠨ ᠵᠢᠯ ᠤᠨ ᠬᠠᠳᠠᠭᠤᠵᠢᠯᠳᠠᠢ ᠲᠠᠶᠢᠨ ᠢ ᠦᠩᠬᠡᠷᠡᠬᠡᠵᠤ᠂ 1189 ᠤᠨ ᠳᠤ ᠮᠤᠩᠭᠤᠯ ᠠᠶᠢᠮᠠᠭ ᠤᠳ ᠢ ᠨᠢᠬᠡᠳᠬᠡᠵᠤ᠂ ᠲᠡᠭᠷᠢ ᠳᠤ ᠲᠠᠭᠠᠳᠬᠠᠨ ᠬᠠᠭᠠᠨ ᠰᠠᠭᠤᠵᠤ ᠴᠢᠩᠬᠢᠰ ᠬᠠᠭᠠᠨ ᠬᠡᠮᠡᠨ ᠴᠤᠯᠠᠯᠠᠭᠳᠠᠬᠤ ᠳᠠᠭᠠᠨ᠂ ᠬᠤᠷᠢᠨ ᠲᠦᠷᠪᠡᠨ ᠬᠦᠮᠦᠨ ᠢ ᠲᠤᠳᠤᠷᠬᠠᠢ ᠠᠯᠪᠠᠨ ᠳᠤ ᠲᠤᠮᠢᠯᠠᠭᠰᠠᠨ ᠪᠠᠶᠢᠳᠠᠭ᠃ ᠡᠨᠡ ᠨᠢ ᠴᠢᠩᠬᠢᠰ ᠬᠠᠭᠠᠨ ᠤ ᠬᠡᠰᠢᠭᠳᠡᠨ ᠴᠡᠷᠢᠭ ᠤᠨ ᠦᠨᠳᠤᠰᠤ ᠪᠤᠯᠤᠭᠰᠠᠨ ᠶᠤᠮ᠃ 1204 ᠤᠨ ᠳᠤ ᠴᠢᠩᠬᠢᠰ ᠬᠠᠭᠠᠨ ᠨᠠᠢᠮᠠᠨ ᠤᠷᠤᠭᠤ ᠲᠤᠪᠳᠤᠯᠠᠬᠤ ᠶᠢᠨ ᠡᠮᠤᠨ᠎ᠡ ᠴᠡᠷᠢᠭ ᠤᠨ ᠮᠢᠩᠭᠠᠳᠤ᠂ ᠵᠠᠭᠤᠳᠤ᠂ ᠠᠷᠪᠠᠳᠤ ᠬᠡᠵᠤ ᠰᠢᠨ᠎ᠡ ᠪᠠᠷ ᠵᠤᠬᠢᠶᠠᠨ ᠪᠠᠶᠢᠭᠤᠯᠬᠤ ᠳᠠᠭᠠᠨ 80 ᠬᠡᠪᠳᠡᠬᠦᠯ᠂ 70 ᠲᠤᠷᠬᠠᠭ ᠲᠤᠮᠢᠯᠠᠭᠰᠠᠨ ᠪᠠᠶᠢᠳᠠᠭ᠃ ᠭᠡᠪᠳᠡᠬᠦᠯ ᠬᠡᠳᠡᠭ ᠨᠢ ᠰᠦᠨᠢ ᠶᠢᠨ ᠮᠠᠨᠠᠭ᠎ᠠ᠂ ᠲᠤᠷᠬᠠᠭ ᠪᠤᠶᠤ ᠬᠤᠷᠴᠢᠨ ᠬᠡᠳᠡᠭ ᠨᠢ ᠡᠳᠤᠷ ᠤᠨ ᠬᠠᠷᠠᠭᠤᠯ᠂ ᠡᠨᠡ ᠪᠤᠯ ᠲᠠᠷᠤᠢ ᠡᠬᠡᠯᠵᠢᠯᠡᠨ ᠵᠢᠰᠢᠶᠡᠯᠠᠬᠤ ᠬᠡᠰᠢᠭᠳᠡᠨ ᠴᠡᠷᠢᠭ ᠮᠦᠨ᠃ ᠬᠡᠰᠢᠭᠳᠡᠨ ᠤ ᠠᠬᠠᠯᠠᠭᠴᠢ ᠪᠠᠷ ᠪᠤᠭᠤᠷᠴᠤ᠂ ᠵᠠᠯᠮ᠎ᠠ ᠬᠤᠶᠠᠷ ᠢ ᠲᠤᠮᠢᠯᠠᠭᠰᠠᠨ ᠲᠤᠬᠠᠢ ︽ᠨᠢᠭᠤᠴᠠ ᠲᠤᠪᠴᠢᠶᠠᠨ︾ ᠳᠤ ᠲᠤᠳᠤᠷᠬᠠᠢ ᠲᠡᠮᠳᠡᠭᠯᠡᠵᠤ ᠪᠠᠶᠢᠳᠠᠭ᠃        ︽1203 ᠤᠨ ᠳᠤ᠂ ᠸᠠᠩ ᠬᠠᠨ ᠲᠠᠢ ᠪᠠᠶᠢᠯᠳᠤᠬᠤ ᠳᠤ᠂ ᠸᠠᠩ ᠬᠠᠨ ᠤ ᠲᠠᠪᠤᠨ ᠴᠤᠪᠤᠭ᠎ᠠ ᠴᠡᠷᠢᠭ ᠤᠨ ᠲᠡᠷᠢᠬᠦᠨ ᠳᠤ ᠲᠡᠬᠦᠨ ᠤ ᠬᠡᠰᠢᠭᠳᠡᠨ ᠮᠢᠩᠭᠠᠨ ᠪᠠᠭᠠᠳᠤᠷ ᠴᠡᠷᠢᠭ ᠤᠷᠤᠭᠰᠠᠨ ᠪᠠᠶᠢᠳᠠᠭ᠃ ᠲᠡᠬᠦᠨ ᠠᠴᠠ ᠴᠢᠩᠬᠢᠰ ᠬᠠᠭᠠᠨ ᠦᠯᠢᠬᠡᠷ ᠠᠪᠤᠭᠰᠠᠨ ᠶᠤᠮ᠃︾ ︵ᠬᠠᠶᠢᠨᠵᠢᠩ ᠤᠨ ᠱᠠᠭᠳᠠᠷ ᠳ᠋ᠤᠺᠲ᠋ᠤᠷ᠂ ᠰᠤᠳᠤᠯᠤᠭᠠᠴᠢ︶        ᠴᠢᠩᠬᠢᠰ ᠬᠠᠭᠠᠨ 1206 ᠤᠨ ᠳᠤ᠂ ᠲᠦᠷᠦ ᠤᠯᠤᠰ ᠢ ᠪᠠᠶᠢᠭᠤᠯᠬᠤ ᠳᠤ ᠭᠠᠪᠢᠶ᠎ᠠ ᠪᠠᠶᠢᠭᠤᠯᠤᠭᠰᠠᠨ ᠨᠤᠶᠠᠳ ᠢ 95 ᠮᠢᠩᠭᠠᠨ ᠤ ᠨᠤᠶᠠᠳ ᠢᠶᠠᠷ ᠲᠤᠰᠢᠶᠠᠯ ᠳᠤ ᠲᠤᠮᠢᠯᠠᠭᠰᠠᠨ᠃ ᠡᠬᠦᠨ ᠢ ᠪᠢᠳᠠ ᠭᠠᠳᠠᠭᠠᠳᠤ ᠮᠢᠩᠭᠠᠨ ᠤ ᠨᠤᠶᠡᠳ ᠬᠡᠵᠤ ᠦᠵᠡᠳᠡᠭ᠃ ᠡᠳᠡᠬᠡᠷ ᠭᠠᠳᠠᠭᠠᠳᠤ ᠮᠢᠩᠭᠠᠨ ᠤ ᠨᠤᠶᠠᠳ ᠤᠨ ᠦᠷ᠎ᠡ ᠬᠦᠪᠡᠬᠦᠳ ᠠᠴᠠ ᠪᠡᠶ᠎ᠡ ᠪᠢᠯᠳᠠᠷ ᠰᠠᠶᠢᠳᠠᠢ᠂ ᠡᠷᠳᠡᠮ ᠴᠢᠳᠠᠯ ᠶᠡᠭᠡ᠂ ᠢᠳᠡᠬᠡᠯ ᠲᠡᠬᠦᠰ ᠬᠦᠮᠦᠨ ᠢ ᠬᠠᠭᠠᠨ ᠤ ᠲᠡᠷᠬᠡᠳᠡ ᠬᠡᠰᠢᠭᠳᠡᠨ ᠪᠤᠯᠭᠠᠵᠤ ᠪᠠᠶᠢᠭᠰᠠᠨ ᠨᠢ᠂ ︽ᠨᠢᠬᠡ ᠲᠠᠯ᠎ᠠ ᠪᠠᠷ ᠬᠠᠮᠤᠭ ᠤᠨ ᠢᠳᠡᠬᠡᠯᠳᠠᠢ ᠬᠦᠮᠦᠨ ᠢ ᠪᠡᠶ᠎ᠡ ᠬᠠᠮᠠᠭᠠᠯᠠᠭᠴᠢ ᠪᠠᠷ ᠠᠪᠬᠤ ᠠᠴᠠ ᠭᠠᠳᠠᠨ᠎ᠠ᠂ ᠨᠦᠬᠦᠬᠡ ᠲᠠᠯ᠎ᠠ ᠪᠠᠷ ᠬᠠᠭᠠᠨ ᠲᠦᠷᠦ ᠠᠴᠠ ᠤᠷᠪᠠᠨ ᠲᠡᠷᠰᠯᠡᠬᠦ ᠪᠤᠶᠤ ᠶᠠᠮᠠᠷ ᠨᠢᠬᠡᠨ ᠠᠰᠠᠭᠤᠳᠠᠯ ᠭᠠᠷᠪᠠᠯ ᠂ ᠦᠷ᠎ᠡ ᠬᠡᠤᠬᠡᠳ ᠪᠤᠶᠤ ᠲᠡᠬᠦᠦ ᠨᠠᠷ ᠢᠳᠡᠬᠡᠯᠳᠤ ᠨᠦᠬᠦᠳ ᠨᠢ᠂ ᠬᠠᠭᠠᠨ ᠤ ᠲᠡᠷᠬᠡᠳᠡ ᠪᠠᠷᠢᠴᠠᠭᠠᠨ ᠳᠤ ᠪᠠᠶᠢᠨ᠎ᠠ ᠬᠡᠰᠡᠨ ᠤᠳᠬ᠎ᠠ ᠪᠦᠬᠦᠢ ᠤᠶᠢᠯᠭᠠᠯᠳᠠ ᠶᠤᠮ᠃︾ ︵ᠰᠤᠳᠨᠠᠮ ᠤᠨ ᠴᠤᠯᠮᠤᠨ ᠳ᠋ᠤᠺᠲ᠋ᠤᠷ᠂ ᠰᠤᠳᠤᠯᠤᠭᠠᠴᠢ︶        ᠬᠡᠰᠢᠭᠳᠡᠨ ᠴᠡᠷᠢᠭ ᠢ ᠰᠤᠩᠭᠤᠬᠤ ᠳᠤ ᠮᠠᠰᠢ ᠴᠢᠩᠭ᠎ᠠ ᠲᠦᠷᠢᠮ ᠲᠠᠢ ᠪᠠᠶᠢᠵᠤ᠂ ᠲᠦᠮᠡᠳᠤ᠂ ᠮᠢᠩᠭᠠᠳᠤ᠂ ᠵᠠᠭᠤᠳᠤ᠂ ᠠᠷᠪᠠᠳᠤ ᠶᠢᠨ ᠨᠤᠶᠠᠳ ᠪᠠ ᠴᠢᠯᠦᠬᠡᠳᠤ ᠬᠦᠮᠦᠨ ᠤ ᠬᠡᠤᠬᠡᠳ ᠲᠡᠬᠦᠦ ᠨᠠᠷ ᠠᠴᠠ ᠪᠡᠶ᠎ᠡ ᠰᠠᠶᠢᠳᠤ᠂ ᠤᠬᠠᠭᠠᠨ ᠰᠠᠶᠢᠳᠤ ᠶᠢ ᠰᠤᠩᠭᠤᠨ ᠠᠪᠳᠠᠭ ᠪᠠᠶᠢᠯ᠎ᠠ᠃ ᠬᠡᠰᠢᠭᠳᠡᠨ ᠴᠡᠷᠢᠭ ᠢ ᠲᠦᠷᠪᠡᠨ ᠡᠬᠡᠯᠵᠢ ᠬᠤᠪᠢᠶᠠᠨ ᠭᠤᠷᠪᠠᠨ ᠡᠳᠤᠷ ᠲᠤ ᠨᠢᠬᠡ ᠤᠳᠠᠭ᠎ᠠ ᠰᠤᠯᠢᠵᠤ᠂ ᠡᠬᠡᠯᠵᠢᠯᠡᠵᠤ ᠵᠢᠰᠢᠶᠠᠯᠠᠳᠠᠭ ᠲᠤᠯᠠ ᠪᠠᠰᠠ ︽ᠲᠦᠷᠪᠡᠨ ᠬᠡᠰᠢᠭᠳᠡᠨ︾ ᠬᠡᠳᠡᠭ ᠃ ᠡᠬᠦᠨ ᠢ ᠴᠢᠩᠬᠢᠰ ᠬᠠᠭᠠᠨ ᠤ ᠲᠦᠷᠪᠡᠨ ᠬᠦᠯᠦᠭ ᠪᠤᠭᠤᠷᠴᠤ᠂ ᠮᠤᠬᠤᠯᠠᠢ᠂ ᠪᠤᠷᠤᠬᠤᠯ᠂ ᠴᠢᠯᠠᠭᠤᠨ ᠢᠶᠠᠷ ᠨᠤᠶᠠᠯᠠᠭᠤᠯᠵᠤ᠂ ᠦᠶ᠎ᠡ ᠤᠯᠠᠷᠢᠨ ᠵᠠᠯᠭᠠᠮᠵᠢᠯᠠᠭᠤᠯᠵᠤ ᠪᠠᠶᠢᠳᠠᠭ᠃ ᠪᠤᠷᠤᠬᠤᠯ ᠨᠠᠰᠤ ᠪᠠᠷᠠᠭᠰᠠᠨ ᠤ ᠲᠠᠷᠠᠭ᠎ᠠ᠂ ᠵᠠᠯᠭᠠᠮᠵᠢᠯᠠᠬᠤ ᠦᠷ᠎ᠡ ᠬᠡᠤᠬᠡᠳ ᠦᠬᠡᠢ ᠲᠤᠯᠠ ᠴᠢᠩᠬᠢᠰ ᠬᠠᠭᠠᠨ ᠦᠪᠡᠷ ᠢᠶᠠᠨ ᠬᠡᠰᠢᠭᠳᠡᠨ ᠤ ᠨᠤᠶᠠᠨ ᠪᠤᠯᠤᠭᠰᠠᠨ ᠪᠠ ᠰᠡᠬᠦᠯᠴᠢ ᠶᠢᠨ ᠬᠡᠳᠤᠨ ᠦᠶ᠎ᠡ ᠶᠢᠨ ᠬᠠᠭᠠᠳ ᠬᠤᠪᠢᠯᠠᠢ᠂ ᠠᠶᠤᠤᠷᠪᠠᠳᠠᠷᠠᠪᠳᠠ᠂ ᠰᠢᠳᠢᠪᠠᠯᠠ ᠵᠡᠷᠬᠡ ᠬᠠᠭᠠᠳ ᠴᠦ ᠦᠪᠡᠷ ᠢᠶᠠᠨ ᠬᠡᠰᠢᠭᠳᠡᠨ ᠴᠡᠷᠢᠭ ᠢᠶᠠᠨ ᠨᠤᠶᠠᠯᠠᠨ ᠤᠳᠤᠷᠢᠳᠴᠤ ᠪᠠᠶᠢᠵᠠᠢ᠃ ᠢᠩᠬᠢᠬᠡᠳ ᠶᠡᠭᠡ ᠬᠠᠭᠠᠨ ᠦᠪᠡᠷ ᠢᠶᠠᠨ ᠬᠡᠰᠢᠭᠳᠡᠨ ᠴᠡᠷᠢᠭ ᠢᠶᠠᠨ ᠨᠤᠶᠠᠯᠠᠬᠤ ᠨᠢ ᠤᠯᠠᠮᠵᠢᠯᠠᠯ ᠪᠤᠯᠤᠭᠰᠠᠨ ᠶᠤᠮ᠃        ︽ᠶᠤᠸᠠᠨ ᠤᠯᠤᠰ ᠤᠨ ᠲᠡᠤᠬᠡ︾ ᠶᠢᠨ ᠠᠷᠪᠠ ᠶᠢᠰᠦᠳᠦᠬᠡᠷ ᠪᠤᠳᠢ ︽ᠴᠡᠷᠢᠭ ᠤᠨ ᠤᠶᠢᠯᠠᠯᠭ᠎ᠠ ᠬᠤᠶᠠᠷ᠂ ᠬᠡᠰᠢᠭ ᠵᠢᠰᠢᠶ᠎ᠡ︾ ᠬᠡᠮᠡᠬᠦ ᠪᠦᠯᠦᠭ ᠲᠤ ᠬᠡᠰᠢᠭᠳᠡᠨ ᠴᠡᠷᠢᠭ ᠤᠨ ᠵᠡᠷᠬᠡ ᠲᠤᠰᠢᠶᠠᠯ᠂ ᠡᠬᠦᠷᠬᠡ ᠬᠠᠷᠢᠭᠤᠴᠠᠯᠭ᠎ᠠ ᠶᠢ ᠬᠡᠳᠤᠨ ᠠᠷᠪᠠᠨ ᠲᠦᠷᠦᠯ ᠳᠤ ᠬᠤᠪᠢᠶᠠᠨ ᠮᠠᠰᠢ ᠨᠠᠷᠢᠨ ᠲᠡᠮᠳᠡᠭᠯᠡᠵᠠᠢ᠃        1206 ᠤᠨ ᠳᠤ᠂ ᠴᠢᠩᠬᠢᠰ ᠬᠠᠭᠠᠨ ᠶᠡᠭᠡ ᠮᠤᠩᠭᠤᠯ ᠬᠠᠭᠠᠨᠳᠤ ᠤᠯᠤᠰ ᠢᠶᠠᠨ ᠪᠠᠶᠢᠭᠤᠯᠬᠤ ᠳᠤ᠂ ᠬᠡᠰᠢᠭᠳᠡᠨ ᠴᠡᠷᠢᠭ ᠢᠶᠠᠨ ᠤᠯᠠᠰᠢᠷᠠᠭᠤᠯᠤᠨ᠂ ᠲᠦᠮᠡᠨ ᠬᠦᠮᠦᠨ ᠢᠶᠠᠷ ᠪᠦᠷᠢᠯᠳᠦᠭᠰᠡᠨ ᠪᠠᠶᠢᠩᠭᠤ ᠶᠢᠨ ᠵᠡᠪᠰᠡᠭᠳᠤ ᠬᠦᠴᠦᠨ ᠪᠤᠯᠭᠠᠪᠠ᠃ ᠡᠩ ᠤᠨ ᠦᠶ᠎ᠡ ᠳᠤ ᠶᠡᠭᠡ ᠬᠠᠭᠠᠨ ᠪᠠ ᠶᠡᠭᠡ ᠬᠠᠭᠠᠨ ᠤ ᠠᠯᠳᠠᠨ ᠤᠷᠳᠤ ᠶᠢ ᠬᠠᠮᠠᠭᠠᠯᠠᠵᠤ᠂ ᠲᠠᠶᠢᠨ ᠤ ᠦᠶ᠎ᠡ ᠳᠤ ᠶᠡᠭᠡ ᠬᠠᠭᠠᠨ ᠤ ᠦᠪᠡᠷ ᠢᠶᠠᠨ ᠤᠳᠤᠷᠢᠳᠤᠭᠰᠠᠨ ᠭᠠᠪᠰᠢᠭᠠᠢ ᠴᠡᠷᠢᠭ ᠪᠤᠯᠵᠤ᠂ ᠶᠡᠭᠡ ᠬᠠᠭᠠᠨ ᠢ ᠬᠠᠮᠠᠭᠠᠯᠠᠨ ᠡᠴᠤᠰ ᠲᠤᠨᠢ ᠲᠤᠯᠳᠠᠯ᠎ᠠ ᠪᠠᠶᠢᠯᠳᠤᠳᠠᠭ᠃ ᠬᠡᠰᠢᠭᠳᠡᠨ ᠴᠡᠷᠢᠭ ᠪᠤᠯ ᠮᠤᠩᠭᠤᠯ ᠬᠠᠭᠠᠨᠳᠤ ᠤᠯᠤᠰ ᠤᠨ ᠬᠠᠮᠤᠭ ᠤᠨ ᠰᠢᠯᠢᠳᠡᠭ ᠴᠡᠷᠢᠭ᠂ ᠶᠡᠭᠡ ᠭᠤᠤᠯ ᠴᠡᠷᠢᠭ ᠬᠡᠵᠤ ᠠᠯᠳᠠᠷᠰᠢᠭᠰᠠᠨ ᠶᠤᠮ᠃        ᠴᠢᠩᠬᠢᠰ ᠬᠠᠭᠠᠨ ᠦᠪᠡᠷ ᠤᠨ ᠬᠡᠰᠢᠭᠳᠡᠨ ᠴᠡᠷᠢᠭ ᠲᠡᠭᠡᠨ ᠲᠤᠩ ᠦᠨᠳᠤᠷ ᠪᠠᠶᠢᠷᠢ ᠰᠠᠭᠤᠷᠢ ᠤᠯᠭᠤᠵᠤ᠄ ︽ᠭᠠᠳᠠᠨᠠᠬᠢ ᠮᠢᠩᠭᠠᠨ ᠤ ᠨᠤᠶᠠᠨ ᠠᠴᠠ ᠮᠢᠨᠤ ᠵᠢᠵᠢᠬᠦᠷ ᠬᠡᠰᠢᠭᠳᠡᠨ ᠡᠷᠬᠢᠮ ᠪᠤᠯᠠᠢ᠃ ᠭᠠᠳᠠᠨᠠᠬᠢ ᠵᠠᠭᠤᠳᠤ ᠶᠢᠨ᠂ ᠠᠷᠪᠠᠳᠤ ᠶᠢᠨ ᠨᠤᠶᠠᠨ ᠠᠴᠠ ᠵᠢᠵᠢᠬᠦᠷ ᠬᠦᠳᠦᠴᠢ ᠬᠡᠰᠢᠭᠳᠡᠨ ᠡᠷᠬᠢᠮ ᠪᠤᠯᠠᠢ ᠁︾᠂ ︽95 ᠮᠢᠩᠭᠠᠳ ᠠᠴᠠ ᠦᠮᠴᠢ ᠪᠤᠯᠭᠠᠵᠤ ᠢᠯᠭᠠᠵᠤ ᠦᠭᠬᠦᠭᠰᠡᠨ ᠲᠦᠮᠡᠨ ᠬᠡᠰᠢᠭᠳᠡᠨ ᠢ ᠮᠢᠨᠤ ᠬᠤᠶᠢᠨ᠎ᠠ᠂ ᠮᠢᠨᠤ ᠰᠠᠭᠤᠷᠢᠨ ᠳᠤ ᠰᠠᠭᠤᠬᠤ ᠬᠦᠪᠡᠬᠦᠳ ᠪᠠᠷ᠂ ᠤᠷᠤᠭ ᠤᠨ ᠤᠷᠤᠭ ᠲᠤ ᠬᠦᠷᠳᠡᠯ᠎ᠡ ᠮᠢᠨᠤ ᠬᠡᠷᠢᠶᠡᠰ ᠪᠤᠯᠭᠠᠨ ᠲᠤᠷᠠᠰᠴᠤ ᠁ ᠰᠠᠶᠢᠳᠤᠷ ᠠᠰᠠᠷᠠᠭᠳᠤᠨ᠃ ᠡᠨᠡ ᠲᠦᠮᠡᠨ ᠬᠡᠰᠢᠭᠳᠡᠨ ᠢ ᠮᠢᠨᠢ᠂ ᠡᠷᠬᠢᠮ ᠲᠡᠭᠡᠳᠤ ᠦᠯᠵᠡᠢ ᠬᠤᠳᠤᠭ ᠤᠷᠤᠰᠢᠭᠤᠯᠤᠭᠴᠢ ᠪᠠᠷ ᠦᠵᠡᠵᠤ ᠶᠠᠪᠤᠭᠳᠤᠨ︾ ᠬᠡᠵᠤ ᠵᠠᠷᠯᠢᠭ ᠪᠤᠯᠤᠭᠰᠠᠨ ᠪᠠᠶᠢᠳᠠᠭ᠃        ︽ᠨᠢᠭᠤᠴᠠ ᠲᠤᠪᠴᠢᠶᠠᠨ︾ ᠤ 230 ᠳ᠋ᠤᠭᠠᠷ ᠵᠦᠢᠯ ᠳᠤ᠂ ᠴᠢᠩᠬᠢᠰ ᠬᠠᠭᠠᠨ ᠨᠡᠩ ᠴᠦ ᠪᠠᠶᠠᠷᠯᠠᠵᠤ ᠲᠠᠯᠠᠷᠬᠠᠭᠰᠠᠨ ᠰᠡᠳᠬᠢᠯᠬᠡ ᠪᠠᠷ᠂ ᠢᠳᠡᠬᠡᠯ ᠵᠢᠳᠬᠦᠯ ᠡᠷᠬᠦᠭᠰᠡᠨ ︽ᠬᠡᠰᠢᠭᠳᠡᠨ︾ ᠢᠶᠠᠨ ᠮᠠᠭᠳᠠᠵᠤ ᠰᠢᠯᠦᠭᠯᠡᠭᠰᠡᠨ ᠪᠢᠯᠡ᠄        ︽ᠡᠬᠦᠯᠡ ᠲᠠᠢ ᠰᠦᠨᠢ \ ᠡᠷᠦᠬᠡ ᠬᠡᠷ ᠢ ᠮᠢᠨᠢ ᠡᠷᠬᠢᠨ ᠮᠠᠨᠠᠵᠤ ᠡᠩᠬᠡ ᠠᠮᠤᠭᠤᠯᠠᠩ ᠤᠨᠳᠠᠭᠤᠯᠵᠤ \ ᠡᠨᠡ ᠰᠠᠭᠤᠷᠢᠨ ᠳᠤ ᠬᠦᠷᠬᠡᠭᠰᠡᠨ ᠡᠷᠳᠡᠨ ᠤ ᠬᠡᠪᠳᠡᠬᠦᠯ ᠮᠢᠨᠤ᠂        ᠤᠳᠤ ᠲᠠᠢ ᠰᠦᠨᠢ \ ᠤᠷᠳᠤ ᠬᠡᠷ ᠢ ᠮᠢᠨᠢ ᠤᠷᠴᠢᠨ ᠮᠠᠨᠠᠵᠤ ᠤᠷᠤᠨ ᠲᠤᠳᠤᠷ᠎ᠠ ᠦᠯᠦ ᠰᠤᠴᠢᠭᠠᠵᠤ \ ᠦᠨᠳᠤᠷ ᠰᠠᠭᠤᠷᠢᠨ ᠳᠤ ᠬᠦᠷᠬᠡᠭᠰᠡᠨ \ ᠦᠯᠵᠠᠶᠢᠳᠤ ᠬᠡᠪᠳᠡᠬᠦᠯ ᠮᠢᠨᠤ᠂        ᠢᠰᠬᠢᠷᠦᠨ ᠬᠠᠤᠬᠢᠬᠤ ᠰᠢᠭᠤᠷᠭᠠᠨ ᠳᠤ \ ᠴᠡᠴᠡᠷᠡᠨ ᠲᠠᠭᠵᠢᠬᠤ ᠬᠦᠢᠳᠠᠨ ᠳᠤ \ ᠴᠢᠳᠬᠤᠯᠠᠨ ᠤᠷᠤᠬᠤ ᠪᠤᠷᠤᠭᠠᠨ ᠳᠤ \ ᠦᠳᠡᠮᠡᠯ ᠬᠠᠨ᠎ᠠ ᠲᠠᠢ ᠬᠡᠷ ᠢ ᠮᠢᠨᠢ        ᠤᠨᠳᠠᠯ ᠦᠭᠡᠢ ᠪᠠᠷ ᠮᠠᠨᠠᠵᠤ \ ᠵᠢᠷᠦᠬᠡ ᠰᠡᠳᠬᠢᠯ ᠢ ᠠᠮᠤᠷᠠᠭᠤᠯᠵᠤ \ ᠵᠢᠷᠭᠠᠯᠠᠩ ᠰᠠᠭᠤᠷᠢᠨ ᠳᠤ ᠬᠦᠷᠬᠡᠭᠰᠡᠨ \ ᠴᠢᠩ ᠰᠡᠳᠬᠢᠯᠳᠡᠨ ᠬᠡᠪᠳᠡᠬᠦᠯ ᠮᠢᠨᠤ᠂        ᠢᠪᠢᠯᠦᠨ ᠪᠦᠬᠦᠢ ᠲᠠᠶᠢᠰᠤᠨ ᠤ ᠲᠤᠮᠳᠠ \ ᠢᠷᠬᠢ ᠲᠠᠢ ᠬᠡᠷ ᠤᠨ ᠮᠢᠨᠢ ᠤᠷᠴᠢᠮ \ ᠨᠢᠳᠤ ᠴᠠᠪᠴᠢᠯ ᠦᠭᠡᠢ ᠨᠠᠮᠠᠢᠢ ᠬᠠᠮᠠᠭᠠᠯᠠᠭᠰᠠᠨ \ ᠨᠡᠶᠢᠳᠠᠪᠤᠷᠢᠳᠤ ᠬᠡᠪᠳᠡᠬᠦᠯ ᠮᠢᠨᠤ        ᠬᠤᠰᠤ ᠮᠤᠳᠤᠨ ᠤᠢ \ ᠬᠤᠷᠦ᠋ᠢᠯᠵᠠᠬᠤᠢ ᠳᠤᠷ \ ᠬᠤᠷᠤᠮᠬᠠᠨ ᠵᠠᠭᠤᠷ᠎ᠠ ᠵᠢᠭᠰᠠᠭᠠᠯᠴᠠᠳᠠᠭ \ ᠦᠯᠵᠡᠢ ᠬᠡᠶᠢᠮᠤᠷᠢᠳᠤ ᠬᠡᠪᠳᠡᠬᠦᠯ ᠮᠢᠨᠤ᠃︾        ᠦᠬᠡᠳᠠᠢ ᠬᠠᠭᠠᠨ ᠰᠠᠭᠤᠷᠢᠨ ᠳᠤ ᠰᠠᠭᠤᠮᠠᠭᠴᠠ᠂ ᠠᠬ᠎ᠠ ᠲᠡᠬᠦᠦ ᠨᠠᠷ ᠨᠢ ᠴᠢᠩᠬᠢᠰ ᠬᠠᠭᠠᠨ ᠤ ᠠᠯᠳᠠᠨ ᠠᠮᠢ ᠶᠢ ᠬᠠᠮᠠᠭᠠᠯᠠᠵᠤ ᠪᠠᠶᠢᠭᠰᠠᠨ ᠲᠦᠮᠡᠨ ᠬᠡᠰᠢᠭᠳᠡᠨ ᠢ ᠲᠡᠬᠦᠨ ᠳᠤ ᠲᠤᠰᠢᠶᠠᠨ ᠦᠭᠴᠠᠢ᠃        ᠬᠤᠪᠢᠯᠠᠢ ᠬᠠᠭᠠᠨ ᠤ ᠦᠶ᠎ᠡ ᠳᠤ᠂ ᠬᠡᠰᠢᠭᠳᠡᠨ ᠴᠡᠷᠢᠭ ᠢ ᠲᠦᠮᠡ ᠬᠤᠶᠠᠷ ᠮᠢᠩᠭ᠎ᠠ ᠠᠴᠠ ᠲᠦᠮᠡ ᠲᠠᠪᠤᠨ ᠮᠢᠩᠭ᠎ᠠ ᠬᠦᠷᠳᠡᠯ᠎ᠡ ᠦᠷᠬᠡᠳᠬᠡᠵᠤ᠂ ᠲᠦᠷᠦ ᠬᠦᠷᠦᠨ ᠤ ᠴᠡᠷᠢᠭ ᠤᠨ ᠶᠠᠪᠤᠳᠠᠯ ᠤᠨ ᠬᠠᠮᠢᠶᠠᠷᠤᠯᠳᠠ ᠳᠤ ᠰᠢᠭᠤᠳ ᠤᠷᠤᠯᠴᠠᠭᠤᠯᠳᠠᠭ ᠪᠠᠶᠢᠪᠠ᠃ ᠲᠡᠳᠡ ᠨᠡᠷ ᠤᠯᠤᠰ ᠬᠦᠷᠦᠨ ᠤ ᠴᠡᠷᠢᠭ ᠵᠠᠰᠠᠭ ᠤᠨ ᠨᠤᠶᠠᠳ ᠤᠨ ᠭᠤᠤᠯ ᠢᠷᠡᠯᠳᠠ ᠪᠤᠯᠵᠤ᠂ ᠨᠤᠶᠠᠳ ᠨᠢ ᠬᠡᠰᠢᠭᠳᠡᠨ ᠠᠴᠠ ᠭᠠᠷᠤᠯᠳᠠᠢ ᠪᠠᠶᠢᠪᠠᠯ ᠲᠦᠢᠯ ᠤᠨ ᠡᠷᠬᠢᠮ ᠬᠦᠨᠳᠤᠳᠠᠢ ᠳᠤ ᠲᠤᠭᠠᠴᠠᠭᠳᠠᠳᠠᠭ᠃        ᠤᠨ ᠲᠤᠭᠠᠯᠠᠯ ᠤᠨ 1368 ᠤᠨ ᠤ ᠵᠤᠨ᠂ ᠰᠢᠨ᠎ᠡ ᠪᠠᠷ ᠮᠠᠨᠳᠤᠭᠰᠠᠨ ᠮᠢᠩ ᠤᠯᠤᠰ ᠴᠡᠷᠢᠭ ᠲᠠᠶᠢᠴᠢᠯᠠᠨ ᠤᠮᠠᠷᠠᠰᠢ ᠪᠠᠶᠢᠯᠳᠤᠭᠰᠠᠨ ᠳᠤ᠂ ᠶᠤᠸᠠᠨ ᠤᠯᠤᠰ ᠤᠨ ᠴᠡᠷᠢᠭ ᠲᠡᠶᠢᠯᠦᠭᠳᠡᠨ ᠤᠬᠤᠷᠢᠵᠤ᠂ ᠮᠢᠩ ᠤᠯᠤᠰ ᠤᠨ ᠴᠡᠷᠢᠭ ᠲᠠᠶᠢᠳᠤ ᠬᠤᠳᠠᠨ ᠳᠤ ᠰᠢᠬᠠᠵᠤ ᠤᠶᠢᠷᠠᠳᠤᠪᠠ᠃        ᠶᠤᠸᠠᠨ ᠤᠯᠤᠰ ᠤᠨ 15 ᠳ᠋ᠤᠭᠠᠷ ᠦᠶ᠎ᠡ ᠶᠢᠨ ᠬᠠᠭᠠᠨ ᠲᠤᠭᠤᠨᠲᠡᠮᠤᠷ ᠬᠠᠳᠤᠨ ᠲᠠᠳᠠᠪᠤᠷᠢ᠂ ᠲᠠᠶᠢᠽᠢ ᠲᠡᠷᠢᠬᠦᠳᠡᠨ ᠢ ᠴᠢᠩ ᠨᠢᠩ ᠳ᠋ᠢᠶᠠᠨ ︵清宁殿︶ ᠤᠷᠳᠤ ᠳᠤ ᠴᠤᠭᠯᠠᠭᠤᠯᠵᠤ᠂ ᠮᠢᠩ ᠤᠨ ᠴᠡᠷᠢᠭ ᠠᠴᠠ ᠵᠠᠶᠢᠯᠠᠵᠤ ᠬᠤᠶᠢᠰᠢ ᠪᠠᠨ ᠪᠤᠴᠠᠬᠤ ᠲᠤᠬᠠᠢ ᠵᠦᠪᠯᠡᠪᠡ᠃        ᠶᠡᠭᠡ ᠰᠠᠶᠢᠳ ᠨᠠᠷ ᠵᠦᠪᠰᠢᠶᠡᠷᠡᠬᠦ ᠦᠭᠡᠢ ᠪᠠᠶᠢᠪᠠ᠃ ᠪᠠᠶᠠᠨᠪᠤᠬ᠎ᠠ ᠤᠬᠢᠯᠠᠨ ᠮᠡᠳᠡᠬᠦᠯᠦᠭᠰᠡᠨ ᠠᠨᠤ᠄ ︽ᠲᠡᠯᠡᠬᠡᠢ ᠳ᠋ᠠᠬᠢᠨ ᠪᠤᠯᠪᠠᠰᠤ ᠬᠤᠪᠢᠯᠠᠢ ᠬᠠᠭᠠᠨ ᠤ ᠲᠡᠯᠡᠬᠡᠢ ᠳ᠋ᠠᠬᠢᠨ ᠪᠤᠯᠠᠢ᠂ ᠬᠠᠭᠠᠨ ᠲᠠ ᠦᠬᠦᠨ ᠰᠠᠬᠢᠪᠠᠰᠤ ᠵᠤᠬᠢᠮᠤᠢ ᠂ ᠬᠡᠷᠬᠢᠨ ᠬᠠᠶᠠᠭᠠᠳ ᠶᠠᠪᠤᠵᠤ ᠪᠤᠯᠤᠮᠤᠢ︖ ᠲᠦᠰᠢᠮᠡᠳ ᠪᠢᠳᠠ ᠴᠡᠷᠢᠭ ᠠᠷᠠᠳ ᠪᠠ ᠬᠡᠰᠢᠭᠳᠡᠨᠴᠤᠳ ᠢ ᠲᠠᠭᠠᠭᠤᠯᠤᠨ ᠬᠤᠳᠠ ᠠᠴᠠ ᠭᠠᠷᠴᠤ ᠪᠠᠶᠢᠯᠳᠤᠰᠤᠭᠠᠢ᠂ ᠬᠠᠭᠠᠨ ᠲᠠ ᠬᠤᠳᠠ ᠪᠠᠨ ᠪᠠᠬᠢᠯᠡᠨ ᠰᠠᠬᠢᠮᠤ︾ ᠬᠡᠰᠡᠨ ᠪᠠᠶᠢᠳᠠᠭ᠃        ᠲᠤᠭᠤᠨᠳᠡᠮᠤᠷ ᠬᠠᠭᠠᠨ ᠦᠯᠤ ᠲᠠᠭᠠᠰᠢᠶᠠᠵᠤ᠂ ᠲᠤᠰ ᠡᠳᠤᠷ ᠤᠨ ᠬᠢᠨᠢ ᠰᠦᠨᠢ ᠲᠦᠯᠢ ᠪᠠᠷ᠂ ᠵᠢᠶᠠᠨ ᠳ᠋ᠧ ᠮᠧᠨ ︵健德门︶ ᠬᠠᠭᠠᠯᠭ᠎ᠠ ᠪᠠᠷ ᠭᠠᠷᠴᠤ᠂ ᠬᠡᠰᠢᠭᠳᠡᠨ ᠴᠡᠷᠢᠭ ᠢᠶᠠᠷ ᠢᠶᠠᠨ ᠬᠠᠮᠠᠭᠠᠯᠠᠭᠤᠯᠤᠨ᠂ ᠤᠮᠠᠷᠠᠰᠢ ᠱᠠᠩᠳᠤ ᠨᠡᠶᠢᠰᠡᠯᠡᠯ ᠤᠷᠤᠭᠤ ᠪᠠᠨ ᠲᠤᠪᠳᠤᠯᠭᠠᠵᠤ᠂ ᠵᠦᠩᠶᠤᠸᠠᠨ ᠤᠷᠤᠨ ᠳᠠᠬᠢ ᠨᠤᠶᠠᠷᠬᠠᠯ ᠢᠶᠠᠨ ᠡᠴᠤᠰᠯᠡᠬᠦᠯᠵᠠᠢ᠃ ᠡᠬᠦᠨ ᠠᠴᠠ ᠬᠤᠶᠢᠰᠢ ᠲᠤᠮᠳᠠᠳᠤ ᠤᠯᠤᠰ ᠤᠨ ᠲᠡᠤᠬᠡ᠂ ᠮᠢᠩ ᠤᠯᠤᠰ ᠪᠠ ᠤᠮᠠᠷᠠᠳᠤ ᠶᠤᠸᠠᠨ ᠤᠯᠤᠰ ᠡᠰᠡᠷᠬᠦᠯᠡᠨ ᠲᠤᠯᠤᠯᠴᠠᠭᠰᠠᠨ ᠴᠠᠭ ᠦᠶ᠎ᠡ ᠳᠤ ᠤᠷᠤᠭᠰᠠᠨ ᠶᠤᠮ᠃
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05002246号